ᠮᠠᠨ ᠤ ᠤᠯᠤᠰ ᠤᠨ ᠡᠷᠳᠡᠮᠲᠡᠳ ᠪᠢᠯᠢᠭᠲᠦ ᠳᠡᠯᠳᠡᠥ ᠶᠢᠨ ᠥᠮᠡᠨ ᠢ ᠵᠠᠰᠠᠬᠤ ᠡᠮ ᠤᠨ ᠵᠦᠢ ᠶᠢ ᠰᠤᠳᠤᠯᠤᠭᠠᠳ ᠰᠢᠨ᠎ᠡ ᠠᠬᠢᠴᠠ ᠲᠠᠢ ᠪᠣᠯᠪᠠ
ᠨᠡᠶᠢᠲᠡᠯᠡᠭᠰᠡᠨ ᠴᠠᠭ᠄
2020/11/10
       ᠨᠢᠭᠡ ᠵᠦᠢᠯ ᠤᠨ ᠤᠯᠠᠮᠵᠢᠯᠠᠯᠲᠤ ᠬᠢᠲᠠᠳ ᠡᠮ ᠪᠣᠯᠤᠭᠰᠠᠨ ᠤ ᠬᠤᠪᠢ ᠳᠤ᠂ ᠪᠢᠯᠢᠭᠲᠦ ᠳᠡᠯᠳᠡᠥ ᠶᠢᠨ ᠡᠮ ᠳᠤ ᠬᠡᠷᠡᠭᠯᠡᠬᠦ ᠴᠥᠭᠡᠨ ᠪᠤᠰᠤ ᠵᠢᠮ᠎ᠡ ᠶᠣᠰᠣ ᠶᠢ ᠪᠠᠰᠠ ᠰᠢᠨᠵᠢᠯᠡᠬᠦ ᠤᠬᠠᠭᠠᠨ ᠤ ᠰᠤᠳᠤᠯᠭᠠᠨ ᠢᠶᠠᠷ ᠳᠠᠮᠵᠢᠭᠤᠯᠤᠨ ᠲᠣᠳᠣᠷᠬᠠᠶᠢᠯᠠᠬᠤ ᠴᠢᠬᠤᠯᠠᠲᠠᠢ ᠶᠤᠮ᠃ ᠬᠡᠳᠦᠨ ᠰᠠᠷ᠎ᠠ ᠶᠢᠨ ᠡᠮᠦᠨ᠎ᠡ᠂ ᠳᠤᠮᠳᠠᠳᠤ ᠤᠯᠤᠰ ᠤᠨ ᠰᠢᠨᠵᠢᠯᠡᠬᠦ ᠤᠬᠠᠭᠠᠨ ᠤ ᠬᠦᠷᠢᠶᠡᠯᠡᠩ ᠤᠨ ᠾᠧᠪᠧᠢ ᠶᠢᠨ ᠪᠣᠳᠠᠰ ᠤᠨ ᠰᠢᠨᠵᠢᠯᠡᠬᠦ ᠤᠬᠠᠭᠠᠨ ᠤ ᠰᠤᠳᠤᠯᠭᠠᠨ ᠤ ᠬᠦᠷᠢᠶᠡᠯᠡᠩ ᠤᠨ ᠰᠤᠳᠤᠯᠤᠭᠴᠢ ᠬᠤᠸᠠᠩ ᠴᠢᠩ ᠢᠶᠠᠷ ᠮᠠᠩᠯᠠᠶᠢᠯᠠᠭᠤᠯᠣᠭᠰᠠᠨ ᠰᠡᠳᠦᠪ ᠤᠨ ᠳᠤᠭᠤᠶᠢᠯᠠᠩ ᠪᠢᠯᠢᠭᠲᠦ ᠳᠡᠯᠳᠡᠥ ᠶᠢᠨ ᠥᠮᠡᠨ ᠢ ᠵᠠᠰᠠᠬᠤ ᠡᠮ ᠤᠨ ᠵᠦᠶ ᠶᠢᠨ ᠰᠤᠳᠤᠯᠭᠠᠨ ᠤ ᠲᠠᠯ᠎ᠠ ᠪᠠᠷ ᠰᠢᠨ᠎ᠡ ᠠᠬᠢᠴᠠ ᠲᠠᠢ ᠪᠣᠯᠪᠠ᠂ ᠲᠠᠳᠠ ᠪᠢᠯᠢᠭᠲᠦ ᠳᠡᠯᠳᠡᠥ ᠶᠢᠨ ᠬᠦᠴᠢᠯ ᠨᠢ ᠤᠯᠠᠭᠠᠨ ᠬᠤᠭᠤᠯᠠᠢ ᠶᠢᠨ ᠬᠠᠶᠢᠷᠰᠤᠯᠢᠭ ᠥᠮᠡᠨ ᠤ ᠡᠰ ᠢ ᠦᠬᠦᠭᠦᠯᠬᠦ ᠪᠠ ᠵᠠᠯᠭᠢᠬᠤ ᠴᠢᠨᠠᠷᠲᠠᠶ ᠡᠰ ᠢ ᠦᠬᠦᠭᠦᠯᠬᠦ ᠶᠢ ᠦᠳᠦᠭᠡᠵᠦ ᠴᠢᠳᠠᠬᠤ ᠶᠢ ᠣᠯᠵᠤ ᠮᠡᠳᠡᠵᠡᠶ᠃ ᠪᠢᠯᠢᠭᠲᠦ ᠳᠡᠯᠳᠡᠥ ᠨᠢ ᠮᠠᠨ ᠤ ᠤᠯᠤᠰ ᠲᠤ ᠨᠢᠭᠡᠨᠲᠡ 2000 ᠭᠠᠷᠤᠶ ᠵᠢᠯ ᠤᠨ ᠡᠮ ᠤᠨ ᠲᠡᠤᠬᠡ ᠲᠠᠢ ᠪᠣᠯᠵᠠᠶ᠃ ᠡᠮ ᠳᠤ ᠬᠡᠷᠡᠭᠯᠡᠬᠦ ᠣᠯᠠᠨ ᠵᠦᠢᠯ ᠤᠨ ᠦᠨ᠎ᠡ ᠴᠡᠨ᠎ᠡ ᠲᠠᠢ᠂ ᠪᠢᠯᠢᠭᠲᠦ ᠳᠡᠯᠳᠡᠥ ᠶᠢᠨ ᠬᠦᠴᠢᠯ ᠪᠣᠯ ᠪᠢᠯᠢᠭᠲᠦ ᠳᠡᠯᠳᠡᠥ ᠶᠢᠨ ᠳᠣᠲᠣᠷᠠᠬᠢ ᠬᠠᠪᠤᠳᠠᠷ ᠢ ᠡᠰᠡᠷᠭᠦᠴᠡᠬᠦ᠂ ᠡᠰ ᠤᠨ ᠦᠷᠡᠵᠢᠯᠲᠡ ᠶᠢ ᠬᠤᠷᠢᠭᠯᠠᠬᠤ ᠵᠡᠷᠭᠡ ᠦᠢᠯᠡᠳᠦᠯ ᠲᠠᠢ ᠴᠢᠬᠤᠯᠠ ᠡᠮ ᠤᠨ ᠵᠦᠶ ᠶᠢᠨ ᠪᠦᠷᠢᠯᠳᠦᠬᠦᠨ ᠮᠥᠨ᠃ ᠭᠡᠪᠡᠴᠦ ᠲᠡᠭᠦᠨ ᠤ ᠦᠢᠯᠡᠳᠦᠯ ᠤᠨ ᠲᠣᠭᠲᠠᠴᠠ ᠳᠤ ᠪᠠᠰᠠ ᠴᠥᠭᠡᠨ ᠪᠤᠰᠤ ᠦᠯᠦ ᠮᠡᠳᠡᠬᠦ ᠰᠢᠨᠵᠢᠯᠡᠬᠦ ᠤᠬᠠᠭᠠᠨ ᠤ ᠠᠰᠠᠭᠤᠳᠠᠯ ᠢ ᠬᠠᠶᠢᠨ ᠲᠣᠳᠣᠷᠬᠠᠶᠢᠯᠠᠬᠤ ᠴᠢᠬᠤᠯᠠᠲᠠᠶ ᠪᠠᠶᠢᠨ᠎ᠠ᠃       ᠬᠤᠸᠠᠩ ᠴᠢᠩ ᠢᠶᠠᠷ ᠮᠠᠩᠯᠠᠶᠢᠯᠠᠭᠤᠯᠣᠭᠰᠠᠨ ᠰᠡᠳᠦᠪ ᠤᠨ ᠳᠤᠭᠤᠶᠢᠯᠠᠩ ᠣᠯᠠᠨ ᠵᠢᠯ ᠤᠨ ᠲᠤᠷᠰᠢ ᠪᠢᠯᠢᠭᠲᠦ ᠳᠡᠯᠳᠡᠥ ᠶᠢᠨ ᠡᠭᠦᠯᠳᠡᠷ ᠢ ᠪᠤᠶᠢᠵᠢᠭᠤᠯᠬᠤ ᠵᠢᠴᠢ ᠴᠢᠳᠠᠮᠵᠢ ᠶᠢ ᠨᠡᠭᠡᠭᠡᠨ ᠬᠥᠭᠵᠢᠭᠦᠯᠬᠦ ᠰᠤᠳᠤᠯᠭᠠᠨ ᠥᠷᠨᠢᠭᠦᠯᠦᠭᠰᠡᠭᠡᠷ ᠢᠷᠡᠵᠡᠶ᠃ ᠪᠢᠯᠢᠭᠲᠦ ᠳᠡᠯᠳᠡᠥ ᠶᠢᠨ ᠬᠦᠴᠢᠯ ᠠᠳᠠᠯᠢ ᠪᠤᠰᠤ ᠦᠢᠯᠡᠳᠦᠯ ᠤᠨ ᠳᠠᠯ᠎ᠠ ᠪᠠᠷ ᠴᠠᠭ ᠪᠠ ᠠᠳᠠᠯᠢ ᠪᠤᠰᠤ ᠬᠡᠮᠵᠢᠶ᠎ᠡ ᠳᠡᠭᠡᠷ᠎ᠡ ᠪᠦᠷ ᠤᠯᠠᠭᠠᠨ ᠬᠤᠭᠤᠯᠠᠶ ᠶᠢᠨ ᠬᠠᠶᠢᠷᠰᠤᠯᠢᠭ ᠥᠮᠡᠨ ᠤ ᠡᠰ ᠤᠨ ᠠᠮᠢᠵᠢᠷᠠᠯ ᠤᠨ ᠬᠦᠴᠦᠨ ᠢ ᠮᠡᠳᠡᠭᠳᠡᠮ᠎ᠡ ᠪᠠᠭᠤᠷᠠᠭᠤᠯᠤᠨ᠎ᠠ᠃ ᠲᠡᠷᠡᠴᠢᠯᠡᠨ ᠦᠷ᠎ᠡ ᠳ᠋ᠦᠩ ᠨᠢ ᠡᠮ ᠤᠨ ᠬᠡᠮᠵᠢᠶᠡᠨ ᠤ ᠨᠡᠮᠡᠭᠳᠡᠬᠦ ᠶᠢ ᠳᠠᠭᠠᠯᠳᠤᠨ ᠨᠡᠮᠡᠭᠳᠡᠳᠡᠭ᠃ ᠪᠢᠯᠢᠭᠲᠦ ᠳᠡᠯᠳᠡᠥ ᠶᠢᠨ ᠬᠦᠴᠢᠯ ᠨᠢ ᠤᠯᠠᠭᠠᠨ ᠬᠤᠭᠤᠯᠠᠶ ᠶᠢᠨ ᠬᠠᠶᠢᠷᠰᠤᠯᠢᠭ ᠥᠮᠡᠨ ᠤ ᠡᠰ ᠢ ᠦᠬᠦᠭᠦᠯᠬᠦ ᠪᠠᠷ ᠪᠠᠷᠠᠬᠤ ᠦᠭᠡᠢ᠂ ᠪᠠᠰᠠ ᠡᠰ ᠢ ᠥᠳᠥᠭᠡᠨ ︽ᠥᠪᠡᠷ ᠤᠨ ᠪᠡᠶ᠎ᠡ ᠪᠠᠨ ᠵᠠᠯᠭᠢᠬᠤ︾ ᠳᠤ ᠬᠦᠷᠦᠭᠦᠯᠳᠡᠭ ᠭᠡᠵᠦ ᠲᠡᠳᠡ ᠰᠤᠳᠤᠯᠭᠠᠨ ᠢᠶᠠᠷ ᠣᠯᠵᠤ ᠮᠡᠲᠡᠪᠡ᠃       ︽ᠬᠡᠷᠪᠡ ᠮᠥᠬᠦᠯ ᠨᠢ ᠡᠰ ᠤᠨ ︿ᠪᠡᠶ᠎ᠡ ᠪᠠᠨ ᠬᠤᠣᠷᠯᠠᠭᠰᠠᠨ﹀ ᠶᠠᠪᠤᠳᠠᠯ ᠭᠡᠵᠦ ᠬᠡᠯᠡᠪᠡᠯ᠂ ᠥᠪᠡᠷ ᠢ ᠪᠠᠨ ᠵᠠᠯᠭᠢᠬᠤ ᠪᠣᠯ ᠳᠠᠷᠤᠢ ᠡᠰ ᠤᠨ ︿ᠦᠪᠡᠷ ᠢ ᠪᠠᠨ ᠢᠳᠡᠭᠰᠡᠨ﹀ ᠶᠠᠪᠤᠳᠠᠯ ᠪᠣᠯᠤᠨ᠎ᠠ᠂ ᠡᠨᠡ ᠪᠣᠯ ᠡᠰ ᠤᠨ ᠦᠪᠡᠷ ᠤᠨ ᠬᠤᠭ ᠨᠣᠪᠰᠢ ᠪᠠᠨ ᠠᠷᠢᠯᠭᠠᠨ᠂ ᠲᠣᠭᠲᠠᠭᠤᠨ ᠪᠠᠶᠢᠳᠠᠯ ᠤᠨ ᠲᠡᠩᠴᠡᠭᠦᠷᠢ ᠶᠢ ᠪᠠᠲᠤᠯᠠᠬᠤ ᠴᠢᠬᠤᠯᠠ ᠠᠮᠢ ᠨᠠᠰᠤᠨ ᠤ ᠶᠠᠪᠤᠴᠠ ᠪᠣᠯᠤᠨ᠎ᠠ᠃︾ ᠬᠤᠸᠠᠩ ᠴᠢᠩ ᠰᠤᠳᠤᠯᠤᠭᠴᠢ ᠬᠡᠯᠡᠬᠦ ᠳᠡᠭᠡᠨ᠂ ᠲᠡᠳᠡ ᠪᠢᠯᠢᠭᠲᠦ ᠳᠡᠯᠳᠡᠥ ᠶᠢᠨ ᠬᠦᠴᠢᠯ ᠨᠢ ᠥᠪᠡᠷ ᠢ ᠪᠠᠨ ᠵᠠᠯᠭᠢᠬᠤ ᠵᠢᠵᠢᠭ ᠴᠣᠭᠴᠠ ᠶᠢᠨ ᠡᠭᠦᠰᠦᠯᠲᠡ ᠶᠢ ᠠᠬᠢᠭᠤᠯᠬᠤ ᠶᠢᠨ ᠬᠠᠮᠲᠤ ᠦᠪᠡᠷ ᠢ ᠪᠠᠨ ᠵᠠᠯᠭᠢᠬᠤ ᠢᠰᠬᠡᠭᠦᠷ ᠪᠡᠶ᠎ᠡ ᠯᠦᠭᠡ ᠶᠢᠨ ᠠᠭᠤᠰᠤᠯᠴᠠᠯ ᠢ ᠲᠠᠰᠤᠯᠵᠤ᠂ ᠡᠭᠦᠨ ᠠᠴᠠ ᠥᠪᠡᠷ ᠤᠨ ᠵᠠᠯᠭᠢᠬᠤ ᠴᠢᠨᠠᠷᠲᠠᠶ ᠡᠰ ᠢ ᠦᠬᠦᠭᠦᠯᠳᠡᠭ ᠭᠡᠲᠡᠭ ᠢ ᠪᠠᠶᠢᠴᠠᠭᠠᠨ ᠰᠢᠯᠭᠠᠵᠤ ᠮᠡᠳᠡᠭᠰᠡᠨ ᠭᠡᠯ᠎ᠡ᠃       ᠲᠡᠳᠡᠨ ᠤ ᠡᠨᠡᠬᠦ ᠰᠤᠳᠤᠯᠭᠠᠨ ᠨᠢ ᠪᠢᠯᠢᠭᠲᠦ ᠳᠡᠯᠳᠡᠥ ᠶᠢᠨ ᠬᠦᠴᠢᠯ ᠤᠨ ᠬᠠᠪᠤᠳᠠᠷ ᠢ ᠡᠰᠡᠷᠭᠦᠴᠡᠬᠦ ᠡᠮ ᠪᠣᠯᠤᠭᠰᠠᠨ ᠤ ᠬᠤᠪᠢ ᠳᠤ ᠤᠯᠠᠭᠠᠨ ᠬᠤᠭᠤᠯᠠᠶ ᠶᠢᠨ ᠬᠠᠶᠢᠷᠰᠤᠯᠢᠭ ᠥᠮᠡᠨ ᠳᠤ ᠬᠡᠷᠡᠭᠯᠡᠬᠦ ᠵᠠᠰᠠᠯᠲᠠ ᠳᠤ ᠣᠨᠣᠯ ᠤᠨ ᠦᠨᠳᠦᠰᠦᠯᠡᠯ ᠬᠠᠩᠭᠠᠪᠠ᠃ ᠲᠦᠷᠦᠭᠦᠬᠡᠨ᠂ ᠳᠡᠯᠡᠬᠡᠶ ᠶᠢᠨ ᠠᠯᠳᠠᠷᠲᠤ ᠡᠷᠳᠡᠮ ᠰᠢᠨᠵᠢᠯᠡᠭᠡᠨ ᠤ ᠰᠡᠳᠬᠦᠯ ︽ᠦᠨᠳᠦᠰᠦᠲᠡᠨ ᠤ ᠡᠮ ᠤᠨ ᠵᠦᠶ ᠶᠢᠨ ᠤᠬᠠᠭᠠᠨ ᠤ ᠰᠡᠳᠬᠦᠯ︾ ᠳᠤ ᠲᠣᠰ ᠰᠤᠳᠤᠯᠭᠠᠨ ᠤ ᠦᠷ᠎ᠡ ᠪᠦᠲᠦᠭᠡᠯ ᠢ ᠨᠡᠶᠢᠲᠡᠯᠡᠪᠡ᠃
 
ᠢᠷᠡᠯᠲᠡ᠄ ᠠᠷᠠᠳ ᠤᠨ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号