ᠢᠷᠠᠭᠤ ᠨᠠᠶᠢᠷᠠᠭᠴᠢ ᠶᠢᠨ ᠪᠤᠳᠤᠯ
ᠨᠡᠶᠢᠲᠡᠯᠡᠭᠰᠡᠨ ᠴᠠᠭ᠄
2020/10/26
ᠰᠠᠯᠬᠢᠨ ᠤ ᠦᠵᠦᠭᠦᠷ ᠲᠤ ᠪᠥᠵᠢᠬᠦ ᠲᠣᠷᠭᠠᠨ ᠮᠡᠳᠡᠷᠡᠮᠵᠢᠰᠠᠷᠠᠨ ᠤ ᠭᠡᠷᠡᠯ ᠣᠶᠢᠭᠰᠠᠨ ᠨᠢᠳᠦᠨ ᠪᠤᠯᠠᠭ ᠤᠨ ᠣᠰᠤᠨᠰᠡᠳᠬᠢᠯ ᠳᠤ ᠬᠤᠨᠤᠭᠰᠢᠭᠰᠠᠨ ᠠᠩᠬᠠᠨ ᠤ ᠭᠡᠨᠡᠭᠭᠡᠨ ᠬᠠᠶᠢᠷ᠎ᠠᠢᠷᠠᠭᠤ ᠨᠠᠶᠢᠷᠠᠭᠴᠢ ᠶᠢᠨ ᠠᠷᠢᠭᠤᠨ ᠲᠤᠷᠠᠳᠬᠠᠯ᠂ᠵᠡᠯᠡᠨ ᠲᠡᠭᠡᠷ᠎ᠡ ᠴᠤᠪᠬᠤᠴᠢᠵᠤ ᠨᠠᠷᠠᠨ ᠵᠥᠪ ᠡᠷᠭᠢᠬᠦ ᠮᠣᠷᠢᠳᠵᠡᠭᠡᠰᠦᠲᠤ ᠨᠠᠭᠤᠷ ᠲᠠᠭᠠᠨ ᠵᠥᠭᠡᠯᠡᠨ ᠱᠤᠮᠪᠠᠭ᠋ᠤ ᠬᠤᠣᠰ ᠠᠩᠭᠢᠷᠵᠡᠭᠡᠷᠡᠨ ᠰᠢᠷᠭᠠᠯ ᠦᠷᠯᠦᠭᠡ ᠰᠠᠴᠤᠯᠢ ᠡᠷᠭᠦᠨ ᠨᠠᠮᠠᠨᠴᠢᠯᠠᠬᠤ ᠡᠮᠡᠭᠡᠢᠷᠠᠭᠤ ᠨᠠᠶᠢᠷᠠᠭᠴᠢ ᠶᠢᠨ ᠵᠢᠷᠦᠬᠡᠨ ᠦᠵᠡᠭᠳᠡᠯ᠂ᠨᠠᠷᠠᠨ ᠳᠤ ᠵᠠᠯᠪᠠᠷᠢᠵᠤ ᠵᠤᠭᠰᠤᠭ᠎ᠠ ᠪᠣᠷᠤᠬᠠᠨ ᠪᠦᠰᠡᠭᠦᠢᠨᠠᠭᠠᠯᠢᠩᠬᠠᠢ ᠬᠡᠥᠬᠡᠳ ᠡᠵᠢ ᠳᠡᠭᠡᠨ ᠦᠨᠦᠰᠦᠭᠦᠯᠵᠤ ᠡᠷᠬᠡᠯᠡᠬᠦᠨᠠᠷᠠᠲᠤ ᠳᠤ ᠮᠥᠷ ᠢᠶᠠᠨ ᠦᠯᠡᠳᠡᠭᠡᠵᠤ ᠪᠤᠢ ᠠᠮᠢᠲᠠᠨ ᠭᠤᠣᠯᠲᠠᠨᠢᠷᠠᠭᠤ ᠨᠠᠶᠢᠷᠠᠭᠴᠢ ᠶᠢᠨ ᠣᠶᠤᠨ ᠤ ᠡᠷᠭᠢᠴᠡᠭᠦᠯᠦᠯ᠂ᠨᠦᠢᠷ ᠭᠡᠵᠢᠭᠡᠳᠡᠭᠰᠡᠨ ᠬᠥᠭᠡᠷᠦᠬᠦᠨ ᠠᠮᠠᠷᠠᠭ ᠤᠨ ᠮᠢᠨᠢ ᠳᠦᠷᠢᠨᠣᠭᠲᠤ ᠪᠠᠨ ᠴᠢᠷᠦᠭᠰᠡᠨ ᠪᠤᠲᠤᠭᠤ ᠰᠦ ᠮᠥᠷᠦᠭᠡᠰᠴᠤ ᠭᠤᠩᠭᠠᠨᠠᠬᠤᠨᠤᠲᠤᠭ ᠤᠷᠤᠭᠤ ᠪᠠᠨ ᠪᠤᠴᠠᠬᠤ ᠮᠠᠯᠴᠢᠨ ᠬᠦᠮᠦᠨ ᠤ ᠪᠠᠶᠠᠰᠤᠯᠢᠷᠠᠭᠤ ᠨᠠᠶᠢᠷᠠᠭᠴᠢ ᠶᠢᠨ ᠨᠤᠲᠤᠭ ᠰᠠᠨᠠᠭᠠᠰᠢᠷᠠᠯ᠂ᠴᠡᠴᠡᠭ ᠭᠤᠨᠳᠠᠬᠤ ᠲᠤᠭᠠᠯᠠᠩ ᠢᠶᠠᠷ ᠭᠤᠨᠢᠭ ᠨᠡᠮᠡᠭᠳᠡᠬᠦᠴᠠᠮᠴᠠ ᠪᠠᠨ ᠲᠠᠶᠢᠯᠬᠤ ᠮᠡᠲᠦ ᠭᠤᠨᠢᠭ ᠢᠶᠠᠨ ᠨᠢᠮᠭᠡᠯᠡᠬᠦᠴᠡᠭᠡᠵᠢᠨ ᠤ ᠭᠦᠨ ᠳᠤ ᠰᠢᠷᠤᠩᠬᠠᠶᠢᠯᠠᠬᠤ ᠤᠷᠲᠤ ᠶᠢᠨ ᠲᠠᠭᠤᠤᠢᠷᠠᠭᠤ ᠨᠠᠶᠢᠷᠠᠭᠴᠢ ᠶᠢᠨ ᠵᠥᠭᠡᠯᠡᠨ ᠭᠤᠨᠢᠭᠯᠠᠯ᠂ᠲᠥᠷᠦᠭᠡ ᠴᠠᠩᠭᠢᠨᠠᠭᠤᠯᠤᠨ ᠰᠢᠭᠦᠷᠡᠬᠦ ᠡᠪᠡᠰᠦᠨ ᠲᠣᠯᠤᠭᠠᠢᠲᠥᠷᠪᠡᠨ ᠴᠠᠭ ᠢ ᠤᠯᠠᠷᠢᠭᠤᠯᠬᠤ ᠶᠢᠷᠲᠢᠨᠴᠣ ᠶᠢᠨ ᠵᠢᠷᠤᠭᠲᠡᠤᠬᠡᠨ ᠳᠤ ᠪᠢᠴᠢᠭᠳᠡᠭᠰᠡᠨ ᠮᠤᠩᠭᠤᠯ ᠤᠨ ᠪᠠᠭᠠᠲᠤᠷ ᠤᠳᠢᠷᠠᠭᠤ ᠨᠠᠶᠢᠷᠠᠭᠴᠢ ᠶᠢᠨ ᠦᠵᠦᠭ ᠤᠨ ᠴᠢᠮᠡᠭᠡᠯᠡᠯ᠂ᠭᠠᠭᠴᠠᠭᠠᠷᠳᠠᠯ ᠤᠨ ᠤᠶᠠᠭᠠᠨ ᠳᠤ ᠥᠪᠡᠷ ᠢ ᠪᠠᠨ ᠬᠦᠯᠢᠬᠦᠭᠠᠭᠴᠠᠭᠠᠷᠳᠠᠮᠠᠯ ᠲᠡᠭᠷᠢ ᠶᠢᠨ ᠴᠡᠭᠡᠵᠢᠨ᠎ᠡ ᠣᠳᠣᠳ ᠵᠡᠭᠦᠭᠳᠡᠬᠦᠭᠠᠩᠰᠠᠷᠠᠯ ᠤᠨ ᠪᠤᠷᠤᠭᠠᠨ ᠪᠦᠲᠦᠨ ᠪᠡᠶ᠎ᠡ ᠶᠢ ᠨᠣᠷᠭᠠᠬᠤᠢᠷᠠᠭᠤ ᠨᠠᠶᠢᠷᠠᠭᠴᠢ ᠶᠢᠨ ᠭᠡᠭᠡᠨ ᠮᠥᠷᠦᠭᠡᠳᠦᠯ᠂ᠬᠤᠯᠠ ᠶᠢᠨ ᠬᠤᠯᠠ ᠳᠤ ᠢᠰᠭᠡᠷᠬᠦ ᠡᠯᠡᠰᠦᠨ ᠴᠣᠬᠢᠶᠠᠳᠬᠤᠩᠭᠤᠷ ᠰᠠᠯᠬᠢᠨ ᠠᠭᠤᠯᠠ ᠪᠠᠨ ᠠᠷᠭᠠᠳᠠᠬᠤ ᠴᠢᠮᠡᠭᠡᠬᠤᠷᠸ᠎ᠠ ᠳᠤ ᠦᠯᠡᠳᠡᠭᠡᠬᠦ ᠵᠢᠷᠦᠬᠡᠨ ᠤ ᠪᠣᠳᠤᠯᠭᠠᠰᠢᠷᠠᠯᠢᠷᠠᠭᠤ ᠨᠠᠶᠢᠷᠠᠭᠴᠢ ᠶᠢᠨ ᠰᠢᠯᠦᠭ ᠤᠨ ᠬᠤᠷᠭᠤᠳᠠᠯ᠂ᠮᠠᠨᠳᠤᠬᠠᠢ ᠰᠡᠴᠡᠨ ᠬᠠᠲᠤᠨ ᠤ ᠰᠡᠯᠡᠮ᠎ᠡ ᠪᠠᠨ ᠡᠷᠭᠦᠭᠰᠡᠨ ᠲᠠᠩᠭᠠᠷᠢᠭᠮᠠᠷᠺᠤ ᠫᠤᠯᠤ ᠶᠢᠨ ᠨᠢᠳᠦ ᠪᠠᠨ ᠤᠨᠠᠭᠠᠭᠰᠠᠨ ᠮᠣᠩᠭᠤᠯ ᠤᠨ ᠶᠡᠭᠡ ᠬᠡᠭᠡᠷ᠎ᠡ ᠲᠠᠯ᠎ᠠᠮᠠᠷᠠᠯ ᠭᠤᠷᠪᠠᠨ ᠣᠳᠤ ᠮᠠᠨᠢ ᠤᠩᠰᠢᠬᠤ ᠰᠢᠬ ᠭᠢᠯᠪᠠᠯᠵᠠᠬᠤᠢᠷᠠᠭᠤ ᠨᠠᠶᠢᠷᠠᠭᠴᠢ ᠶᠢᠨ ᠣᠨ ᠴᠠᠭ ᠤᠨ ᠪᠣᠳᠤᠷᠤᠤᠯ᠂ᠡᠬᠢᠯᠡᠯ ᠨᠢ ᠪᠠᠶᠢᠭᠰᠠᠨ ᠴᠤ ᠲᠡᠭᠦᠰᠭᠡᠯ ᠦᠭᠡᠢ ᠡᠨᠡ ᠣᠷᠴᠢᠯᠠᠩᠡᠴᠢᠭᠡ ᠶᠢᠨ ᠰᠤᠷᠭᠠᠯ᠂ ᠡᠬᠡ ᠶᠢᠨ ᠵᠠᠬᠢᠶᠠᠰᠤ ᠲᠠᠢ ᠡᠬᠡ ᠣᠷᠤᠨᠡ᠊ᠨᠳᠡᠭᠦᠷᠡᠯ᠂ ᠭᠤᠮᠤᠷᠬᠠᠯ᠂ ᠢᠨᠢᠶᠡᠮᠰᠦᠭᠯᠡᠯ᠂ ᠶᠡᠬᠡᠮᠰᠦᠭᠯᠡᠯ ᠁ᠢᠷᠠᠭᠤ ᠨᠠᠶᠢᠷᠠᠭᠴᠢ ᠶᠢᠨ ᠡᠴᠦᠰ ᠤᠨ ᠨᠠᠶᠢᠷᠠᠭᠯᠠᠯ᠂ᠲᠡᠷᠡ ᠴᠢᠭ ᠢᠶᠠᠷ ᠢᠶᠠᠨ ᠢᠷᠠᠭᠤ ᠨᠠᠶᠢᠷᠠᠭᠴᠢ ᠶᠢᠨ ᠪᠤᠳᠤᠯ ᠡ︕ᠢᠷᠠᠭᠤ ᠨᠠᠶᠢᠷᠠᠭᠴᠢ ᠶᠢᠨ ᠪᠤᠳᠤᠯ ᠡ ᠭᠡᠵᠤ ᠁                                              ︵ ᠵᠣᠬᠢᠶᠠᠭᠴᠢ᠄ ᠡ᠊ · ᠬᠤᠷᠸ᠎ᠠ︶
 
ᠢᠷᠡᠯᠲᠡ᠄ ᠠᠯᠠᠱᠠ ᠶᠢᠨ ᠮᠣᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号