ᠪᠦᠬᠦ ᠤᠯᠤᠰ ᠤᠨ ᠠᠷᠪᠡᠨ ᠭᠤᠷᠪᠠᠳᠦᠭᠠᠷ ᠬᠤᠭᠤᠴᠠᠭᠠᠨ ᠤ ︽ᠰᠦ ᠶᠢᠨ ᠰᠠᠴᠦᠯᠢ︾ ᠮᠠᠯᠴᠢᠳ ᠤᠨ ᠤᠷᠡᠨ ᠵᠤᠬᠢᠶᠡᠯ ᠤᠨ ᠤᠷᠤᠯᠳᠦᠭᠠᠨ ᠤ ᠱᠠᠩᠨᠠᠯ ᠤᠯᠭᠤᠬᠤ ᠶᠤᠰᠤᠯᠠᠯ ᠶᠠᠪᠤᠭᠳᠡᠯ᠎ᠠ
ᠨᠡᠶᠢᠲᠡᠯᠡᠭᠰᠡᠨ ᠴᠠᠭ᠄
2020/10/27
               ᠵᠢᠷᠤᠭ ᠪᠤᠯ᠂ ︽ᠰᠦ ᠶᠢᠨ ᠰᠠᠴᠤᠯᠢ︾ ᠶᠢᠨ ᠨᠢᠬᠡᠳᠦᠬᠡᠷ ᠲᠡᠰ ᠲᠤ ᠲᠤᠳᠤᠷᠠᠭᠰᠠᠨ ᠮᠠᠯᠴᠢᠨ ᠵᠤᠬᠢᠶᠠᠯᠴᠢᠳ ᠲᠤ ᠱᠠᠩᠨᠡᠯ ᠭᠠᠷᠳᠠᠭᠤᠯᠵᠦ ᠪᠠᠶᠢᠭ᠎ᠠ ᠨᠢ᠃ ︵ᠬᠤᠶᠢᠳ ᠰᠠᠴᠠᠨ ᠰᠡᠬᠦᠳᠡᠷᠯᠡᠪᠡ︶       10 ᠰᠠᠷ᠎ᠠ ᠶᠢᠨ 24 ᠤ ᠡᠳᠦᠷ᠂ ᠠᠶᠢᠮᠠᠬ ᠤᠨ ᠨᠠᠮ ᠤᠨ ᠬᠤᠷᠢᠶᠠᠨ ᠤ ᠤᠬᠠᠭᠤᠯᠬᠤ ᠬᠡᠯᠳᠡᠰ ᠠᠴᠠ ᠭᠤᠤᠯᠯᠠᠨ ᠡᠷᠬᠢᠯᠡᠵᠤ᠂ ᠠᠯᠠᠱᠠ ᠶᠢᠨ ᠡᠳᠦᠷ ᠤᠨ ᠰᠤᠨᠢᠨ ᠤ ᠬᠤᠷᠢᠶ᠎ᠠ ᠠᠴᠠ ᠲᠠᠭᠠᠭᠠᠴᠢᠯᠠᠨ ᠡᠷᠬᠢᠯᠡᠭᠰᠡᠨ ᠪᠦᠬᠦ ᠤᠯᠤᠰ ᠤᠨ ᠠᠷᠪᠡᠨ ᠭᠤᠷᠪᠠᠳᠦᠭᠠᠷ ᠬᠤᠭᠤᠴᠠᠭᠠᠨ ᠤ ︽ᠰᠦ ᠶᠢᠨ ᠰᠠᠴᠦᠯᠢ︾ ᠮᠠᠯᠴᠢᠳ ᠤᠨ ᠤᠷᠡᠨ ᠵᠤᠬᠢᠶᠡᠯ ᠤᠨ ᠤᠷᠤᠯᠳᠦᠭᠠᠨ ᠤ ᠱᠠᠩᠨᠠᠯ ᠤᠯᠭᠤᠬᠤ ᠶᠤᠰᠦᠯᠡᠯ ᠪᠠᠶᠠᠨᠬᠤᠳᠠ ᠳᠤ ᠶᠠᠪᠤᠭᠳᠠᠭᠰᠠᠨ ᠪᠠᠶᠢᠨ᠎ᠠ᠃       ᠶᠤᠰᠤᠯᠠᠯ ᠳᠤ᠂ ᠤᠷᠤᠯᠳᠤᠭᠠᠨ ᠤ ᠨᠢᠭᠡᠳᠦᠭᠡᠷ᠂ ᠬᠤᠶᠠᠳᠤᠭᠠᠷ᠂ ᠭᠤᠷᠪᠠᠳᠤᠭᠠᠷ᠂ ᠰᠢᠯᠢᠳᠡᠭ ᠲᠡᠰ ᠲᠤ ᠰᠢᠯᠭᠠᠷᠠᠬᠰᠠᠨ ᠮᠠᠯᠴᠢᠨ ᠵᠤᠬᠢᠶᠠᠯᠴᠢᠳ ᠢ ᠱᠠᠩᠨᠠᠨ ᠬᠦᠬᠢᠬᠦᠯᠬᠦ ᠶᠢᠨ ᠬᠠᠮᠲᠦ᠂ ︽ᠰᠦ ᠶᠢᠨ ᠰᠠᠴᠤᠯᠢ︾ ᠮᠠᠯᠴᠢᠳ ᠤᠨ ᠤᠷᠠᠨ ᠵᠤᠬᠢᠶᠠᠯ ᠤᠨ ᠤᠷᠤᠯᠳᠤᠭᠠᠨ ᠢ ᠡᠭᠦᠰᠭᠡᠵᠤ ᠪᠠᠶᠢᠭᠤᠯᠤᠬᠰᠠᠨ ᠬᠦᠮᠦᠰ ᠲᠤ ᠬᠦᠨᠳᠦᠳᠭᠡᠯ ᠤᠨ ᠢᠷᠠᠭᠤ ᠠᠯᠳᠠᠷ ᠬᠦᠷᠳᠡᠭᠡᠪᠡ᠃ ᠪᠦᠬᠦ ᠤᠯᠤᠰ ᠤᠨ ᠠᠷᠪᠡᠨ ᠲᠦᠷᠪᠡᠳᠦᠭᠡᠷ ᠬᠤᠭᠤᠴᠠᠭᠠᠨ ᠤ ︽ᠰᠦ ᠶᠢᠨ ᠰᠠᠴᠦᠯᠢ︾ ᠮᠠᠯᠴᠢᠳ ᠤᠨ ᠤᠷᠡᠨ ᠵᠤᠬᠢᠶᠡᠯ ᠤᠨ ᠤᠷᠤᠯᠳᠦᠭᠠᠨ ᠤ ᠭᠠᠯ ᠪᠠᠮᠪᠡᠷ ᠢ ᠠᠯᠠᠱᠠ ᠪᠠᠷᠠᠭᠤᠨ ᠬᠤᠰᠢᠭᠤᠨ ᠤ ᠲᠠᠩᠰᠦᠬᠪᠤᠯᠠᠭ ᠰᠤᠮᠦᠨ ᠤ ᠮᠠᠯᠴᠢᠨ ᠵᠤᠬᠢᠶᠠᠯᠴᠢ ᠮᠦᠡᠭᠭᠡᠵᠢᠷᠭᠠᠯ ᠲᠤᠰᠴᠦ ᠠᠪᠴᠡᠢ᠃       ᠲᠤᠰ ᠤᠳᠠᠭᠠᠨ ᠤ ᠪᠦᠬᠦ ᠤᠯᠤᠰ ᠤᠨ ︽ᠰᠦ ᠶᠢᠨ ᠰᠠᠴᠤᠯᠢ︾ ᠮᠠᠯᠴᠢᠳ ᠤᠨ ᠤᠷᠠᠨ ᠵᠤᠬᠢᠶᠠᠯ ᠤᠨ ᠤᠷᠤᠯᠳᠤᠭᠠᠨ ᠤ ᠡᠬᠡ ᠪᠢᠴᠢᠭ ᠡᠯᠰᠡᠬᠦ ᠠᠵᠢᠯ ᠨᠢ ᠡᠨᠡ ᠵᠢᠯ ᠤᠨ 4 ᠰᠠᠷ᠎ᠠ ᠶᠢᠨ ᠡᠬᠢ ᠠᠴᠠ 9 ᠰᠠᠷ᠎ᠠ ᠶᠢᠨ ᠰᠡᠭᠦᠯᠴᠢ ᠪᠤᠯᠳᠠᠯ᠎ᠠ ᠶᠠᠪᠤᠭᠳᠠᠵᠤ᠂ ᠦᠪᠦᠷ ᠮᠤᠩᠭᠤᠯ ᠤᠨ ᠡᠯ᠎ᠠ ᠠᠶᠢᠮᠠᠬ ᠬᠤᠳᠠ ᠠᠴᠠ ᠭᠠᠳᠠᠨ᠎ᠠ ᠰᠢᠨᠵᠢᠶᠠᠩ᠂ ᠬᠦᠬᠡᠨᠠᠭᠤᠷ᠂ ᠭᠠᠨᠰᠤ ᠵᠡᠷᠭᠡ ᠭᠠᠵᠡᠷ ᠤᠷᠤᠨ ᠤ ᠮᠠᠯᠴᠢᠨ ᠵᠤᠬᠢᠶᠠᠯᠴᠢᠳ ᠤᠨ 160 ᠭᠠᠷᠤᠢ ᠵᠤᠬᠢᠶᠠᠯ ᠪᠦᠳᠦᠭᠡᠯ ᠢ ᠬᠤᠷᠢᠶᠠᠨ ᠠᠪᠴᠦ᠂ ᠲᠦᠪ ᠭᠤᠤᠯᠴᠢ᠂ ᠡᠷᠬᠡ ᠲᠡᠭᠰᠢ᠂ ᠨᠠᠷᠢᠨ ᠬᠢᠨᠠᠮᠠᠭᠠᠢ ᠰᠢᠯᠭᠠᠷᠠᠭᠤᠯᠤᠯᠳᠡ ᠪᠠᠷ ᠲᠠᠮᠵᠢᠨ ᠰᠢᠯᠥᠭ ᠪᠤᠯᠤᠨ ᠦᠷᠭᠦᠯᠵᠢᠯᠡᠭᠰᠡᠡ ᠦᠭᠡ ᠶᠢᠨ ᠵᠤᠬᠢᠶᠡᠯ ᠭᠡᠬᠦ 2 ᠲᠦᠷᠤᠯ ᠤᠨ ᠨᠢᠭᠡᠳᠦᠭᠡᠷ᠂ ᠬᠤᠶᠠᠳᠤᠭᠠᠷ᠂ ᠭᠤᠷᠪᠠᠳᠤᠭᠠᠷ᠂ ᠰᠢᠯᠢᠳᠡᠭ ᠲᠡᠰ ᠲᠤ ᠨᠡᠶᠢᠳᠡ 22 ᠪᠦᠲᠦᠭᠡᠯ ᠢ ᠰᠢᠯᠭᠠᠷᠠᠭᠤᠯᠤᠨ ᠭᠠᠷᠭᠠᠵᠡᠢ᠃ ︽ᠰᠦ ᠶᠢᠨ ᠰᠠᠴᠦᠯᠢ︾ ᠮᠠᠯᠴᠢᠳ ᠤᠨ ᠤᠷᠠᠨ ᠵᠤᠬᠢᠶᠠᠯ ᠤᠨ ᠤᠷᠤᠯᠳᠤᠭᠠᠨ ᠪᠤᠯ ᠰᠢᠨ᠎ᠠ ᠵᠠᠭᠤᠨ ᠤ ᠡᠬᠢ ᠪᠠᠷ ᠮᠠᠨ ᠤ ᠠᠶᠢᠮᠠᠬ ᠤᠨ ᠮᠦᠩᠭᠡᠵᠢᠷᠭᠠᠯ᠂ ᠠᠯᠳᠠᠨᠴᠡᠴᠡᠭ᠂ ᠬᠤᠨᠭ᠌ ᠭᠠᠨᠭ᠌᠂ ᠮᠠᠤ ᠳᠡᠮᠦᠷ᠎ᠠ᠂ ᠪᠠᠳᠤᠭᠡᠷᠡᠯ ᠵᠡᠷᠬᠡ ᠮᠤᠩᠭᠤᠯ ᠤᠳᠬ᠎ᠠ ᠰᠤᠶᠤᠯ ᠳᠠᠭᠠᠨ ᠬᠠᠶᠢᠷᠠᠳᠠᠢ ᠵᠠᠯᠠᠭᠤᠰ ᠠᠯᠠᠱᠠ ᠶᠢᠨ ᠡᠳᠦᠷ ᠤᠨ ᠰᠤᠨᠢᠨ ︵ᠮᠤᠩᠭᠤᠯ ᠭᠡᠪᠯᠡᠯ︶ ᠲᠠᠢ ᠬᠠᠮᠳᠤᠷᠠᠨ ᠡᠭᠦᠰᠭᠡᠨ ᠪᠠᠶᠢᠭᠤᠯᠵᠡᠢ᠃ ᠠᠩᠬ᠎ᠠ ᠡᠬᠢᠨ ᠳᠡᠭᠡᠨ ᠵᠦᠪᠬᠡᠨ ᠨᠤᠳᠤᠭ ᠤᠨ ᠮᠠᠯᠴᠢᠳ ᠤᠷᠤᠯᠴᠠᠳᠠᠭ ᠪᠠᠶᠢᠭᠰᠠᠨ ᠠᠴᠠ ᠪᠠᠨ ᠲᠤᠯᠤᠳᠤᠭᠠᠷ ᠬᠤᠭᠤᠴᠠᠭ᠎ᠠ ᠠᠴᠠ ᠡᠬᠢᠯᠡᠨ ᠪᠦᠬᠦ ᠤᠷᠤᠨ ᠤ ᠬᠡᠪᠴᠢᠶ᠎ᠠ ᠲᠠᠢ ᠨᠠᠭᠠᠳᠤᠮ ᠪᠤᠯᠵᠤ᠂ ᠠᠷᠪᠠᠳᠤᠭᠠᠷ ᠬᠤᠭᠤᠴᠠᠭ᠎ᠠ ᠠᠴᠠ ᠡᠬᠢᠯᠡᠨ ᠪᠦᠬᠦ ᠤᠯᠤᠰ ᠤᠨ ᠬᠡᠪᠴᠢᠶᠡᠨ ᠳᠤ ᠶᠠᠪᠤᠬᠳᠠᠬᠤ ᠪᠤᠯᠤᠬᠰᠠᠨ ᠴᠣᠯᠣ ᠮᠠᠯᠴᠢᠳ ᠤᠨ ᠤᠷᠡᠨ ᠵᠤᠬᠢᠶᠡᠯ ᠤᠨ ᠤᠷᠤᠯᠳᠦᠭᠠᠨ ᠤ ᠰᠤᠶᠥᠯ ᠤᠨ ᠭᠠᠯ ᠠᠶᠡᠨ ᠪᠤᠯᠵᠦ᠂ ᠮᠠᠯᠴᠢᠨ ᠵᠤᠬᠢᠶᠠᠯᠴᠢᠳ ᠤᠨ ᠲᠤᠮᠳᠡ ᠨᠦᠯᠦᠭᠡ ᠲᠤᠰᠬᠠᠯ ᠢᠶᠠᠷ ᠦᠷᠬᠡᠨ ᠪᠤᠯᠤᠭᠰᠠᠨ ᠨᠠᠭᠠᠳᠤᠮ ᠪᠤᠯᠵᠠᠢ᠃       ᠲᠤᠰ ᠤᠷᠤᠯᠳᠦᠭᠠᠨ ᠨᠢ ᠮᠠᠯᠴᠢᠨ ᠵᠤᠬᠢᠶᠠᠯᠴᠢᠳ ᠤᠨ ᠦᠪᠡᠷ ᠤᠨ ᠤᠷ᠎ᠠ ᠠᠪᠢᠶᠡᠰ ᠢᠶᠠᠨ ᠪᠠᠳᠠᠷᠠᠭᠤᠯᠬᠤ ᠲᠡᠪᠴᠡᠩ ᠪᠤᠯᠤᠭᠰᠠᠠ ᠢᠶᠠᠷ ᠪᠠᠷᠠᠬᠤ ᠦᠭᠡᠢ᠂ ᠮᠠᠨ ᠤ ᠠᠶᠢᠮᠠᠭ ᠴᠢᠨᠠᠭᠰᠢᠯᠡᠨ ᠪᠦᠬᠦ ᠤᠯᠤᠰ ᠤᠨ ᠬᠡᠪᠴᠢᠶᠡᠨ ᠳᠠᠬᠢ ᠤᠷᠠᠨ ᠵᠤᠬᠢᠶᠠᠯ ᠤᠨ ᠤᠷᠤᠯᠳᠤᠭᠠᠨ ᠤ ᠨᠢᠭᠡᠨ ᠨᠡᠷᠡᠳᠦ ᠲᠡᠮᠳᠡᠭ ᠪᠤᠯᠤᠬᠰᠠᠨ ᠪᠠᠶᠢᠨ᠎ᠠ᠃                                                     ︵ᠵᠣᠬᠢᠶᠠᠭᠴᠢ᠄ ᠭᠤᠸ᠎ᠠ︶
 
ᠢᠷᠡᠯᠲᠡ᠄ ᠠᠯᠠᠱᠠ ᠶᠢᠨ ᠮᠣᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号