ᠬᠤᠨᠤᠭ ᠥᠨᠵᠢᠭᠰᠡᠨ ᠲᠠᠷᠪᠤᠰ ᠬᠤᠤᠷᠳᠠᠢ ᠤᠤ︖
ᠨᠡᠶᠢᠲᠡᠯᠡᠭᠰᠡᠨ ᠴᠠᠭ᠄
2020/10/16
     ᠵᠤᠨ ᠤ ᠠᠭᠠᠬᠢᠮ᠎ᠠ ᠬᠠᠯᠠᠭᠤᠨ ᠳᠤ ᠤᠮᠳᠠ ᠳᠠᠷᠤᠬᠤ ᠵᠢᠮᠢᠰ ᠭᠡᠪᠠᠯ ᠡᠩ ᠲᠡᠷᠢᠭᠦᠨ ᠳᠤ  ᠲᠠᠷᠪᠤᠰ  ᠳᠤᠷᠠᠳᠤᠭᠳᠠᠳᠠᠭ᠃ ᠭᠡᠲᠡᠯ᠎ᠡ ︽ᠬᠤᠨᠤᠭ ᠥᠨᠵᠢᠭᠰᠡᠨ ᠲᠠᠷᠪᠤᠰ ᠬᠤᠤᠷᠳᠠᠢ︾ ᠭᠡᠬᠦ ᠮᠡᠲᠦ ᠶᠢᠨ ᠮᠡᠳᠡᠭᠡ ᠬᠠᠶᠠ ᠦᠭᠡᠢ ᠰᠤᠨᠤᠰᠳᠠᠵᠤ ᠪᠠᠶᠢᠳᠠᠭ᠃ ᠲᠡᠭᠡᠪᠠᠯ ᠲᠡᠷᠪᠤᠰ ᠢ ᠴᠤᠬᠤᠮ ᠬᠡᠷᠭᠢᠨ ᠢᠳᠡᠪᠡᠯ ᠵᠤᠬᠢᠬᠤ ᠪᠣᠢ︖     ᠬᠦᠯᠳᠡᠭᠡᠭᠦᠷ ᠲᠤ ᠦᠨᠵᠢᠭᠡᠭᠰᠡᠨ ᠲᠠᠷᠪᠤᠰ ᠢ ᠢᠳᠡᠵᠤ ᠪᠤᠯᠬᠤ ᠤᠤ︖                     ᠬᠡᠷᠴᠢᠭᠡ ᠦᠭᠡᠢ ᠪᠦᠳᠦᠨ ᠲᠠᠷᠪᠤᠰ ᠲᠤ  ᠪᠠᠷᠤᠭ  ᠦᠨᠳᠦᠰᠦᠨ   ᠳᠡᠭᠡᠨ  ᠪᠠᠺᠲ᠋ᠧᠷᠢ  ᠪᠠᠶᠢᠳᠠᠭ  ᠦᠭᠡᠢ᠂  ᠭᠡᠲᠡᠯ᠎ᠡ ᠬᠡᠷᠴᠢᠭᠰᠡᠨ ᠤ ᠳᠠᠷᠠᠭ᠎ᠠ ᠮᠠᠰᠢ ᠲᠦᠷᠭᠡᠨ ᠪᠠᠺᠲ᠋ᠧᠷᠢ ᠲᠠᠢ ᠪᠣᠯᠳᠠᠭ ᠪᠥᠭᠡᠳ ᠤᠳᠠᠬᠤ ᠲᠤᠳᠤᠮ ᠢᠶᠠᠨ ᠪᠠᠺᠲ᠋ᠧᠷᠢ ᠨᠢ ᠦᠷᠠᠵᠢᠵᠤ᠂ ᠡᠩ ᠤᠨ ᠠᠭᠠᠷ ᠤᠨ ᠲᠤᠯᠠᠭᠠᠨ ᠳᠤ ᠤᠳᠠᠯ ᠦᠭᠡᠢ ᠢᠯᠵᠢᠷᠡᠴᠢᠬᠡᠳᠡᠭ᠃ ᠲᠠᠷᠪᠤᠰ ᠬᠤᠳᠠᠯᠳᠤᠵᠤ ᠠᠪᠬᠤ ᠳᠠᠭᠠᠨ  ᠲᠠᠯ᠎ᠠ ᠶᠢ   ᠨᠢ ᠠᠪᠬᠤ ᠳᠤ ᠬᠦᠷᠪᠡᠯ᠂ ᠬᠡᠷᠴᠢᠭᠰᠡᠨ ᠴᠠᠭ ᠢ ᠨᠢ ᠠᠩᠬᠠᠷᠬᠤ ᠬᠡᠷᠡᠭᠳᠡᠢ᠃ ᠵᠤᠨ ᠤ  ᠬᠠᠯᠠᠭᠤᠨ ᠳᠤ  ᠬᠡᠷᠴᠢᠭᠡᠳ  ᠬᠡᠳᠦᠨ  ᠴᠠᠭ ᠪᠤᠯᠤᠭᠰᠠᠨ ᠲᠠᠷᠪᠤᠰ ᠲᠤ ᠪᠠᠺᠲ᠋ᠧᠷᠢ ᠨᠢᠭᠡᠨᠳᠡ ᠶᠡᠭᠡᠪᠠᠷ ᠦᠷᠡᠵᠢᠭᠰᠡᠨ ᠪᠤᠯᠬᠤᠷ ᠬᠦᠯᠳᠡᠭᠡᠭᠦᠷ ᠲᠤ ᠬᠢᠯ᠎ᠡ ᠴᠤ  ᠬᠡᠰᠡᠨ  ᠪᠠᠺᠲ᠋ᠧᠷᠢ ᠶᠢᠨ ᠭᠡᠮᠵᠢᠶ᠎ᠡ ᠪᠠᠷᠢᠮᠵᠢᠶᠠᠨ ᠠᠴᠠ ᠬᠡᠲᠦᠷᠡᠭᠰᠡᠨ ᠪᠠᠶᠢᠳᠠᠭ᠃ ᠡᠶᠢᠮᠦ ᠠᠴᠠ ᠲᠤᠤᠷᠠᠬᠢ ᠬᠡᠳᠦᠨ ᠲᠠᠯ᠎ᠠ ᠪᠠᠷ ᠠᠩᠬᠠᠷᠪᠠᠯ ᠵᠤᠬᠢᠨ᠎ᠠ᠄                     ᠨᠢᠭᠡ᠂  ᠲᠠᠷᠪᠤᠰ   ᠤᠨ  ᠬᠡᠵᠢᠶ᠎ᠡ  ᠬᠡᠷᠴᠢᠭᠰᠡᠨ ᠢ   ᠨᠢ  ᠮᠡᠳᠡᠬᠦ  ᠦᠭᠡᠢ  ᠪᠣᠯ  ᠬᠤᠨᠤᠭ   ᠦᠨᠵᠢᠭᠡᠵᠤ   ᠪᠣᠯᠬᠤ ᠦᠭᠡᠢ᠃                     ᠬᠤᠶᠠᠷ᠂ ᠬᠦᠯᠳᠡᠬᠡᠭᠦᠷ ᠲᠤ ᠬᠠᠳᠠᠭᠠᠯᠠᠭᠰᠠᠨ ᠦᠭᠡᠢ ᠵᠢᠵᠢᠭᠯᠡᠨ ᠬᠡᠷᠴᠢᠭᠰᠡᠨ ᠲᠠᠷᠪᠤᠰ ᠢ ᠪᠢᠳᠡᠬᠡᠢ ᠬᠤᠳᠠᠯᠳᠤᠨ ᠠᠪᠤᠭᠠᠷᠠᠢ᠃                     ᠭᠤᠷᠪᠠ᠂ ᠲᠠᠷᠪᠤᠰ ᠢ ᠬᠠᠭᠠᠯᠤᠭᠰᠠᠨ ᠬᠤᠶᠢᠨ᠎ᠠ  ᠢᠳᠡᠬᠦ  ᠬᠡᠰᠡᠭ   ᠢᠶᠠᠨ  ᠦᠯᠡᠳᠡᠭᠡᠵᠤ᠂  ᠢᠳᠡᠬᠦ  ᠦᠭᠡᠢ ᠬᠡᠰᠡᠭ ᠢᠶᠠᠨ ᠰᠠᠶᠢᠳᠤᠷ ᠪᠦᠳᠡᠭᠡᠵᠤ ᠲᠠᠷᠤᠶᠢᠬᠠᠨ ᠬᠦᠯᠳᠡᠭᠡᠭᠦᠷ ᠲᠤ ᠬᠢᠵᠦ ᠬᠠᠳᠠᠭᠠᠯᠠᠭᠠᠷᠠᠢ᠃                     ᠲᠦᠷᠪᠠ᠂ ᠲᠦᠭᠦᠬᠡᠢ  ᠢᠳᠡᠭᠡᠨ  ᠪᠠ  ᠪᠣᠯᠭᠤᠭᠰᠠᠨ  ᠢᠳᠡᠭᠡᠨ  ᠬᠡᠷᠴᠢᠳᠡᠭ  ᠭᠢᠳᠤᠭ᠎ᠠ  ᠠᠮᠪᠠᠨ   ᠢᠶᠠᠨ ᠡᠷᠬᠡᠪᠰᠢ ᠰᠠᠯᠭᠠᠵᠦ ᠬᠡᠷᠡᠭᠯᠡᠬᠦ ᠬᠡᠷᠡᠭᠳᠡᠢ᠃                     ᠲᠠᠪᠤ᠂  ᠬᠦᠯᠳᠡᠭᠡᠭᠦᠷ ᠲᠤ  ᠪᠤᠯᠭᠤᠭᠰᠠᠨ  ᠢᠳᠡᠭᠡᠨ  ᠪᠠ  ᠲᠦᠭᠦᠭᠡᠢ ᠢᠳᠡᠭᠡᠨ ᠢ  ᠡᠷᠬᠡᠪᠰᠢ ᠰᠠᠯᠭᠠᠨ ᠬᠠᠳᠠᠭᠠᠯᠠᠵᠤ᠂ ᠲᠠᠷᠪᠤᠰ ᠢᠶᠠᠨ ᠬᠠᠮᠤᠭ ᠤᠨ ᠲᠡᠭᠡᠷ᠎ᠠ ᠭᠡᠰᠡᠭ ᠲᠤᠨᠢ ᠪᠤᠶᠤ ᠵᠢᠮᠢᠰ ᠬᠠᠳᠠᠭᠠᠯᠠᠳᠠᠭ ᠲᠤᠰᠬᠠᠢ  ᠲᠠᠰᠤᠯᠭᠠᠨ ᠳᠤᠨᠢ ᠬᠢᠪᠡᠯ ᠵᠤᠬᠢᠨ᠎ᠠ᠃                     ᠡᠭᠦᠨ ᠠᠴᠠ  ᠭᠠᠳᠠᠨ᠎ᠠ  ᠭᠢᠳᠡᠳ  ᠡᠮᠨᠡᠯᠭᠡ   ᠶᠢᠨ  ᠲᠠᠯ᠎ᠠ   ᠠᠴᠠ  ᠠᠪᠴᠤ  ᠬᠡᠯᠡᠪᠠᠯ᠂  ᠲᠠᠷᠪᠤᠰ  ᠪᠤᠯ  ᠬᠦᠢᠳᠡᠨ ᠰᠡᠷᠢᠭᠦᠨ ᠴᠢᠨᠠᠷ ᠲᠠᠢ ᠪᠣᠯᠬᠤᠷ ᠶᠡᠭᠡ  ᠢᠳᠡᠪᠡᠯ  ᠭᠡᠳᠡᠰᠦ  ᠬᠤᠳᠣᠭᠤᠳᠤᠨ ᠳᠤ  ᠮᠠᠭᠤ  ᠶᠤᠮ᠃  ᠬᠤᠳᠤᠭᠤᠳᠤ  ᠬᠡᠳᠡᠰᠦᠨ ᠤ ᠰᠢᠷᠬᠠᠯᠠᠭ᠎ᠠ ᠲᠠᠢ ᠬᠦᠮᠦᠰ ᠪᠠ ᠰᠠᠷ᠎ᠠ ᠶᠢᠨ ᠭᠭᠢᠷ ᠢᠷᠡᠭᠰᠡᠨ  ᠦᠶ᠎ᠡ ᠳᠤ  ᠲᠠᠷᠪᠤᠰ  ᠢᠳᠡᠬᠦ ᠦᠭᠡᠢ ᠪᠤᠶᠤ ᠪᠠᠭ᠎ᠠ ᠢᠳᠡᠪᠡᠯ ᠵᠤᠬᠢᠨ᠎ᠠ᠃
 
ᠢᠷᠡᠯᠲᠡ᠄ ᠠᠷᠠᠳ ᠤᠨ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号