ᠭᠠᠵᠠᠷ ᠤᠨ ᠵᠢᠷᠦᠬᠡᠨ ᠭᠦᠨ ᠠᠴᠠ | ᠭᠠᠯ ᠨᠠᠷᠠ ᠲᠠᠷᠭᠢᠯᠵᠤ | ᠭᠠᠯᠪᠠ ᠶᠢᠨ ᠵᠣᠯᠠᠢ ᠴᠣᠨᠣᠳᠠᠭ | | | ᠠᠷᠢᠭ ᠣᠰᠤᠨ ᠤ ᠰᠢᠪᠠᠭᠤᠳ | ᠠᠭᠠᠷ ᠴᠠᠯᠬᠢᠭᠤᠯᠣᠨ ᠵᠡᠯᠡᠷᠡᠵᠤ | ᠠᠯᠠᠭᠠᠨ ᠲᠡᠭᠡᠷ᠎ᠡ ᠮᠢᠨᠢ ᠪᠠᠭᠤᠵᠤ ᠨᠠᠮᠣᠷᠵᠢᠳᠠᠭ | | | ᠨᠠᠷᠠᠨ ᠰᠡᠷᠮᠡᠭᠦᠬᠡᠨ ᠣᠨᠢᠶᠠᠷ ᠲᠤ | ᠨᠠᠷᠢᠨ ᠪᠣᠷᠤᠭ᠎ᠠ ᠱᠠᠪᠰᠢᠭᠤᠯᠵᠤ | ᠨᠠᠮᠣᠷ ᠣᠩᠰᠢᠭᠳᠠᠵᠤ ᠦᠶᠦᠭᠰᠢᠳᠡᠭ | | | ᠨᠠᠮᠣᠷ ᠵᠢᠷᠣᠭᠳᠠᠵᠤ ᠲᠣᠳᠣᠷᠠᠬᠤ ᠳᠤ | ᠨᠠᠶᠢᠷ ᠬᠠᠯᠬᠢᠯᠠᠨ ᠪᠣᠴᠠᠯᠵᠤ | ᠨᠠᠭᠠᠳᠤᠮ ᠤᠨ ᠬᠡᠦᠬᠡᠳ ᠬᠢᠩᠭᠤᠯᠠᠳᠠᠭ | | | ᠲᠠᠯ᠎ᠠ ᠶᠢᠨ ᠲᠣᠰᠤᠨ ᠰᠥᠯ | ᠲᠠᠷᠭᠤᠨ ᠣᠭᠤᠨᠤ ᠶᠢᠨ ᠵᠣ ᠲᠡᠭᠡᠷ᠎ᠡ | ᠨᠠᠮᠣᠷ ᠤᠨ ᠨᠠᠷᠠ ᠶᠦᠷᠭᠡᠬᠦᠢ | | | ᠠᠲᠠᠷ ᠶᠠᠪᠠᠭᠠᠨ ᠰᠠᠯᠬᠢ | ᠠᠬᠢ ᠬᠦᠷᠦᠩᠭᠡᠯᠡᠭᠰᠡᠨ ᠠᠶᠢᠷᠠᠭ ᠲᠤ | ᠨᠠᠮ ᠴᠣᠬᠢᠭᠤᠯᠵᠤ ᠵᠡᠭᠦᠷᠮᠡᠭᠯᠡᠬᠦᠢ | | | ᠲᠣᠯᠪᠣᠩ ᠶᠠᠭᠠᠨ ᠰᠠᠯᠬᠢ | ᠲᠣᠭᠤᠨᠤ ᠪᠠᠷ ᠥᠩᠭᠡᠶᠢᠨ ᠱᠠᠭᠠᠶᠢᠵᠤ | ᠲᠣᠭᠤᠭᠠᠳᠣ ᠰᠦᠨ ᠳᠤ ᠱᠠᠩᠳᠠᠭᠤᠷᠠᠬᠤᠢ | | | ᠦᠷ ᠤᠨ ᠵᠢᠩᠳᠡᠬᠦᠨ ᠵᠢᠪᠠᠷ | ᠡᠪᠦᠭᠡᠳ ᠤᠨ ᠰᠠᠨᠴᠢᠭ ᠲᠤ ᠬᠠᠨᠢᠰᠠᠵᠤ | ᠮᠥᠩᠬᠦᠨ ᠬᠢᠷᠠᠭᠤ ᠮᠡᠯᠳᠡᠭᠡᠨᠡᠭᠦᠢ | | | ᠬᠤᠷᠸ᠎ᠠ ᠬᠤᠳᠣᠯᠵᠠᠭᠤᠯᠣᠭᠰᠠᠨ ᠠᠶᠠᠨ ᠤ | ᠬᠤᠩᠬᠤᠨ ᠲᠠᠭᠤᠨ ᠤ ᠲᠣᠣᠨᠢᠯ | ᠬᠤᠯᠠᠨ ᠭᠤᠪᠢ ᠶᠢᠨ ᠡᠭᠡᠰᠢᠭ | | | ᠣᠭᠤᠷᠠᠭ ᠰᠢᠷᠭᠠᠯ ᠡᠳᠦᠷ ᠤᠳ | ᠰᠢᠭᠦᠳᠡᠷᠢ ᠶᠢᠨ ᠮᠥᠬᠦᠯᠢᠭ ᠡᠷᠢᠬᠡᠯᠡᠵᠤ | ᠰᠢᠯᠥᠭ ᠤᠨ ᠮᠦᠷ ᠤᠳ ᠭᠡᠭᠡᠯᠢᠭ | | | ᠨᠠᠮᠣᠭᠤᠬᠠᠨ ᠬᠠᠩᠭᠠᠢ ᠶᠢᠨ ᠥᠯᠢᠭᠡᠷ ᠤᠳ | ᠨᠠᠯᠠᠭᠠᠷᠬᠠᠨ ᠦᠳᠡᠰᠢ ᠪᠦᠮᠪᠦᠷᠢᠵᠤ | ᠨᠢᠯᠪᠣᠰᠤ ᠲᠠᠢ ᠴᠢᠯᠠᠭᠤᠳ ᠮᠡᠯᠳᠡᠷᠡᠭᠡᠳ ᠁ | | | ᠮᠣᠳᠤᠳ ᠤᠨ ᠨᠦᠢᠳᠠᠨ ᠭᠤᠨᠢᠭ ᠤᠳ | ᠮᠦᠴᠢᠷ ᠮᠡᠬᠦ᠋ᠢᠨ ᠠᠰᠬᠠᠷᠠᠵᠤ | ᠮᠦᠷᠦᠭᠡᠳᠥᠯ ᠲᠡᠭᠡᠭᠡᠵᠤ ᠨᠢᠰᠥᠯᠳᠦᠭᠡᠳ ᠁ | | | ᠨᠣᠳᠤᠭ ᠬᠤᠷᠭᠤᠳᠠᠨ ᠰᠠᠨᠠᠭᠳᠠᠬᠤ | ᠨᠠᠨᠳᠢᠨ ᠬᠠᠶᠢᠷ᠎ᠠ ᠶᠢᠨ ᠲᠣᠷᠠᠰᠣᠮᠵᠢ ᠲᠠᠢ | ᠨᠡᠭᠦᠳᠡᠯ ᠴᠦᠷᠬᠡᠯᠡᠭᠰᠡᠨ ᠣᠯᠠᠷᠢᠯ | | | ᠲᠡᠭᠷᠢ ᠶᠢᠨ ᠥᠩᠭᠡ ᠲᠠᠭᠠᠬᠤ | ᠲᠡᠷᠡ ᠬᠤᠯᠠ ᠶᠢᠨ ᠴᠤᠪᠤᠭ᠎ᠠ ᠲᠠᠢ | ᠨᠠᠷᠠᠨ ᠳᠤ ᠢᠰᠭᠡᠷᠦᠭᠰᠡᠨ ᠬᠡᠶᠢᠷᠬᠡᠯ | | | ᠰᠢᠪᠠᠭᠤᠳ ᠤᠨ ᠨᠡᠬᠦᠬᠦ ᠭᠠᠩᠭᠠᠨᠠᠭᠠᠨ ᠳᠤ | ᠰᠡᠬᠦᠷᠡᠰᠤ ᠠᠯᠳᠠᠨ ᠡᠮᠵᠡᠭᠯᠡᠭᠰᠡᠨ | ᠨᠠᠭᠤᠷ ᠪᠦᠷᠢᠳᠤ ᠶᠢᠨ ᠦᠨᠦᠴᠢᠷᠡᠯ | | | ᠠᠶᠠᠷ ᠠᠶᠠᠷᠬᠠᠨ ᠪᠤᠳᠠᠷᠠᠬᠤ | ᠠᠯᠳᠠᠷᠠᠢ ᠲᠣᠣᠷᠠᠢ ᠶᠢᠨ ᠨᠠᠪᠴᠢᠰ | ᠠᠩᠬᠢᠷ ᠬᠤᠨ ᠤ ᠦᠳᠥ ᠴᠦ ᠶᠤᠮ ᠤᠤ ᠳ᠋ᠠ | | | ᠠᠨᠢᠷ ᠠᠨᠢᠷᠬᠠᠨ ᠪᠣᠴᠠᠬᠤ | ᠣᠲᠤᠷ ᠵᠦᠭ ᠤᠨ ᠨᠠᠮᠣᠷ | ᠠᠮᠣᠭᠤᠯᠠᠩ ᠴᠢᠭ ᠤᠨ ᠠᠶᠠᠯᠭᠤ ᠴᠦ ᠶᠤᠮ ᠤᠤ ᠳ᠋ᠠ | | | ᠲᠣᠷᠣᠨ᠎ᠠ ᠶᠢᠨ ᠭᠤᠪᠢ ᠳᠤ ᠠᠯᠳᠠᠷᠠᠵᠤ | ᠲᠠᠭᠤᠨ ᠤ ᠣᠶᠠᠩᠭ᠎ᠠ ᠰᠢᠷᠣᠩᠬᠠᠶᠢᠯᠠᠭᠰᠠᠨ | ᠲᠡᠨᠵᠢ ᠶᠢᠨ ᠬᠠᠯᠢᠭᠤᠨ ᠨᠠᠮᠣᠷ | | | ᠲᠥᠷᠪᠡᠨ ᠴᠠᠭ ᠲᠤ ᠬᠤᠭᠤᠴᠠᠵᠤ | ᠲᠠᠯᠠᠢ ᠪᠣᠶᠠᠨ ᠢᠶᠠᠷ ᠲᠠᠩᠰᠣᠭᠯᠠᠭᠰᠠᠨ | ᠲᠡᠯᠡᠬᠡᠢ ᠶᠢᠨ ᠬᠤᠩᠭᠤᠷ ᠨᠠᠮᠣᠷ | | | ᠠᠶ᠎ᠠ︕ | ᠠᠮᠠᠷᠠᠭ ᠰᠡᠴᠡᠨ ᠣᠰᠤᠨ ᠤ ᠮᠢᠨᠢ | ᠠᠯᠲᠠᠨ ᠭᠠᠷᠠᠭ ᠤᠨ ᠨᠠᠮᠣᠷ ᠡ︕ | ︵ᠵᠣᠬᠢᠶᠠᠭᠴᠢ᠄ ᠰ᠊ · ᠰᠢᠨᠡᠬᠦᠦ︶ |