ᠡᠵᠡᠨ᠎ᠡ ᠬᠤᠰᠢᠭᠤᠨ ᠤ ᠨᠠᠢᠮᠠᠨ ᠦᠶ᠎ᠡ ᠶᠢᠨ ᠠᠷᠪᠠᠨ ᠵᠠᠰᠠᠭ ᠨᠤᠶᠠᠨ
ᠨᠡᠶᠢᠲᠡᠯᠡᠭᠰᠡᠨ ᠴᠠᠭ᠄
2020/1/14
       ᠲᠡᠦᠬᠡᠨ ᠳᠡᠮᠳᠡᠭᠯᠡᠯ ᠠᠴᠠ ᠳᠡᠭᠦᠨ ᠤᠩᠰᠢᠵᠤ ᠦᠵᠡᠪᠡᠯ᠂ ᠲᠡᠭᠷᠢ ᠳᠡᠳᠭᠦᠭᠴᠢ ᠶᠢᠨ ᠠᠷᠪᠠᠨ ᠨᠠᠢᠮᠠᠳᠣᠭᠠᠷ ᠤᠨ ︵1753 ᠤᠨ︶ ᠳᠤ ᠳ᠋ᠠᠨᠵᠦ᠋ᠩ ᠤᠨ ᠶᠡᠭᠡ ᠬᠦᠪᠡᠬᠦᠨ ᠯᠤᠪᠰᠠᠩᠳᠠᠷᠵᠠ ᠳᠤ ᠴᠢᠩ ᠤᠨ ᠲᠦᠷᠦ ᠠᠴᠠ ᠳᠤᠰᠬᠠᠢ ᠳᠠᠮᠠᠭ᠎ᠠ ᠱᠠᠩᠨᠠᠵᠤ᠂ ᠵᠠᠰᠠᠭ ᠪᠠᠷᠢᠬᠤ ᠡᠷᠬᠡ ᠤᠯᠭᠤᠨ ︽ᠡᠵᠡᠨ᠎ᠡ ᠬᠠᠭᠤᠴᠢᠨ ᠳᠤᠷᠭᠤᠳ ᠤᠨᠴᠠᠭᠠᠢ ᠬᠤᠰᠢᠭᠤ︾ ᠶᠢ ᠵᠢᠩᠬᠢᠨᠢ ᠪᠠᠷ ᠪᠠᠶᠢᠭᠤᠯᠤᠭᠰᠠᠨ ᠠᠴᠠ ᠴᠢᠯᠦᠭᠡᠯᠡᠭᠳᠡᠭᠦ ᠪᠤᠯᠳᠠᠯ᠎ᠠ ᠨᠠᠢᠮᠠᠨ ᠦᠶ᠎ᠡ ᠶᠢᠨ ᠠᠷᠪᠠᠨ ᠵᠠᠰᠠᠭ ᠨᠤᠶᠠᠨ ᠵᠡᠷᠬᠡ ᠬᠡᠷᠭᠡᠮ ᠵᠠᠯᠭᠠᠮᠵᠢᠯᠠᠵᠤ ᠳᠤᠰ ᠬᠤᠰᠢᠭᠤ ᠶᠢ ᠵᠠᠬᠢᠷᠴᠤ ᠬᠠᠮᠢᠶᠠᠷᠴᠤ ᠪᠠᠶᠢᠵᠠᠢ᠃ ᠡ᠊ᠨᠳᠡ ᠨᠡᠷ᠎ᠡ ᠵᠢᠭᠠᠵᠤ ᠳᠡᠮᠳᠡᠭᠯᠡᠨ ᠵᠢᠭᠰᠠᠭᠠᠪᠠᠯ᠄        ᠨᠢᠭᠡ᠂ ᠯᠤᠪᠰᠠᠩᠳᠠᠷᠵᠠ ︵︖ — 1767 ᠤᠨ︶        ᠯᠤᠪᠰᠠᠩᠳᠠᠷᠵᠠ ᠪᠣᠯ ᠳ᠋ᠠᠨᠵᠦ᠋ᠩ ᠨᠤᠶᠠᠨ ᠤ ᠶᠡᠭᠡ ᠬᠦᠪᠡᠭᠦᠨ ᠪᠤᠯᠤᠨ᠎ᠠ᠃ ᠲᠡᠭᠷᠢ ᠳᠡᠳᠭᠦᠭᠴᠢ ᠶᠢᠨ ᠳᠠᠪᠤᠳᠤᠭᠠᠷ ᠤᠨ ᠳᠤ ᠲᠦᠷᠦ ᠶᠢᠨ ᠪᠠᠶᠢᠯᠠ ᠶᠢᠨ ᠬᠡᠷᠭᠡᠮ ᠢ ᠵᠠᠯᠭᠠᠮᠵᠢᠯᠠᠭᠰᠠᠨ ᠪᠤᠯᠪᠠᠴᠤ ᠨᠢᠯᠬ᠎ᠠ ᠪᠠᠯᠴᠢᠷ ᠪᠠᠶᠢᠭᠰᠠᠨ  ᠠᠴᠠ ᠳᠠᠶᠢᠴᠢᠩ ᠭᠦᠷᠦᠨ ᠤ ᠭᠠᠳᠠᠭᠠᠳᠤ ᠮᠤᠩᠭᠤᠯ ᠤᠨ ᠲᠦᠷᠦ ᠶᠢ ᠵᠠᠰᠠᠬᠤ ᠶᠠᠪᠤᠳᠠᠯ ᠤᠨ ᠵᠤᠷᠭᠠᠨ ᠠᠴᠠ ᠳᠣᠰᠬᠠᠢ ᠲᠦᠰᠢᠮᠡᠯ ᠲᠤᠮᠢᠯᠠᠵᠤ ᠠᠶᠢᠮᠠᠭ ᠤᠭᠰᠠᠭᠠᠨ ᠤ ᠬᠢᠨᠢ ᠬᠡᠷᠡᠭ ᠵᠠᠷᠭᠤ ᠶᠢ ᠤᠷᠤᠯᠠᠨ ᠰᠢᠳᠬᠡᠵᠤ ᠪᠠᠶᠢᠵᠡᠢ᠃ ᠲᠡᠭᠷᠢ ᠳᠡᠳᠭᠦᠭᠴᠢ ᠶᠢᠨ ᠠᠷᠪᠠᠨ ᠳᠣᠯᠣᠳᠣᠭᠠᠷ ᠤᠨ ︵1752 ᠤᠨ︶ ᠳᠤ ᠡᠨᠡᠭᠦ ᠲᠦᠰᠢᠮᠡᠯ ᠢᠶᠠᠨ ᠭᠡᠳᠡᠷᠭᠦ ᠪᠤᠴᠠᠭᠠᠵᠤ᠂ ᠲᠠᠷᠠᠭ᠎ᠠ ᠵᠢᠯ ᠨᠢ ᠯᠤᠪᠰᠠᠩᠳᠠᠷᠵᠠ ᠳᠤ ︽ᠳᠤᠷᠭᠤᠳ ᠤᠨ ᠬᠤᠰᠢᠭᠤᠨ ᠢ ᠵᠠᠬᠢᠷᠤᠭᠴᠢ ᠵᠠᠰᠠᠭ ᠤᠨ ᠳᠠᠮᠠᠭ᠎ᠠ︾ ᠭᠡᠮᠡᠭᠦ ᠮᠠᠨᠵᠤ ᠮᠤᠩᠭᠤᠯ ᠦᠰᠦᠭ ᠬᠠᠪᠰᠤᠷᠭᠠᠭᠰᠠᠨ ᠮᠦᠩᠭᠦᠨ ᠳᠠᠮᠠᠭ᠎ᠠ ᠪᠠᠭᠤᠯᠭᠠᠨ᠂ ᠵᠠᠰᠠᠭ ᠪᠠᠷᠢᠬᠤ ᠡᠷᠭᠡ ᠤᠯᠭᠤᠵᠤ᠂ ᠬᠠᠷᠢᠶᠠᠳᠤ ᠠᠯᠪᠠᠳᠤ ᠲᠠᠢ ᠨᠢ ᠠᠰ ᠢᠶᠠᠷ ᠨᠢ ᠨᠢᠭᠡ ᠳᠤᠰᠬᠠᠢ ᠬᠤᠰᠢᠭᠤ ᠪᠤᠯᠭᠠᠭᠰᠠᠨ ᠪᠤᠯᠪᠠᠴᠤ᠂ ᠲᠠᠮᠡᠢ ᠤᠳᠠᠯ ᠦᠬᠡᠢ ︽ᠬᠤᠰᠢᠭᠤᠨ ᠤ ᠬᠡᠷᠡᠭ ᠤᠴᠢᠷ ᠢ ᠰᠠᠶᠢᠳᠤᠷ ᠰᠢᠢᠳᠪᠦᠷᠢᠯᠡᠵᠤ ᠡᠰᠡ ᠴᠢᠳᠠᠪᠠ︾ ᠬᠡᠭᠦ ᠰᠢᠯᠳᠠᠭ ᠢᠶᠠᠷ ᠳᠡᠭᠡᠷ᠎ᠡ ᠠᠴᠠ ᠳᠡᠬᠢᠨᠳᠡ ᠲᠦᠰᠢᠮᠡᠯ ᠳᠤᠮᠢᠯᠠᠵᠤ ᠳᠡᠭᠦᠨ ᠢ ᠤᠷᠤᠯᠠᠨ ᠬᠤᠰᠢᠭᠤᠨ ᠤ ᠶᠠᠪᠤᠳᠠᠯ ᠢ ᠬᠠᠷᠢᠭᠤᠴᠠᠬᠤ ᠪᠤᠯᠵᠤ᠂ ᠲᠡᠭᠷᠢ ᠳᠡᠳᠭᠦᠭᠴᠢ ᠶᠢᠨ ᠬᠤᠷᠢᠨ ᠳᠦᠷᠪᠡᠳᠦᠭᠡᠷ ᠤᠨ ᠳᠤ ᠰᠠᠶ᠋ᠢ ᠳᠤᠰ ᠲᠦᠰᠢᠮᠡᠯ ᠢᠶᠠᠨ ᠭᠡᠳᠡᠷᠭᠦ ᠳᠠᠳᠠᠭᠰᠠᠨ ᠠᠴᠠ ᠳᠡᠷᠡ 1767 ᠤᠨ ᠳᠤ ᠨᠠᠰᠤ ᠡᠴᠦᠰᠯᠡᠬᠦ ᠪᠤᠯᠳᠠᠯ᠎ᠠ ᠪᠠᠨ ᠵᠠᠰᠠᠭ ᠨᠤᠶᠠᠨ ᠤ ᠳᠠᠷᠬᠠᠨ ᠡᠷᠬᠡ  ᠪᠠᠨ ᠤᠷᠢᠳ ᠬᠤᠵᠢᠳ ᠵᠦᠪᠬᠡᠨ 10 ᠵᠢᠯ ᠬᠢᠷᠢᠳᠡᠢ ᠯᠠ ᠪᠠᠶ᠎ᠡ ᠪᠠᠨ ᠲᠠᠭᠠᠭᠠᠵᠤ ᠡᠵᠡᠮᠳᠡᠵᠡᠢ᠃        ᠬᠤᠶᠠᠷ᠂ ᠸᠠᠩᠵᠢᠯᠴᠡᠷᠡᠨ ︵1743 — 1810 ᠤᠨ︶        ᠸᠠᠩᠵᠢᠯᠴᠡᠷᠡᠨ᠂ ᠲᠡᠭᠷᠢ ᠳᠡᠳᠭᠦᠭᠴᠢ ᠶᠢᠨ ᠨᠠᠢᠮᠠᠳᠣᠭᠠᠷ ᠤᠨ ︵1743 ᠤᠨ︶ ᠳᠤ᠂ ᠵᠠᠰᠠᠭ ᠨᠤᠶᠠᠨ ᠯᠤᠪᠰᠠᠩᠳᠠᠷᠵᠠ ᠶᠢᠨ ᠦᠷ᠎ᠡ ᠶᠢᠨ ᠭᠠᠭᠴᠠ ᠬᠦᠪᠡᠬᠦᠨ ᠪᠤᠯᠤᠨ ᠵᠠᠶᠠᠭᠠᠵᠠᠢ᠃ ᠲᠡᠭᠷᠢ ᠳᠡᠳᠭᠦᠭᠴᠢ ᠶᠢᠨ ᠭᠤᠴᠢᠨ ᠬᠤᠶᠠᠳᠣᠭᠠᠷ ᠤᠨ ᠳᠤ ᠡᠴᠢᠭᠡ ᠨᠤᠶᠠᠨ ᠤ ᠪᠠᠨ ᠭᠡᠷᠭᠡᠮ ᠵᠡᠷᠬᠡ ᠶᠢ ᠵᠠᠯᠭᠠᠮᠵᠢᠯᠠᠭᠰᠠᠨ ᠪᠤᠯᠪᠠᠴᠤ᠂ ᠲᠡᠭᠦᠨ ᠤ ᠨᠠᠭᠠᠴᠤ ᠪᠤᠯᠬᠤ ᠬᠠᠯᠬ᠎ᠠ ᠶᠢᠨ ᠵᠠᠰᠠᠭᠳᠤ ᠬᠠᠨ ᠤ ᠪᠠᠷᠠᠭᠤᠨ ᠭᠠᠷᠤᠨ ᠵᠡᠭᠦᠨ ᠬᠤᠰᠢᠭᠤᠨ ᠤ ᠵᠠᠰᠠᠭ ᠲᠦᠷᠦ ᠶᠢᠨ ᠵᠢᠶᠦ᠋ᠨ ᠸᠠᠩ ᠪᠠᠯᠳᠠᠷ ᠠᠴᠠ ᠭᠠᠳᠠᠭᠠᠳᠤ ᠮᠤᠩᠭᠤᠯ ᠤᠨ ᠲᠦᠷᠦ ᠶᠢ ᠵᠠᠰᠠᠬᠤ ᠶᠠᠪᠤᠳᠠᠯ ᠤᠨ ᠵᠤᠷᠭᠠᠨ ᠳᠤ ᠡᠷᠬᠦᠳᠡᠯ ᠭᠠᠷᠭᠠᠵᠤ ᠲᠡᠭᠦᠨ ᠢ ᠨᠠᠰᠤ ᠪᠠᠭ᠎ᠠ ᠲᠤᠯᠠ ᠨᠤᠳᠤᠭ ᠤᠶᠢᠷ᠎ᠠ ᠰᠠᠭᠤᠭ᠎ᠠ ᠠᠯᠠᠱᠠ ᠶᠢᠨ ᠸᠠᠩ ᠨᠤᠶᠠᠨ ᠯᠤᠪᠰᠠᠩᠳᠤᠷᠵᠢ  ᠪᠠᠷ ᠬᠤᠰᠢᠭᠤ ᠨᠤᠳᠤᠭ ᠤᠨ ᠬᠢᠨᠢ ᠬᠡᠷᠡᠭ ᠢ ᠬᠠᠮᠵᠢᠭᠤᠯᠤᠨ ᠰᠢᠳᠬᠡᠬᠦ ᠪᠠᠷ ᠭᠤᠶᠤᠴᠢᠯᠠᠨ᠂ ᠠᠯᠠᠱᠠ ᠬᠤᠰᠢᠭᠤ ᠯᠦᠭᠡ  ᠶᠢᠨ ᠬᠠᠮᠵᠢᠯᠭ᠎ᠠ ᠶᠢ ᠵᠢᠩᠬᠢᠨᠢ ᠪᠠᠷ ᠶᠠᠪᠤᠭᠤᠯᠤᠭᠰᠠᠨ ᠠᠴᠠ ᠸᠠᠩᠴᠢᠨᠪᠠᠯᠪᠠᠷ ᠨᠤᠶᠠᠨ ᠭᠦᠷᠳᠡᠯ᠎ᠡ ᠪᠦᠬᠦᠯᠢ 25 ᠵᠢᠯ ᠬᠤᠰᠢᠭᠤ ᠨᠤᠳᠤᠭ ᠤᠨ ᠢᠶᠠᠨ ᠡᠵᠡᠨ ᠮᠡᠳᠡᠯ ᠢ ᠠᠯᠳᠠᠵᠤ᠂ ᠲᠡᠭᠷᠢ ᠳᠡᠳᠭᠦᠭᠴᠢ ᠶᠢᠨ ᠵᠢᠷᠠᠳᠣᠭᠠᠷ ᠤᠨ ︵1795 ᠤᠨ︶ ᠳᠤ ᠰᠠᠶ᠋ᠢ ᠬᠠᠮᠵᠢᠯᠭ᠎ᠠ ᠰᠠᠯᠵᠤ ᠡᠷᠬᠡ ᠪᠠᠨ ᠡᠭᠡᠭᠦᠯᠦᠨ ᠠᠪᠴᠢᠷᠠᠭᠰᠠᠨ ᠠᠴᠠ ᠳᠡᠷᠠᠪᠠᠷ ᠰᠠᠶᠢᠰᠢᠶᠠᠯᠳᠤ ᠢᠷᠦᠬᠡᠯᠳᠦ ᠶᠢᠨ ᠠᠷᠪᠠᠨ ᠳᠠᠪᠣᠳᠣᠭᠠᠷ ᠣᠨ ︵1810 ᠤᠨ︶ ᠳᠤ ᠨᠠᠰᠤ ᠪᠠᠷᠠᠳᠠᠯ᠎ᠠ ᠪᠠᠨ 43 ᠵᠢᠯ ᠸᠠᠩ ᠨᠤᠶᠠᠨ  ᠤ ᠰᠠᠭᠤᠷᠢᠨ ᠳᠤ ᠰᠠᠭᠤᠭᠰᠠᠨ ᠪᠤᠯᠪᠠᠴᠤ 18 ᠵᠢᠯ ᠯᠠ ᠦᠪᠡᠷ ᠲᠡᠭᠡᠨ ᠵᠠᠰᠠᠭ ᠪᠠᠷᠢᠵᠡᠢ᠃        ᠭᠤᠷᠪᠡ᠂ ᠳᠦᠨᠳᠦᠪᠴᠡᠷᠡᠨ ︵︖ — 1812 ᠤᠨ︶      ᠳᠦᠨᠳᠦᠪᠴᠡᠷᠡᠨ ᠪᠤᠯ ᠸᠠᠩᠵᠢᠯᠴᠡᠷᠡᠨ ᠨᠤᠶᠠᠨ ᠤ ᠬᠤᠶᠠᠳᠡᠬᠢ ᠬᠦᠪᠡᠭᠦᠨ ᠪᠤᠯᠬᠤ ᠶᠤᠮ᠃ ᠳᠡᠷᠡ ᠰᠠᠶᠢᠰᠢᠶᠠᠯᠳᠣ ᠢᠷᠦᠬᠡᠯᠳᠦ ᠶᠢᠨ ᠠᠷᠪᠠᠨ ᠳᠠᠪᠣᠳᠣᠭᠠᠷ ᠣᠨ ︵1810 ᠤᠨ︶ ᠳᠤ ᠲᠦᠷᠦ ᠶᠢᠨ ᠪᠠᠶᠢᠯᠠ ᠶᠢᠨ ᠵᠡᠷᠬᠡ ᠵᠠᠯᠭᠠᠮᠵᠢᠯᠠᠵᠤ᠂ ᠰᠠᠶᠢᠰᠢᠶᠠᠯᠳᠤ ᠢᠷᠦᠬᠡᠯᠳᠦ ᠶᠢᠨ ᠠᠷᠪᠠᠨ ᠳᠣᠯᠣᠳᠣᠭᠠᠷ ᠤᠨ ᠳᠤ ᠦᠭᠡᠳᠡ ᠪᠤᠯᠵᠡᠢ᠃      ᠳᠦᠷᠪᠡ᠂ ᠪᠠᠶᠠᠷᠮᠠᠩᠨᠠᠢ ︵︖ — 1841 ᠤᠨ︶        ᠪᠠᠶᠠᠷᠮᠠᠩᠨᠠᠢ ᠪᠤᠯ ᠳᠦᠨᠳᠦᠪᠴᠡᠷᠡᠨ ᠤ ᠭᠠᠭᠴᠠ ᠬᠦᠪᠡᠬᠦᠨ ᠪᠤᠯᠤᠨ᠎ᠠ᠃ ᠳᠡᠷᠡ ᠰᠠᠶᠢᠰᠢᠶᠠᠯᠳᠣ ᠢᠷᠦᠬᠡᠯᠳᠦ  ᠶᠢᠨ ᠠᠷᠪᠠᠨ ᠳᠣᠯᠣᠳᠣᠭᠠᠷ ᠤᠨ ︵1812 ᠤᠨ︶ ᠳᠤ᠂ ᠡᠴᠢᠬᠡ ᠨᠤᠶᠡᠨ ᠤ ᠪᠠᠨ ᠵᠡᠷᠬᠡ ᠬᠡᠷᠭᠡᠮ ᠢ ᠵᠠᠯᠭᠠᠮᠵᠢᠯᠠᠵᠤ᠂ ᠲᠦᠷᠦ ᠭᠡᠷᠡᠯᠳᠦ ᠶᠢᠨ ᠬᠤᠷᠢᠨ ᠨᠢᠭᠡᠳᠦᠭᠡᠷ ᠤᠨ ︵1841 ᠤᠨ︶ ᠳᠤ ᠨᠠᠰᠤ ᠪᠠᠷᠠᠬᠤ ᠪᠤᠯᠳᠠᠯ᠎ᠠ  ᠪᠠᠨ 29 ᠵᠢᠯ ᠨᠤᠶᠠᠨ ᠰᠠᠭᠤᠵᠡᠢ᠃      ᠲᠠᠪᠤ᠂ ᠳ᠋ᠠᠰᠢᠴᠡᠷᠡᠨ ︵︖ — 1869 ᠤᠨ︶      ᠳ᠋ᠠᠰᠢᠴᠡᠷᠡᠨ ᠪᠤᠯ ᠪᠠᠶᠡᠷᠮᠠᠩᠨᠠᠢ ᠨᠤᠶᠠᠨ ᠤ ᠦᠷ᠎ᠡ ᠶᠢᠨ ᠭᠠᠭᠴᠠ ᠬᠦᠦ ᠪᠤᠯᠬᠤ ᠶᠤᠮ᠃ ᠲᠡᠷᠡ ᠲᠦᠷᠦ ᠭᠡᠷᠡᠯᠳᠦ ᠶᠢᠨ ᠬᠤᠷᠢᠨ ᠨᠢᠭᠡᠳᠦᠭᠡᠷ ᠤᠨ ︵1841 ᠤᠨ︶ ᠳᠤ ᠲᠦᠷᠦ ᠶᠢᠨ ᠪᠠᠶᠢᠯᠠ ᠶᠢᠨ ᠰᠠᠭᠤᠷᠢᠨ ᠳᠤ ᠳᠡᠪᠰᠢᠵᠤ᠂ ᠪᠦᠷᠢᠨ ᠵᠠᠰᠠᠭᠴᠢ ᠶᠢᠨ  ᠨᠠᠢᠮᠠᠳᠣᠭᠠᠷ ᠤᠨ ︵1869 ᠤᠨ︶ ᠳᠤ ᠬᠤᠰᠢᠭᠤ ᠨᠤᠳᠤᠭ ᠲᠤᠨᠢ ᠲᠦᠷᠢᠮᠡᠬᠡᠶᠢᠯᠡᠨ ᠤᠷᠤᠵᠤ ᠢᠷᠡᠭᠰᠠᠨ ᠭᠠᠨᠵᠸᠤ ᠶᠢᠨ ᠬᠤᠳᠤᠩ ᠳᠡᠬᠡᠷᠡᠮᠴᠢᠳ ᠤᠨ ᠬᠦᠯ ᠠᠴᠠ ᠵᠢᠭᠤᠳᠠᠨ ᠲᠤᠳᠠᠭᠠᠵᠤ ᠶᠠᠪᠤᠵᠤ ᠪᠠᠶᠢᠭᠠᠳ ᠤᠳᠤᠬᠢ ᠰᠤᠪᠨᠠᠭᠤᠷ ᠰᠤᠮᠤᠨ ᠤ ᠪᠠᠶᠠᠨᠪᠤᠯᠠᠭ ᠭᠠᠴᠠᠭᠠᠨ ᠤ ᠬᠠᠷᠢᠶᠠᠨ ᠳᠠᠬᠢ ᠪᠠᠭ᠎ᠠ ᠬᠤᠩᠭᠤᠷᠵᠢ ᠭᠡᠮᠡᠭᠦ ᠭᠠᠵᠡᠷ ᠲᠤ ᠡᠨᠡᠭᠦ ᠲᠡᠭᠡᠷᠡᠮ ᠤᠨ ᠨᠢᠬᠡ ᠰᠠᠯᠠᠭ᠎ᠠ ᠲᠠᠢ ᠠᠵᠠ ᠪᠤᠰᠤ ᠬᠠᠷᠭᠤᠵᠤ ᠡᠰᠡᠷᠬᠦᠴᠡᠨ ᠳᠤᠯᠤᠯᠳᠤᠭᠰᠠᠨ ᠪᠤᠯᠪᠠᠴᠤ ᠬᠦᠴᠦᠨ ᠮᠡᠭᠦᠰᠳᠡᠵᠤ᠂ ᠡᠴᠦᠰ ᠲᠡᠭᠡᠨ ᠬᠤᠰᠢᠭᠤᠨ ᠤ ᠵᠠᠰᠠᠭ ᠤᠨ ᠳᠠᠮᠠᠭ᠎ᠠ ᠪᠠᠨ ᠠᠯᠳᠠᠭᠰᠠᠨ ᠳᠡᠳᠦᠢ ᠦᠭᠡᠢ᠂ ᠬᠤᠪᠢᠨ ᠤ ᠨᠡᠨᠳᠢᠨ ᠠᠮᠢ ᠪᠠᠨ ᠴᠦ ᠠᠯᠳᠠᠵᠤ ᠬᠠᠷᠠᠰᠠᠯᠳᠠᠢ ᠵᠠᠭᠤᠷᠮᠠᠭ ᠨᠠᠰᠤᠯᠠᠵᠠᠢ᠃      ᠵᠢᠷᠭᠤᠭ᠎ᠠ᠂ ᠳ᠋ᠠᠨᠵᠢᠨ ︵︖ — 1892 ᠤᠨ︶      ᠳ᠋ᠠᠨᠵᠢᠨ ᠪᠣᠯ ᠳ᠋ᠠᠰᠢᠴᠡᠷᠡᠨ ᠨᠤᠶᠠᠨ ᠤ ᠦᠪᠡᠷ ᠤᠨ ᠠᠪᠠᠭ᠎ᠠ ᠠᠪᠤ ᠲᠠᠶᠢᠵᠢ ᠤᠷᠳᠤᠨᠠᠰᠤᠨ ᠠᠴᠠ ᠪᠠᠨ ᠡᠷᠭᠦᠵᠦ ᠠᠪᠤᠭᠰᠠᠨ ᠠᠰᠠᠷᠠᠮᠠᠯ ᠬᠦᠦ ᠪᠤᠯᠬᠤ ᠶᠤᠮ᠃ ᠲᠡᠷᠡ ᠪᠦᠷᠢᠨ ᠵᠠᠰᠠᠭᠴᠢ ᠶᠢᠨ ᠠᠷᠪᠠᠨ ᠬᠤᠶᠠᠳᠣᠭᠠᠷ ᠤᠨ     ︵1873 ᠤᠨ︶ ᠳᠤ ᠲᠦᠷᠦ ᠶᠢᠨ ᠪᠠᠶᠢᠯᠠ ᠵᠠᠯᠭᠠᠮᠵᠢᠯᠠᠵᠤ᠂ 19 ᠵᠢᠯ ᠵᠠᠰᠠᠭ ᠤᠨ ᠡᠷᠬᠡ ᠠᠳᠬᠤᠭᠠᠳ ᠪᠠᠳᠠᠷᠠᠭᠤᠯᠳᠤ ᠲᠦᠷᠦ ᠶᠢᠨ ᠠᠷᠪᠠᠨ ᠨᠠᠢᠮᠠᠳᠣᠭᠠᠷ ᠤᠨ ︵1892 ᠤᠨ︶ ᠳᠤ᠂ ᠲᠡᠭᠦᠨ ᠤ ᠦᠶ᠎ᠡ ᠶᠢᠨ ᠬᠤᠰᠢᠭᠤ ᠶᠠᠮᠤᠨ ᠤ ᠭᠠᠵᠠᠷ ᠪᠠᠶᠢᠭᠰᠠᠨ ᠤᠳᠤᠬᠢ ᠮᠦᠷᠠᠨ ᠭᠤᠤᠯ ᠤᠨ ᠳ᠋ᠠᠩᠪᠤ ᠶᠢᠨ ᠭᠦᠪ ᠤᠨ ᠰᠠᠲᠠᠷᠬᠡᠢ ᠶᠢᠨ ᠪᠠᠷᠠᠭᠤᠨ ᠡᠮᠦᠨ᠎ᠠ ᠨᠤᠭᠤᠭᠠᠨ ᠲᠤᠤᠷᠡᠢ ᠬᠡᠮᠡᠬᠦ ᠭᠠᠵᠡᠷ ᠨᠠᠭᠠᠳᠤᠮ ᠤᠨ ᠬᠤᠷᠠᠯ ᠤᠨ ᠮᠤᠷᠢᠨ ᠤ ᠤᠷᠤᠯᠳᠤᠭᠠᠨ ᠰᠤᠨᠢᠷᠬᠠᠵᠤ ᠪᠠᠶᠢᠭᠠᠳ ᠭᠡᠨᠡᠳᠳᠡ ᠨᠠᠰᠤᠯᠠᠵᠡᠢ᠃        ᠲᠤᠯᠤᠭ᠎ᠠ᠂ ᠦᠯᠵᠡᠶᠢᠪᠠᠳᠠᠷᠠᠬᠤ ︵1865 — 1925 ᠤᠨ︶      ᠦᠯᠵᠡᠶᠢᠪᠠᠳᠠᠷᠠᠬᠤ ᠪᠦᠷᠢᠨ ᠵᠠᠰᠠᠭᠴᠢ ᠶᠢᠨ ᠳᠦᠷᠪᠡᠳᠦᠭᠡᠷ ᠤᠨ ︵1865 ᠤᠨ︶ ᠳᠤ ᠳ᠋ᠠᠨᠵᠢᠨ ᠨᠤᠶᠠᠨ  ᠤ ᠶᠡᠭᠡ ᠬᠦᠪᠡᠭᠦᠨ ᠪᠤᠯᠤᠨ ᠲᠦᠷᠦᠵᠡᠢ᠃ ᠪᠠᠳᠠᠷᠠᠭᠤᠯᠳᠤ ᠲᠦᠷᠦ ᠶᠢᠨ ᠠᠷᠪᠠᠨ ᠨᠠᠢᠮᠠᠳᠣᠭᠠᠷ ᠤᠨ ︵1892 ᠤᠨ︶ ᠳᠤ ᠡᠴᠢᠬᠡ ᠨᠤᠶᠡᠨ ᠤ ᠪᠠᠨ ᠰᠠᠭᠤᠷᠢᠨ ᠢ ᠵᠠᠯᠭᠠᠮᠵᠢᠯᠠᠵᠤ᠂ ᠪᠦᠷᠢᠨ ᠵᠠᠰᠠᠭᠴᠢ ᠶᠢᠨ ᠬᠤᠷᠢᠨ ᠳᠠᠪᠣᠨ ᠤᠨ         ︵1899 ᠤᠨ︶ ᠳᠤ ᠠᠪᠠᠭ᠎ᠠ ᠪᠤᠯᠬᠤ ᠰᠠᠩᠵᠢ ᠠᠭᠠᠬᠢ ᠶᠢᠨ ᠮᠡᠭᠡᠨ ᠳᠤ ᠤᠷᠤᠵᠤ᠂ ᠵᠡᠷᠭᠡ ᠲᠤᠰᠢᠶᠠᠯ ᠠᠴᠠ  ᠪᠠᠨ ᠪᠠᠭᠤᠵᠤ ᠲᠦᠢᠨ ᠬᠤᠸᠠᠷᠠᠭ ᠪᠤᠯᠤᠭᠠᠳ᠂ ᠬᠤᠵᠢᠮ ᠨᠢ ᠮᠠᠯ ᠬᠦᠷᠦᠩᠭᠡ ᠪᠠᠨ ᠪᠠᠷᠠᠵᠤ᠂ ᠭᠤᠶᠢᠷᠠᠨᠴᠢᠯᠠᠵᠤ ᠳᠡᠨᠦᠭᠦᠴᠢᠯᠡᠵᠤ ᠶᠠᠪᠤᠵᠤ ᠪᠠᠶᠢᠭᠠᠳ ᠲᠤᠮᠳᠠᠳᠤ ᠢᠷᠬᠡᠨ ᠤᠯᠤᠰ ᠤᠨ ᠠᠷᠪᠠᠨ ᠳᠦᠷᠪᠡᠳᠦᠭᠡᠷ ᠤᠨ ︵1925 ᠤᠨ︶ ᠳᠤ ᠡᠳᠦᠭᠡ ᠶᠢᠨ ᠮᠦᠩᠭᠦᠳᠤ ᠭᠠᠴᠠᠭᠠᠨ ᠤ ᠰᠢᠪᠡᠷᠳᠤ ᠭᠡᠳᠡᠭ ᠭᠠᠵᠠᠷ ᠲᠤ ᠭᠦᠳᠡᠭᠡ ᠬᠡᠬᠡᠷ᠎ᠡ ᠬᠡᠭᠦᠷ ᠶᠠᠰᠤ ᠪᠠᠨ ᠲᠠᠯᠪᠢᠵᠡᠢ᠃        ᠨᠠᠢᠮᠠ᠂ ᠳ᠋ᠠᠰᠢ ︵1858 — 1930 ᠤᠨ︶      ᠳ᠋ᠠᠰᠢ ᠲᠦᠭᠡᠮᠡᠯ ᠡᠯᠪᠡᠭᠳᠤ ᠶᠢᠨ ᠨᠠᠢᠮᠠᠳᠣᠭᠠᠷ ᠤᠨ ︵1858 ᠤᠨ︶ ᠳᠤ ᠤᠷᠳᠤᠨᠠᠰᠤᠨ ᠲᠠᠶᠢᠵᠢ ᠶᠢᠨ ᠤᠳᠬᠤᠨ ᠬᠦᠦ ᠪᠤᠯᠤᠨ ᠮᠡᠨᠳᠦᠯᠡᠭᠰᠡᠨ ᠲᠤᠯᠠ ᠲᠡᠷᠡ ᠮᠦᠨᠴᠤ ᠳ᠋ᠠᠨᠵᠢᠨ ᠨᠤᠶᠠᠨ ᠤ ᠲᠦᠷᠦᠭᠰᠡᠨ ᠲᠡᠭᠦᠦ ᠪᠤᠯᠬᠤ ᠪᠦᠯᠦᠭᠡ᠃ ᠳ᠋ᠠᠨᠵᠢᠨ ᠪᠠᠶᠢᠯᠠ ᠶᠢᠨ ᠦᠶ᠎ᠡ ᠳᠤ ᠮᠠᠶᠢᠷᠡᠨ ᠵᠠᠩᠭᠢ ᠪᠠᠶᠢᠭᠰᠠᠨ ᠠᠴᠠ ᠪᠠᠨ ᠪᠠᠳᠠᠷᠠᠭᠤᠯᠳᠤ ᠲᠦᠷᠦ ᠶᠢᠨ ᠬᠤᠷᠢᠨ ᠳᠠᠪᠣᠳᠣᠭᠠᠷ ᠤᠨ ︵1899 ᠤᠨ︶ ᠳᠤ ᠦᠪᠡᠷ ᠤᠨ ᠠᠬ᠎ᠠ ᠵᠠᠬᠢᠷᠤᠭᠴᠢ ᠵᠠᠩᠭᠢ ᠰᠠᠩᠵᠢ ᠠᠭᠠᠬᠢ ᠲᠠᠢ  ᠪᠠᠨ ᠦᠯᠵᠡᠶᠢᠪᠠᠳᠠᠷᠠᠬᠤ ᠶᠢᠨ ᠤᠷᠤ ᠪᠤᠯᠢᠶᠠᠯᠳᠤᠬᠤ ᠳᠡᠮᠡᠴᠡᠭᠡᠨ ᠲᠤᠮᠳᠠ ᠢᠯᠠᠵᠤ᠂ ᠬᠤᠰᠢᠭᠤᠨ ᠤ ᠪᠠᠨ ᠨᠠᠢᠮᠠᠳᠠᠬᠢ ᠵᠠᠰᠠᠭ ᠨᠤᠶᠠᠨ ᠰᠠᠭᠤᠭᠰᠠᠨ ᠪᠦᠭᠡᠳ ᠲᠤᠮᠳᠠᠳᠦ ᠢᠷᠭᠡᠨ ᠤᠯᠤᠰ ᠤᠨ ᠬᠤᠶᠠᠳᠣᠭᠠᠷ ᠤᠨ ᠳᠤ ᠴᠢᠨ ᠸᠠᠩ ᠤᠨ ᠵᠡᠷᠬᠡ ᠬᠡᠷᠭᠡᠮ ᠲᠠᠢ ᠵᠠᠰᠠᠭ ᠲᠦᠷᠦ ᠶᠢᠨ ᠵᠢᠶᠦ᠋ᠨ ᠸᠠᠩ ᠡᠷᠭᠦᠮᠵᠢᠯᠡᠭᠳᠡᠨ᠂ ᠲᠤᠮᠳᠠᠳᠤ ᠢᠷᠬᠡᠨ ᠤᠯᠤᠰ ᠤᠨ  ᠠᠷᠪᠠᠨ ᠶᠢᠰᠦᠳᠦᠭᠡᠷ ᠣᠨ ︵1930 ᠤᠨ︶ ᠳᠤ ᠡᠳᠦᠬᠡ ᠶᠢᠨ ᠰᠤᠪᠨᠠᠭᠤᠷ ᠰᠤᠮᠤᠨ ᠤ ᠴᠡᠭᠡ ᠭᠠᠴᠠᠭᠠᠨ ᠤ ᠬᠢᠵᠠᠭᠠᠷ  ᠲᠠᠬᠢ ᠰᠠᠶᠢᠷ ᠴᠤᠡᠵᠢ ᠬᠡᠮᠡᠬᠦ ᠭᠠᠵᠡᠷ ᠲᠤ ᠳᠠᠭᠠᠯᠠᠯ ᠲᠡᠭᠦᠰᠭᠦ ᠪᠤᠯᠳᠠᠯ᠎ᠠ ᠪᠠᠨ ᠨᠠᠶᠢᠳᠠ 31 ᠵᠢᠯ ᠵᠠᠰᠠᠭ ᠪᠠᠷᠢᠵᠠᠢ᠃      ᠶᠢᠰᠤ᠂ ᠲᠦᠪᠰᠢᠨᠪᠠᠶᠠᠷ ︵1883 — 1938 ᠤᠨ︶      ᠲᠦᠪᠰᠢᠨᠪᠠᠶᠠᠷ᠂ ᠦᠭᠡᠷ᠎ᠡ ᠨᠡᠷ᠎ᠡ ᠨᠢ ᠫᠤᠩᠰᠤᠭ ᠭᠡᠳᠡᠭ᠃ ᠪᠠᠳᠠᠷᠠᠭᠤᠯᠳᠤ ᠲᠦᠷᠦ ᠶᠢᠨ ᠶᠢᠰᠦᠳᠦᠭᠡᠷ ᠤᠨ ︵1883 ᠤᠨ︶ ᠳᠤ ᠳ᠋ᠠᠰᠢ ᠨᠤᠶᠠᠨ ᠤ ᠶᠡᠭᠡ ᠬᠦᠪᠡᠭᠦᠨ ᠪᠤᠯᠤᠨ ᠵᠠᠶᠠᠭᠠᠭᠳᠠᠵᠤ᠂ ᠲᠤᠮᠳᠠᠳᠤ ᠢᠷᠬᠡᠨ ᠤᠯᠤᠰ ᠤᠨ ᠬᠤᠷᠢᠳᠣᠭᠠᠷ ᠤᠨ ︵1931 ᠤᠨ︶ ᠤ 9 ᠰᠠᠷ᠎ᠠ ᠳᠤ ᠰᠠᠭᠤᠷᠢᠨ ᠢ ᠨᠢ ᠵᠠᠯᠭᠠᠮᠵᠢᠯᠠᠵᠠᠢ᠃ ᠲᠤᠮᠳᠠᠳᠤ ᠢᠷᠬᠡᠨ ᠤᠯᠤᠰ ᠤᠨ  ᠬᠤᠷᠢᠨ ᠵᠢᠷᠭᠤᠳᠣᠭᠠᠷ ᠤᠨ ︵1937 ᠤᠨ︶ ᠳᠤ ᠬᠤᠰᠢᠭᠤᠨ ᠤ ᠪᠠᠨ ᠰᠠᠷᠬᠡᠶᠢᠯᠡᠨ ᠰᠠᠬᠢᠬᠤ ᠰᠧᠯᠢᠩ ᠶᠠᠮᠤᠨ ᠤ ᠺᠤᠮᠠᠨᠳ᠋ᠯᠠᠭᠴᠢ ᠪᠤᠯᠤᠭᠰᠠᠨ ᠠᠴᠠ ᠭᠠᠳᠠᠨ᠎ᠠ᠂ ᠲᠡᠷᠡ ᠪᠠᠰᠠ ᠮᠤᠩᠭᠤᠯ ᠭᠠᠵᠠᠷ ᠤᠷᠤᠨ ᠤ ᠦᠪᠡᠷᠳᠡᠬᠡᠨ ᠵᠠᠰᠠᠬᠤ ᠵᠠᠰᠠᠭ ᠤᠨ ᠶᠠᠪᠦᠳᠠᠯ ᠤᠨ ᠬᠡᠰᠢᠭᠦᠳ ᠤᠨ ᠬᠤᠷᠠᠯ ᠤᠨ ᠬᠡᠰᠢᠬᠦᠨ ᠪᠤᠯᠵᠤ ᠦᠩᠭᠡᠷᠡᠵᠡᠢ᠃ ᠵᠢᠶᠦ᠋ᠨ ᠸᠠᠩ ᠲᠦᠪᠰᠢᠨᠪᠠᠶᠠᠷ ᠲᠤᠮᠳᠠᠳᠤ ᠢᠷᠬᠡᠨ ᠤᠯᠤᠰ ᠤᠨ ᠬᠤᠷᠢᠨ ᠳᠣᠯᠣᠳᠣᠭᠠᠷ ᠤᠨ ︵1938 ᠤᠨ︶ ᠳᠤ ᠬᠦᠬᠡᠨᠠᠭᠤᠷ ᠤᠨ ᠭᠦᠮᠪᠤᠨ ᠭᠡᠶᠢᠳ ᠲᠤ ᠡᠪᠡᠳᠴᠢᠨ ᠢᠶᠠᠷ ᠤᠷᠴᠢᠯᠠᠩ ᠤᠨ ᠮᠦᠩᠬᠡ ᠪᠤᠰᠤ ᠶᠢ ᠦᠵᠡᠵᠡᠢ᠃      ᠠᠷᠪᠠ᠂ ᠯᠾᠠᠸᠠᠩᠵᠠᠪ ︵1900 — 1960 ᠤᠨ︶      ᠯᠾᠠᠸᠠᠩᠵᠠᠪ ᠪᠣᠯ ᠳ᠋ᠠᠰᠢ ᠨᠤᠶᠠᠨ ᠤ ᠤᠳᠬᠤᠨ ᠬᠦᠦ ᠪᠤᠯᠬᠤ ᠪᠦᠬᠡᠳ ᠲᠦᠪᠰᠢᠨᠪᠠᠶᠠᠷ ᠵᠢᠶᠦ᠋ᠨ ᠸᠠᠩ ᠤᠨ ᠲᠦᠷᠦᠭᠰᠡᠨ ᠲᠡᠭᠦᠦ ᠨᠢ ᠪᠤᠯᠬᠤ ᠶᠤᠮ᠃ ᠲᠡᠷᠡ 1938 ᠤᠨ ᠳᠤ ᠠᠬ᠎ᠠ ᠶᠢᠨ ᠢᠶᠠᠨ ᠰᠠᠭᠤᠷᠢᠨ ᠢ ᠵᠠᠯᠭᠠᠮᠵᠢᠯᠠᠵᠤ ᠬᠤᠰᠢᠭᠤ ᠨᠤᠳᠤᠭ ᠤᠨ ᠢᠶᠠᠨ ᠡᠴᠦᠰ ᠤᠨ ᠸᠠᠩ ᠨᠤᠶᠡᠨ ᠰᠠᠭᠤᠭᠰᠠᠨ ᠪᠦᠭᠡᠳ ᠰᠡᠷᠭᠡᠶᠢᠯᠡᠨ ᠰᠠᠬᠢᠬᠤ ᠰᠧᠯᠢᠩ ᠶᠠᠮᠤᠨ ᠤ ᠲᠡᠰᠯᠡᠭᠴᠢ ᠭᠧᠨᠧᠷᠠᠯ ᠴᠤᠯᠠ ᠲᠠᠢ ᠺᠤᠮᠠᠨᠳ᠋ᠯᠠᠭᠴᠢ ᠪᠤᠯᠵᠡᠢ᠃ ᠴᠢᠯᠤᠬᠡᠯᠡᠭᠳᠡᠭᠰᠠᠨ ᠤ ᠳᠠᠷᠠᠭ᠎ᠠ ᠲᠡᠷᠡ ᠬᠤᠰᠢᠭᠤᠨ ᠤ ᠪᠠᠨ ᠰᠢᠨ᠎ᠡ ᠵᠠᠰᠠᠭ ᠤᠨ ᠤᠷᠳᠤᠨ ᠤ ᠲᠡᠷᠢᠭᠦᠯᠡᠭᠴᠢ᠂ ᠬᠤᠰᠢᠭᠤᠨ ᠲᠠᠷᠤᠭ᠎ᠠ ᠪᠠᠷ 1956 ᠤᠨ ᠭᠦᠷᠲᠡᠯ᠎ᠡ ᠠᠵᠢᠯᠯᠠᠵᠤ᠂ ᠲᠡᠷᠠᠭ᠎ᠠ ᠨᠢ ᠪᠠᠶᠠᠨᠨᠠᠭᠤᠷ ᠠᠶᠢᠮᠠᠭ ᠤᠨ ᠵᠠᠬᠢᠷᠭ᠎ᠠ ᠶᠢᠨ ᠳᠡᠳ᠋ ᠲᠠᠷᠤᠭ᠎ᠠ ᠪᠠᠷ ᠲᠤᠮᠢᠯᠠᠭᠳᠠᠨ ᠠᠵᠢᠯᠯᠠᠵᠤ ᠪᠠᠶᠢᠭᠠᠳ 1960 ᠤᠨ ᠤ 7 ᠰᠠᠷ᠎ᠡ ᠶᠢᠨ 20 ᠤ ᠡᠳᠦᠷ ᠳᠤᠰ ᠠᠶᠢᠮᠠᠭ ᠤᠨ ᠲᠦᠪ ᠪᠠᠶᠠᠠᠭᠤᠤᠯ ᠳᠤ ᠨᠠᠰᠤᠨ ᠰᠠᠭᠦᠲᠡᠷ 60 ᠲᠠᠢ ᠨᠡᠷᠡᠳᠦ ᠶᠢᠷᠲᠢᠨᠴᠦ ᠠᠴᠠ ᠠᠩᠬᠢᠵᠢᠷᠠᠵᠡᠢ᠃                                                     (ᠵᠣᠬᠢᠶᠠᠭᠴᠢ᠄ ᠳ᠋᠊ · ᠴᠠᠭᠠᠨᠬᠦᠦ)
 
ᠢᠷᠡᠯᠲᠡ᠄ ᠠᠯᠠᠱᠠ ᠶᠢᠨ ᠮᠣᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号