ᠠᠯᠠᠱᠠ ᠠᠶᠢᠮᠠᠬ ᠤᠨ ᠮᠤᠩᠭᠤᠯ ᠡᠮᠨᠡᠯᠭᠡ ᠶᠢᠨ ᠬᠤᠷᠢᠶ᠎ᠠ ᠬᠤᠷᠢᠶ᠎ᠠ ᠪᠠᠶᠢᠭᠤᠯᠤᠬᠳᠠᠬᠰᠠᠨ 20 ᠵᠢᠯ ᠤᠨ ᠤᠢ ᠪᠠᠨ ᠪᠡᠯᠭᠡᠯᠡᠬᠦ ᠥᠳᠡᠰᠢᠯᠡᠭᠡ ᠡᠷᠬᠢᠯᠡᠯ᠎ᠠ
ᠨᠡᠶᠢᠲᠡᠯᠡᠭᠰᠡᠨ ᠴᠠᠭ᠄
2019/9/24
       9 ᠰᠠᠷ᠎ᠠ  ᠶᠢᠨ 22  ᠤᠨ ᠡᠳᠣᠷ᠂ ᠠᠶᠢᠮᠠᠭ  ᠤᠨ ᠮᠣᠩᠭᠤᠯ ᠡᠮᠨᠡᠯᠬᠡ  ᠶᠢᠨ ᠬᠤᠷᠢᠶ᠎ᠠ   ᠨᠢ ᠬᠤᠷᠢᠶ᠎ᠠ ᠪᠠᠶᠢᠭᠤᠯᠤᠭᠳᠠᠭᠰᠠᠨ 20 ᠵᠢᠯ  ᠤᠨ ᠤᠢ  ᠪᠠᠨ ᠪᠡᠯᠭᠡᠯᠡᠬᠦ ︽ᠣᠷᠢᠳᠣᠬᠢ  ᠶᠢ ᠣᠯᠠᠮᠵᠢᠯᠠᠨ ᠰᠢᠨᠡᠴᠢᠯᠡᠯᠳᠡ ᠲᠠᠢ  ᠪᠠᠷ ᠬᠦᠭᠵᠢᠯᠳᠡ  ᠶᠢ ᠰᠦᠪᠡᠭᠴᠢᠯᠡᠵᠦ᠂ ᠡᠷᠬᠢᠮ ᠰᠣᠷᠳᠡᠯ ᠰᠣᠳᠣᠨ ᠦᠢᠯᠡᠰ  ᠢᠶᠠᠷ  ᠢᠶᠠᠨ ᠬᠡᠷᠡᠯ ᠰᠠᠴᠣᠷᠡᠩᠭᠤᠢ ᠠᠮᠵᠢᠯᠳᠡ  ᠶᠢ ᠪᠦᠳᠣᠭᠡᠨᠡᠮ︾ ᠭᠤᠤᠯ ᠰᠡᠳᠦᠪᠳᠤ ᠣᠷᠠᠨ ᠰᠠᠶᠢᠬᠠᠨ  ᠤ ᠦᠳᠡᠰᠢᠯᠡᠭᠡ ᠡᠷᠬᠢᠯᠡᠵᠦ᠂ ᠰᠢᠯᠢᠳᠡᠭ ᠠᠮᠵᠢᠯᠳᠠ  ᠪᠠᠷ  ᠢᠶᠠᠨ ᠰᠢᠨ᠎ᠠ ᠲᠤᠮᠳᠠᠳᠤ ᠤᠯᠤᠰ ᠪᠠᠶᠢᠭᠤᠯᠤᠬᠳᠠᠬᠰᠠᠨ 70 ᠵᠢᠯ ᠤᠨ ᠤᠢ ᠶᠢ ᠤᠬᠳᠤᠬᠰᠠᠨ ᠪᠠᠶᠢᠨ᠎ᠠ᠃        ᠠᠶᠢᠮᠠᠭ ᠤᠨ ᠮᠣᠩᠭᠤᠯ ᠡᠮᠨᠡᠯᠬᠡ ᠶᠢᠨ ᠬᠤᠷᠢᠶᠠᠨ ᠤ ᠤᠳᠤᠷᠢᠳᠤᠯᠭ᠎ᠠ ᠠᠴᠠ ᠡᠮᠨᠡᠯᠭᠡ ᠶᠢᠨ ᠬᠤᠷᠢᠶᠠᠨ ᠤ ᠬᠤᠷᠢᠭᠠᠳ ᠵᠢᠯ ᠤᠨ ᠬᠤᠪᠢᠷᠠᠯᠳᠠ ᠬᠦᠭᠵᠢᠯᠳᠡ ᠶᠢᠨ ᠶᠠᠪᠤᠴᠠ ᠪᠠ ᠡᠬᠦᠨ ᠤ ᠲᠤᠮᠳᠠᠬᠢ ᠡᠯ᠎ᠡ ᠲᠠᠯ᠎ᠠ ᠶᠢᠨ ᠠᠮᠵᠢᠯᠳᠠ ᠪᠦᠳᠦᠮᠵᠢ ᠶᠢ ᠦᠵᠡᠭᠴᠢ ᠳᠤ ᠲᠠᠨᠢᠯᠴᠠᠭᠤᠯᠬᠤ ᠪᠠᠷ ᠤᠷᠠᠨ ᠰᠠᠶᠢᠬᠠᠨ ᠤ ᠦᠳᠡᠰᠢᠯᠡᠭᠡ ᠡᠬᠢᠯᠡᠪᠡ᠃ ᠦᠳᠡᠰᠢᠯᠡᠭᠡ ᠳᠤ ᠠᠶᠢᠮᠠᠭ ᠤᠨ ᠮᠣᠩᠭᠤᠯ ᠡᠮᠨᠡᠯᠬᠡ ᠶᠢᠨ ᠬᠤᠷᠢᠶᠠᠨ ᠤ ᠰᠢᠯᠢᠳᠡᠭ ᠠᠵᠢᠯᠳᠠᠨ ᠢ ᠵᠤᠷᠢᠭᠵᠢᠭᠤᠯᠤᠨ ᠬᠦᠬᠢᠬᠦᠯᠬᠦ᠂ ᠠᠵᠢᠯ ᠤᠨ ᠠᠮᠠᠷᠠᠯᠳᠡ ᠪᠠᠨ ᠠᠪᠤᠭᠰᠠᠨ ᠠᠬᠠᠮᠠᠳ ᠠᠵᠢᠯᠳᠠᠨ ᠳᠤ ᠲᠤᠷᠠᠰᠬᠠᠯ ᠪᠡᠯᠡᠭ ᠭᠠᠷᠳᠠᠭᠤᠯᠬᠤ ᠠᠭᠤᠯᠭ᠎ᠠ ᠲᠤᠬᠢᠷᠠᠭᠤᠯᠵᠡᠢ᠃ ᠣᠷᠠᠨ ᠰᠠᠶᠢᠬᠠᠨ ᠤ ᠲᠤᠭᠯᠠᠯᠳᠡ ᠳᠤ ︽ᠵᠡᠩᠭᠠᠷ ᠤᠨ ᠮᠠᠭᠳᠠᠭᠠᠯ︾᠂ ︽ᠬᠠᠨ ᠠᠯᠠᠱᠠ ᠶᠢᠨ ᠲᠠᠯᠠᠯᠭ᠎ᠠ︾᠂ ︽ᠰᠢᠨ᠎ᠡ ᠡᠷᠡᠨ ᠤ ᠨᠠᠰᠣᠳᠡᠶᠢᠴᠣᠣᠯ︾᠂ ︽ᠮᠤᠩᠭᠤᠯ ᠰᠡᠳᠬᠢᠮᠵᠢ︾᠂ ︽ᠡᠬᠡ ᠣᠯᠣᠰ ᠢᠶᠠᠨ ᠮᠠᠭᠳᠡᠨ ᠲᠠᠭᠤᠯᠠᠶ᠎ᠠ︾  ᠭᠡᠭᠦ ᠮᠡᠳᠦ ᠣᠯᠠᠨ ᠲᠦᠷᠦᠯ ᠤᠨ ᠲᠤᠭᠯᠠᠯᠳᠡ ᠭᠠᠷᠭᠠᠨ᠂ ᠦᠵᠡᠭᠴᠢᠳ ᠤᠨ ᠰᠣᠨᠤᠷ ᠢ ᠮᠢᠯᠢᠶᠠᠭᠰᠠᠨ ᠪᠠᠶᠢᠨ᠎ᠠ᠃        ᠠᠶᠢᠮᠠᠭ ᠤᠨ ᠮᠣᠩᠭᠤᠯ ᠡᠮᠨᠡᠯᠬᠡ ᠶᠢᠨ ᠬᠤᠷᠢᠶᠠᠨ ᠤ ᠬᠦᠭᠵᠢᠯᠳᠡ ᠶᠢᠨ ᠲᠤᠬᠠᠢ ᠲᠠᠪᠤᠨ ᠵᠠᠰᠠᠯ ᠤᠨ ᠰᠠᠯᠠᠭᠠᠨ ᠤ ᠡᠮᠴᠢ ᠲᠠᠯᠠᠨᠳᠡᠢ᠄ ︽ᠪᠢ ᠮᠤᠩᠭᠤᠯ ᠡᠮᠨᠡᠯᠬᠡ ᠶᠢᠨ ᠬᠤᠷᠢᠶᠠᠨ ᠳᠤ ᠠᠵᠢᠯᠯᠠᠭᠠᠳ 8 ᠵᠢᠯ ᠪᠤᠯᠵᠦ ᠪᠠᠶᠢᠨ᠎ᠠ᠃ ᠡᠨ᠋ᠨ 8 ᠵᠢᠯ ᠤᠨ ᠬᠤᠭᠤᠴᠠᠭᠠᠨ ᠳᠤ ᠮᠠᠨ ᠤ ᠡᠮᠨᠡᠯᠭᠡ ᠶᠢᠨ ᠬᠤᠷᠢᠶᠠᠨ ᠤ ᠠᠵᠢᠯᠯᠠᠬᠤ ᠣᠷᠣᠨ ᠰᠠᠭᠤᠴᠠ᠂ ᠡᠮᠨᠡᠯᠬᠡ ᠶᠢᠨ ᠲᠤᠨᠤᠭ ᠲᠦᠬᠦᠭᠡᠷᠦᠮᠵᠢ ᠶᠠᠪᠤᠬᠤ ᠲᠤᠳᠣᠮ ᠪᠦᠷᠢᠨ ᠲᠡᠬᠦᠯᠳᠡᠷᠵᠢᠵᠦ᠂ ᠡᠮᠴᠢ ᠰᠣᠪᠢᠯᠠᠭᠴᠢ ᠶᠢᠨ ᠲᠤᠭ᠎ᠠ ᠴᠤ ᠵᠢᠯ ᠠᠴᠠ ᠵᠢᠯ ᠨᠡᠮᠡᠭᠳᠡᠨ᠂ ᠡᠪᠡᠳᠴᠢᠳᠡᠨ ᠳᠤ ᠨᠡᠩ ᠰᠠᠶᠢᠨ ᠡᠮᠴᠢᠯᠡᠭᠡᠨ ᠤ ᠦᠢᠯᠡᠴᠢᠯᠡᠭᠡ ᠬᠠᠨᠭ᠍ᠭᠠᠵᠦ ᠪᠠᠶᠢᠭ᠎ᠠ᠃ ᠵᠢᠱᠢᠶᠡᠯᠡᠪᠡᠯ᠂ ᠨᠢᠳᠣᠨᠣᠨ ᠬᠤᠷᠢᠶᠠᠨ ᠳᠤ ᠡᠷᠡᠬᠦᠯᠵᠢᠯ ᠤᠨ ᠰᠠᠯᠠᠭ᠎ᠠ ᠨᠡᠮᠡᠭᠳᠡᠵᠦ᠂ ᠰᠠ ᠡᠪᠡᠳᠴᠢᠨ ᠲᠠᠢ ᠡᠪᠡᠳᠴᠢᠳᠡᠨ ᠴᠠᠭ ᠲᠠᠷᠤᠢ ᠳᠠᠭᠠᠨ ᠡᠮᠴᠢᠯᠡᠭᠡ ᠬᠦᠷᠳᠡᠨ᠂ ᠲᠦᠷᠬᠡᠨ ᠡᠷᠡᠬᠦᠯᠵᠢᠬᠦ ᠨᠦᠬᠦᠴᠡᠯ ᠲᠠᠢ ᠪᠤᠯᠤᠭᠰᠠᠨ︾ ᠭᠡᠵᠦ ᠣᠮᠣᠭᠰᠢᠨ ᠶᠠᠷᠢᠵᠦ ᠪᠠᠶᠢᠯ᠎ᠠ᠃                                                     (ᠵᠣᠬᠢᠶᠠᠭᠴᠢ᠄  ᠶᠠᠩ ᠰᠡᠴᠡᠨ)
 
ᠢᠷᠡᠯᠲᠡ᠄ ᠠᠯᠠᠱᠠ ᠶᠢᠨ ᠮᠣᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号