| | | | | | | | | | | | — ᠥᠪᠡᠷᠲᠡᠭᠡᠨ ᠵᠠᠰᠠᠬᠤ ᠣᠷᠣᠨ ᠤ ᠰᠢᠯᠢᠳᠡᠭ ᠨᠠᠮ ᠤᠨ ᠭᠡᠰᠢᠭᠦᠨ ᠲᠥᠪᠪᠠᠲᠤ ᠶᠢᠨ ᠲᠡᠷᠢᠭᠦᠨ ᠤ | ᠦᠢᠯᠡ ᠠᠵᠢᠯᠯᠠᠭ᠎ᠠ ᠶᠢ ᠲᠡᠮᠳᠡᠭᠯᠡᠪᠡ | | | ᠰᠢᠷᠭᠠᠯ ᠮᠠᠩᠬ᠎ᠠ ᠶᠢ ᠨᠣᠭᠲᠣᠯᠵᠤ ᠨᠣᠭᠤᠭᠠᠨ ᠬᠦᠷᠮ᠎ᠡ ᠨᠥᠮᠥᠷᠭᠡᠭᠰᠡᠨ ᠠᠬᠠᠮᠠᠳ ᠨᠠᠮ ᠤᠨ ᠭᠡᠰᠢᠭᠦᠨ | ᠲᠥᠪᠪᠠᠲᠤ ᠶᠢᠨ ᠲᠤᠬᠠᠢ ᠬᠥᠮᠥᠰ ᠡᠯ᠎ᠡ ᠵᠦᠢᠯ ᠤᠨ ᠰᠣᠨᠢᠨ ᠰᠡᠳᠬᠦᠯ᠂ ᠵᠢᠷᠤᠭᠲᠤ ᠠᠴᠠ ᠵᠥᠩᠳᠡᠭᠡᠨ ᠬᠠᠷᠠᠵᠤ | ᠪᠠᠰᠠ ᠭᠠᠶᠢᠬᠠᠨ ᠪᠢᠰᠢᠷᠡᠵᠦ ᠪᠠᠶᠢᠭᠰᠠᠨ ᠪᠠᠶᠢᠬ᠎ᠠ᠃ ᠨᠠᠰᠤ ᠵᠢᠷᠠ ᠶᠢᠨ ᠳᠠᠪᠠᠭ᠎ᠠ ᠶᠢ ᠳᠠᠪᠠᠭᠰᠠᠨ ᠲᠡᠷᠡᠪᠡᠷ ᠠᠵᠢᠯ ᠤᠨ | ᠠᠮᠠᠷᠠᠯᠲᠠ ᠪᠠᠨ ᠠᠪᠤᠭᠰᠠᠨ ᠪᠣᠯᠪᠠᠴᠤ ᠵᠢᠷᠭᠠᠵᠤ ᠰᠠᠭᠤᠬᠤ ᠶᠢ ᠪᠣᠳᠤᠭ᠎ᠠ ᠦᠭᠡᠢ᠂ ᠬᠠᠷᠢᠨ ᠠᠷᠪᠠᠨ ᠬᠡᠳᠦᠨ ᠵᠢᠯ ᠤᠨ | ᠲᠤᠷᠰᠢ ᠭᠠᠯᠵᠠᠭᠤ ᠮᠠᠩᠬ᠎ᠠ ᠲᠠᠢ ᠡᠷᠡᠯᠬᠡᠭᠯᠡᠨ ᠲᠡᠮᠡᠴᠡᠵᠦ ︽ ᠳᠣᠯᠭᠤᠷ ᠵᠣᠷᠢᠯᠳᠠ ᠪᠠᠨ ᠮᠠᠷᠲᠠᠯ ᠦᠭᠡᠢ᠂ ᠡᠭᠦᠷᠭᠡ | ᠬᠠᠷᠢᠭᠤᠴᠠᠯᠭ᠎ᠠ ᠪᠠᠨ ᠪᠠᠲᠤ ᠴᠡᠭᠡᠵᠢᠯᠡᠬᠦ︾ ᠭᠡᠳᠡᠭ ᠦᠭᠡ ᠶᠢᠨ ᠵᠢᠩᠬᠢᠨᠢ ᠤᠳᠬ᠎ᠠ ᠶᠢ ᠥᠪᠡᠷ ᠤᠨ ᠦᠢᠯᠡ | ᠠᠵᠢᠯᠯᠠᠭ᠎ᠠ ᠪᠠᠷ ᠢᠶᠠᠨ ᠲᠠᠶᠢᠯᠵᠤ ᠶᠠᠪᠤᠭᠰᠠᠨ ᠨᠢᠭᠡᠨ᠃ ᠨᠡᠩ ᠴᠤ ᠲᠡᠭᠦᠨ ᠤ ᠨᠤᠲᠤᠭ ᠢᠶᠠᠨ ᠣᠶᠢᠵᠢᠭᠤᠯᠵᠤ | ᠨᠤᠲᠤᠭ ᠤᠨ ᠤᠯᠠᠨ ᠲᠦᠮᠡᠨ ᠳᠡᠭᠡᠨ ᠠᠰᠢᠭ ᠬᠦᠷᠲᠡᠭᠡᠭᠰᠡᠨ ᠶᠠᠪᠤᠳᠠᠯ ᠨᠢ ᠬᠥᠮᠥᠰ ᠤᠨ ᠰᠡᠳᠬᠢᠯ ᠤᠨ ᠭᠦᠨ ᠳᠤ | ᠰᠢᠩᠭᠡᠵᠦ᠂ ᠲᠥᠪᠪᠠᠲᠤ ᠮᠠᠨᠢ ᠨᠢᠭᠡ ᠨᠠᠮ ᠤᠨ ᠭᠡᠰᠢᠭᠦᠨ ᠤ ᠵᠢᠱᠢᠶᠡᠴᠢ ᠦᠢᠯᠡᠳᠦᠯ ᠢᠶᠠᠨ ᠦᠨᠡᠨᠬᠦ ᠪᠠᠳᠠᠷᠠᠭᠤᠯᠵᠤ | ᠴᠢᠳᠠᠭᠰᠠᠨ ᠭᠡᠳᠡᠭ ᠢ ᠬᠠᠷᠠᠭᠤᠯᠵᠤ ᠪᠠᠶᠢᠭ᠎ᠠ᠃ | ᠲᠥᠪᠪᠠᠲᠤ ᠶᠢᠨ ᠨᠤᠲᠤᠭ ᠨᠢ ᠠᠯᠠᠱᠠ ᠠᠶᠢᠮᠠᠭ ᠤᠨ ᠡᠵᠡᠨ᠎ᠡ ᠬᠤᠰᠢᠭᠤᠨ ᠤ ᠳ᠋ᠦᠩᠹᠧᠩ ᠪᠠᠯᠭᠠᠰᠤᠨ ᠤ | ᠭᠤᠷᠤᠨᠠᠢ ᠭᠠᠴᠠᠭ᠎ᠠ ᠪᠣᠯᠣᠨ᠎ᠠ᠃ 3.4 ᠬᠠᠪᠳᠠᠭᠠᠢ ᠳᠥᠷᠪᠡᠯᠵᠢᠨ ᠺᠢᠯᠣᠮᠧᠲᠷ ᠲᠠᠯᠠᠪᠠᠢ ᠲᠠᠢ ᠳ᠋ᠦᠩᠹᠧᠩ ᠪᠠᠯᠭᠠᠰᠤ | ᠭᠡᠭᠴᠢ ᠪᠠᠳᠠᠢ ᠶᠢᠨ ᠵᠢᠷᠠᠨ ᠤ ᠡᠯᠡᠰᠦᠨ ᠳᠤ ᠬᠦᠷᠢᠶᠡᠯᠡᠭᠳᠡᠵᠦ᠂ ᠵᠢᠯ ᠤᠨ ᠬᠤᠷ᠎ᠠ ᠲᠤᠨᠤᠳᠠᠰᠤᠨ ᠤ ᠬᠡᠮᠵᠢᠶ᠎ᠡ 37 | ᠮᠢᠯᠢᠮᠧᠲᠷ ᠴᠤ ᠬᠦᠷᠳᠡᠭ ᠦᠭᠡᠢ ᠭᠠᠩ ᠬᠠᠭᠤᠷᠠᠢ ᠣᠷᠣᠨ ᠶᠤᠮᠰᠠᠨ᠃ ᠲᠡᠭᠦᠨ ᠤ ᠪᠠᠶᠢᠭ᠎ᠠ ᠭᠤᠷᠤᠨᠠᠢ ᠭᠠᠴᠠᠭ᠎ᠠ | ᠬᠤᠷ᠎ᠠ ᠲᠤᠨᠤᠳᠠᠰᠤ ᠨᠡᠩ ᠪᠠᠭ᠎ᠠ᠂ ᠵᠢᠯ ᠲᠤᠵᠢ ᠳᠠᠭᠠᠨ ᠤᠰᠤ ᠳᠤᠲᠠᠭᠰᠠᠨ ᠬᠡᠴᠡᠭᠦᠦ ᠣᠷᠣᠨ ᠪᠠᠶᠢᠭ᠎ᠠ ᠶᠤᠮ᠃ ᠡᠨᠡ | ᠭᠠᠵᠠᠷ ᠣᠶᠢᠵᠢᠭᠤᠯᠬᠤ ᠶᠢ ᠪᠢᠲᠡᠭᠡᠢ ᠬᠡᠯᠡ᠂ ᠭᠠᠭᠴᠠ ᠮᠣᠳᠣ ᠶᠢ ᠴᠤ ᠣᠨᠳᠣᠷᠣᠭᠤᠯᠬᠤ ᠳᠤ ᠬᠦᠴᠢᠷ ᠪᠠᠶᠢᠭ᠎ᠠ ᠨᠢ | ᠮᠡᠳᠡᠭᠡᠵᠢ᠃ ᠭᠡᠪᠡᠴᠦ ᠲᠥᠪᠪᠠᠲᠤ ᠲᠡᠷᠡ ᠪᠦᠬᠦᠨ ᠢ ᠰᠢᠨᠳᠠᠰᠤ ᠬᠠᠲᠠᠭᠤ ᠵᠣᠷᠢᠭ ᠢᠶᠠᠷ ᠢᠶᠠᠨ ᠢᠯᠠᠨ ᠳᠠᠪᠠᠭᠰᠠᠭᠠᠷ | ᠥᠨᠥᠳᠦᠷ ᠲᠤ ᠬᠦᠷᠦᠭᠰᠡᠨ ᠪᠠᠶᠢᠪᠠ᠃ ᠡᠨᠡ ᠪᠦᠬᠦ ᠵᠦᠢᠯ 2002 ᠣᠨ ᠠᠴᠠ ᠡᠬᠢᠯᠡᠭᠰᠡᠨ ᠪᠠᠶᠢᠪᠠ᠃ ᠲᠡᠷᠡ ᠵᠢᠯ | ᠲᠥᠪᠪᠠᠲᠤ ᠲᠠᠪᠢᠲᠠᠢ ᠪᠠᠶᠢᠪᠠ᠃ ᠲᠤᠬᠠᠢ ᠶᠢᠨ ᠦᠶᠡᠰ ᠤᠨ ᠲᠥᠷᠥ ᠶᠢᠨ ᠪᠣᠳᠣᠯᠭ᠎ᠠ ᠪᠠᠷ ᠲᠡᠷᠡ ᠮᠠᠨᠢ ᠨᠢᠭᠡᠨᠲᠡ | ᠠᠵᠢᠯ ᠠᠴᠠ ᠪᠠᠨ ᠠᠮᠠᠷᠠᠬᠤ ᠨᠥᠬᠦᠴᠡᠯ ᠳᠤ ᠬᠦᠷᠴᠢᠬᠡᠭᠰᠡᠨ ᠪᠠᠶᠢᠵᠠᠢ᠃ ᠬᠠᠭᠠᠰ ᠨᠠᠰᠤ ᠶᠢ ᠶᠠᠭᠠᠷᠠᠯ ᠶᠠᠳᠠᠷᠠᠯ ᠤᠨ | ᠳᠤᠮᠳᠠ ᠥᠩᠭᠡᠷᠡᠭᠦᠯᠦᠭᠰᠡᠨ ᠲᠡᠷᠡ ᠮᠠᠨᠢ ᠠᠵᠢᠯ ᠠᠴᠠ ᠪᠠᠨ ᠠᠮᠠᠷᠠᠮᠠᠭᠴᠠ ᠭᠠᠳᠠᠭᠰᠢ ᠭᠠᠷᠴᠤ ᠲᠣᠭᠤᠷᠢᠨ ᠵᠤᠭᠠᠯᠠᠬᠤ | ᠪᠣᠳᠣᠯ ᠲᠠᠢ ᠪᠠᠶᠢᠪᠠ᠃ ᠬᠠᠷᠢᠨ ᠡᠮᠦᠨᠡᠲᠦ ᠣᠷᠣᠨ ᠢᠶᠠᠷ ᠵᠤᠭᠠᠴᠠᠵᠤ ᠶᠠᠪᠤᠬᠤ ᠵᠠᠮ ᠵᠠᠭᠤᠷ᠎ᠠ ᠨᠢᠭᠡ ᠬᠥᠮᠥᠨ ᠲᠠᠢ | ᠲᠠᠨᠢᠯᠴᠠᠵᠤ ᠨᠤᠲᠤᠭ ᠢᠶᠠᠨ ᠡᠵᠡᠨ᠎ᠡ ᠭᠡᠵᠦ ᠲᠠᠨᠢᠯᠴᠠᠭᠤᠯᠬᠤ ᠳᠤ ᠨᠥᠭᠦᠭᠡ ᠬᠥᠮᠥᠨ ᠲᠥᠪᠪᠠᠲᠤ ᠶᠢᠨ ᠥᠭᠡᠳᠡ ᠠᠴᠠ | ᠰᠠᠶ᠋ᠢᠬᠢ ᠰᠠᠯᠬᠢᠨ ᠪᠣᠰᠳᠠᠭ ᠭᠠᠵᠠᠷ ᠤᠤ︖ ᠭᠡᠵᠦ ᠯᠠᠪᠯᠠᠵᠤ ᠭᠡᠨ᠎ᠡ᠃ ᠴᠠᠭᠠᠳᠤᠬᠢ ᠬᠥᠮᠥᠨ ᠤ ᠰᠠᠨᠠᠭᠠᠨ ᠳᠤ ᠦᠭᠡᠢ | ᠬᠡᠯᠡᠭᠰᠡᠨ ᠦᠭᠡ ᠲᠡᠭᠦᠨ ᠤ ᠵᠢᠷᠦᠬᠡ ᠶᠢ ᠵᠡᠭᠦᠦ ᠪᠠᠷ ᠰᠢᠪᠡᠵᠦ ᠪᠠᠶᠢᠭ᠎ᠠ ᠰᠢᠭ᠋ ᠡᠪᠡᠳᠬᠡᠭᠰᠡᠨ ᠪᠠᠶᠢᠪᠠ᠃ ᠵᠠᠯᠭᠠᠭᠠᠳ | ᠲᠣᠭᠤᠷᠢᠬᠤ ᠭᠡᠰᠡᠨ ᠪᠣᠳᠣᠯ ᠨᠢ ᠴᠤ ᠵᠠᠮᠬᠠᠷᠠᠨ ᠠᠷᠢᠯᠵᠤ ᠳᠣᠣᠷᠠᠬᠠᠨ ᠢᠶᠠᠨ ᠪᠤᠴᠠᠭᠰᠠᠨ ᠪᠠᠶᠢᠨ᠎ᠠ᠃ ᠨᠤᠲᠤᠭ ᠲᠠᠭᠠᠨ | ᠬᠠᠶᠢᠷ᠎ᠠ ᠦᠭᠡᠢ ᠬᠥᠮᠥᠨ ᠭᠡᠵᠦ ᠬᠠᠮᠢᠭ᠎ᠠ ᠪᠠᠶᠢᠬᠤᠪ᠃ ᠲᠥᠪᠪᠠᠲᠤ ᠶᠢᠨ ᠳᠣᠲᠣᠷ᠎ᠠ ᠬᠥᠮᠥᠰ ᠠᠷᠠᠢ ᠴᠤ ᠢᠩᠭᠢᠵᠦ | ᠨᠤᠲᠤᠭ ᠢ ᠨᠢ ᠦᠨᠡᠯᠡᠮᠡᠷ ᠦᠭᠡᠢ ᠶᠤᠮ ᠰᠢᠭ᠋ ᠪᠣᠳᠣᠭᠳᠠᠪᠠᠴᠤ ᠨᠤᠲᠤᠭ ᠨᠢ ᠨᠢᠭᠡᠨᠲᠡ ᠬᠤᠪᠠᠭ᠋ᠢ ᠮᠠᠩᠬ᠎ᠠ ᠪᠣᠯᠵᠤ | ᠬᠤᠪᠢᠷᠠᠭᠰᠠᠨ ᠨᠢ ᠶᠠᠭ ᠦᠨᠡᠨ ᠳ᠋ᠠ᠃ | ᠬᠠᠷᠢᠵᠤ ᠢᠷᠡᠮᠡᠭᠴᠡ ᠲᠡᠷᠡ ᠮᠠᠨᠢ ᠨᠠᠰᠤᠨ ᠤ ᠪᠠᠨ ᠪᠠᠰᠠ ᠨᠢᠭᠡᠨ ᠲᠣᠮᠣ ᠰᠣᠩᠭᠤᠯᠲᠠ ᠶᠢ ᠬᠢᠭᠰᠡᠨ ᠪᠠᠶᠢᠨ᠎ᠠ᠃ | ᠳᠠᠷᠤᠢ ᠦᠷᠭᠦᠯᠵᠢᠯᠡᠨ ᠭᠤᠷᠤᠨᠠᠢ ᠳᠠᠭᠠᠨ ᠦᠯᠡᠳᠡᠵᠦ ᠡᠯᠡᠰᠦ ᠶᠢ ᠵᠠᠰᠠᠵᠤ ᠣᠶᠢᠵᠢᠭᠤᠯᠤᠯᠲᠠ ᠬᠢᠬᠦ ᠶᠠᠪᠤᠳᠠᠯ | ᠪᠣᠯᠣᠨ᠎ᠠ᠃ ᠭᠡᠪᠡᠴᠦ ᠰᠠᠶᠢᠨ ᠶᠠᠪᠤᠳᠠᠯ ᠳᠤ ᠰᠠᠭᠠᠳ ᠤᠯᠠᠨ ᠭᠡᠳᠡᠭᠴᠢᠯᠡᠨ ᠲᠡᠭᠦᠨ ᠤ ᠪᠣᠳᠣᠯ ᠭᠡᠷ ᠤᠨ ᠬᠥᠮᠥᠰ ᠤᠨ | ᠡᠰᠡᠷᠭᠦᠴᠡᠯ ᠳᠤ ᠤᠴᠠᠷᠠᠨ᠎ᠠ ᠭᠡᠳᠡᠭ ᠲᠡᠭᠦᠨ ᠤ ᠰᠠᠨᠠᠭ᠎ᠠ ᠵᠡᠭᠦᠳᠦᠨ ᠳᠤ ᠴᠤ ᠣᠷᠤᠭ᠎ᠠ ᠦᠭᠡᠢ ᠪᠠᠶᠢᠵᠠᠢ᠃ ᠭᠡᠪᠡᠴᠦ | ᠲᠤᠰᠤᠨᠴᠠᠭᠠᠨ ᠡᠪᠦᠭᠡᠨ ᠤ ᠪᠠᠨ ᠵᠠᠩ ᠢ ᠠᠨᠳᠠᠬᠤ ᠦᠭᠡᠢ ᠮᠡᠳᠡᠨ᠎ᠡ᠂ ᠶᠠᠭᠤ ᠬᠢᠶ᠎ᠡ ᠭᠡᠵᠦ ᠪᠣᠳᠣᠭᠰᠠᠨ ᠶᠠᠭᠤᠮ᠎ᠠ ᠪᠠᠨ | ᠪᠦᠲᠦᠭᠡᠵᠦ ᠪᠠᠶᠢᠮᠠᠨ ᠰᠠᠶ᠋ᠢ ᠰᠠᠨᠠᠭ᠎ᠠ ᠨᠢ ᠠᠮᠠᠷᠠᠳᠠᠭ ᠬᠥᠮᠥᠨ᠃ ᠬᠡᠰᠡᠭ ᠪᠣᠯᠣᠭᠠᠳ ᠡᠪᠦᠭᠡᠨ ᠤ ᠪᠠᠨ ᠮᠣᠳᠣ ᠲᠠᠷᠢᠨ | ᠨᠠᠷᠠ ᠰᠠᠯᠬᠢᠨ ᠳᠤ ᠬᠠᠲᠠᠵᠤ ᠬᠠᠷᠠᠯᠠᠨ ᠪᠠᠶᠢᠭ᠎ᠠ ᠶᠢ ᠬᠠᠷᠠᠭᠠᠳ ᠰᠡᠳᠬᠢᠯ ᠲᠦᠪᠳᠡᠬᠦ ᠦᠭᠡᠢ ᠳᠡᠭᠡᠨ ᠡᠪᠦᠭᠡᠨ ᠤ ᠪᠠᠨ | ᠬᠤᠶᠢᠨ᠎ᠠ ᠠᠴᠠ ᠵᠠᠭ ᠲᠠᠷᠢᠬᠤ ᠪᠠᠷ ᠭᠠᠷᠴᠠᠢ᠃ ᠲᠡᠭᠦᠨ ᠠᠴᠠ ᠬᠤᠶᠢᠰᠢ ᠡᠪᠦᠭᠡᠨ ᠡᠮᠡᠭᠡᠨ ᠬᠤᠶᠠᠷ ᠤᠨ ᠡᠳᠦᠷᠵᠢᠨ | ᠮᠣᠳᠣ ᠲᠠᠷᠢᠵᠤ ᠶᠠᠭᠠᠷᠠᠳᠠᠭ ᠳᠦᠷᠢ ᠬᠥᠮᠥᠰ ᠤᠨ ᠬᠠᠷᠠᠭᠠᠨ ᠠᠴᠠ ᠬᠤᠯᠠᠳᠬᠤ ᠪᠠᠨ ᠪᠠᠶᠢᠵᠠᠢ᠃ ᠮᠥᠨ ᠵᠢᠯ ᠳᠡᠭᠡᠨ | ᠲᠡᠳᠡ ᠪᠠᠶᠢᠭᠰᠠᠨ ᠬᠥᠷᠥᠩᠭᠡ ᠪᠠᠨ ᠵᠠᠷᠤᠴᠠᠭᠤᠯᠵᠤ ᠭᠤᠷᠤᠨᠠᠢ ᠳᠤ ᠨᠢᠭᠡ ᠬᠡᠰᠡᠭ ᠭᠠᠵᠠᠷ ᠲᠤᠰᠬᠠᠶᠢᠯᠠᠨ ᠳᠠᠭᠠᠭᠠᠴᠢᠯᠠᠨ | ᠠᠪᠴᠤ 2000 ᠢᠯᠡᠭᠦᠦ ᠮᠤ᠋ ᠭᠠᠵᠠᠷ ᠢ ᠬᠦᠷᠢᠶᠡᠯᠡᠨ ᠨᠢᠯᠬ᠎ᠠ ᠨᠠᠬᠢᠶ᠎ᠠ ᠬᠤᠳᠠᠯᠳᠤᠨ ᠠᠪᠴᠤ ᠣᠶᠢᠵᠢᠭᠤᠯᠤᠯᠲᠠ ᠪᠠᠨ | ᠡᠬᠢᠯᠡᠭᠦᠯᠦᠭᠰᠡᠨ ᠪᠠᠶᠢᠨ᠎ᠠ᠃ ᠠᠩᠬ᠎ᠠ ᠡᠬᠢᠨ ᠳᠡᠭᠡᠨ ᠲᠤᠷᠰᠢᠯᠭ᠎ᠠ ᠠᠨᠠᠢ ᠠᠴᠠ ᠪᠣᠯᠵᠤ ᠮᠣᠳᠣᠨ ᠤ ᠣᠨᠳᠣᠷᠣᠯᠲᠠ ᠶᠢᠨ | ᠨᠣᠷᠮ᠎ᠠ ᠨᠢ ᠲᠤᠩ ᠳᠣᠣᠷ᠎ᠠ ᠪᠠᠶᠢᠵᠠᠢ᠃ ᠭᠡᠪᠡᠴᠦ ᠰᠡᠳᠬᠢᠯ ᠴᠥᠬᠦᠭᠡ ᠦᠭᠡᠢ᠂ ᠡᠯ᠎ᠡ ᠵᠦᠢᠯ ᠤᠨ ᠨᠣᠮ ᠮᠠᠲ᠋ᠧᠷᠢᠶᠠᠯ | ᠡᠷᠢᠬᠦ᠂ ᠬᠠᠮᠢᠶ᠎ᠠ ᠪᠦᠬᠦᠢ ᠮᠡᠷᠭᠡᠵᠢᠯᠲᠡᠨ ᠠᠴᠠ ᠠᠰᠠᠭᠤᠨ ᠯᠠᠪᠯᠠᠬᠤ ᠵᠡᠷᠭᠡ ᠪᠠᠷ ᠠᠷᠭ᠎ᠠ ᠪᠦᠬᠦᠨ ᠢ ᠰᠦᠪᠡᠭᠴᠢᠯᠡᠬᠦ ᠶᠢᠨ | ᠬᠠᠮᠲᠤ ᠪᠡᠯᠡ ᠣᠷᠣᠭᠤᠯᠤᠯᠲᠠ ᠪᠠᠨ ᠪᠠᠭᠠᠰᠬᠠᠬᠤ ᠶᠢᠨ ᠲᠤᠯᠠᠳᠠ ᠥᠪᠡᠷ ᠤᠨ ᠲᠠᠷᠢᠵᠤ ᠣᠨᠳᠣᠷᠣᠭᠰᠠᠨ ᠵᠠᠭ ᠤᠨ ᠢᠶᠠᠨ | ᠨᠢᠯᠬ᠎ᠠ ᠨᠠᠬᠢᠶ᠎ᠠ ᠶᠢ ᠠᠪᠴᠤ ᠦᠬᠦᠭᠰᠡᠨ ᠢ ᠨᠢ ᠨᠥᠬᠦᠨ ᠨᠡᠮᠡᠵᠦ ᠲᠠᠷᠢᠭᠰᠠᠭᠠᠷ ᠢᠷᠡᠵᠡᠢ᠃ ᠭᠠᠩ ᠬᠠᠭᠤᠷᠠᠢ ᠡᠯᠡᠰᠦᠨ | ᠭᠠᠵᠠᠷ ᠭᠠᠭᠴᠠᠬᠠᠨ ᠲᠠᠷᠢᠭᠠᠳ ᠯᠡ ᠬᠠᠶᠠᠴᠢᠬᠠᠬᠤ ᠶᠠᠪᠤᠳᠠᠯ ᠪᠢᠰᠢ᠃ ᠤᠰᠤᠯᠠᠯᠲᠠ ᠪᠠᠷ ᠰᠠᠶ᠋ᠢ ᠠᠮᠢ ᠣᠷᠣᠨ᠎ᠠ᠃ | ᠡ᠊ᠨᠳᠡ ᠵᠤᠨ ᠳᠠᠭᠠᠨ ᠠᠭᠠᠷ ᠤᠨ ᠳᠤᠯᠠᠭᠠᠨ 45 ᠭᠷᠠᠳᠦ᠋ᠰ ᠢ ᠳᠠᠪᠠᠳᠠᠭ ᠨᠢ ᠵᠥᠩᠳᠡᠭᠡᠨ ᠬᠡᠷᠡᠭ᠃ ᠬᠠᠯᠠᠭᠤᠨ | ᠪᠠᠶᠢᠭᠰᠠᠨ ᠴᠤ ᠲᠥᠪᠪᠠᠲᠤ ᠳᠤ ᠰᠡᠷᠢᠭᠦᠨ ᠭᠡᠷ ᠲᠡᠭᠡᠨ ᠠᠮᠠᠷᠠᠵᠤ ᠰᠠᠭᠤᠬᠤ ᠵᠢᠷᠭᠠᠯ ᠪᠠᠶᠢᠭ᠎ᠠ ᠦᠭᠡᠢ᠃ ᠡᠨᠡ ᠦᠶ᠎ᠡ | ᠪᠣᠯ ᠵᠠᠭ ᠢᠶᠠᠨ ᠤᠰᠤᠯᠠᠬᠤ ᠵᠠᠩᠭᠢᠯᠠᠭ᠎ᠠ ᠶᠢᠨ ᠴᠠᠭ ᠮᠥᠨ᠃ ᠵᠣᠪᠠᠵᠤ ᠵᠦᠳᠡᠵᠦ ᠲᠠᠷᠢᠭᠰᠠᠨ ᠵᠠᠭ ᠢᠶᠠᠨ | ᠣᠨᠳᠣᠷᠣᠭᠤᠯᠬᠤ ᠶᠢᠨ ᠲᠥᠯᠥᠭᠡ ᠬᠤᠶᠠᠷ ᠬᠥᠭᠰᠢᠨ ᠡᠳᠦᠷ ᠲᠤ ᠨᠠᠰᠢ ᠴᠠᠰᠢ ᠲᠠᠪᠤ ᠠᠴᠠ ᠵᠢᠷᠭᠤᠭᠠᠨ ᠤᠳᠠᠭ᠎ᠠ ᠤᠰᠤ | ᠵᠥᠭᠡᠭᠡᠵᠦ ᠬᠤᠯᠬᠢᠳᠠᠭ ᠪᠠᠶᠢᠨ᠎ᠠ᠃ ᠤᠰᠤ ᠵᠦᠭᠡᠭᠡᠭᠰᠡᠭᠡᠷ ᠪᠠᠶᠢᠵᠦ ᠨᠢᠭᠡ ᠮᠡᠳᠡᠬᠦ ᠳᠤ ᠠᠷᠪᠠᠭᠠᠳ ᠺᠢᠯᠣᠮᠧᠲᠷ ᠤᠨ | ᠵᠠᠮ ᠢ ᠲᠤᠭᠤᠯᠳᠠᠭ ᠠᠵᠢ᠃ ᠠᠩᠬ᠎ᠠ ᠡᠬᠢᠨ ᠳᠡᠭᠡᠨ ᠡᠯᠵᠢᠭᠡ ᠪᠠᠷ ᠤᠰᠤ ᠵᠥᠭᠡᠭᠡᠵᠦ ᠪᠠᠶᠢᠭᠰᠠᠨ ᠪᠠᠶᠢᠨ᠎ᠠ᠃ | ᠡᠪᠦᠭᠡᠨ ᠳᠤ ᠳᠡᠩᠳᠡᠭᠦᠦ ᠤᠳᠠᠭᠠᠨ ᠰᠠᠨᠠᠭᠳᠠᠭᠠᠳ ᠰᠡᠭᠦᠯ ᠳᠤᠨᠢ ᠮᠣᠲ᠋ᠣᠷ ᠰᠣᠯᠢᠵᠠᠢ᠃ ᠲᠡᠭᠦᠨ ᠤ ᠭᠠᠷ ᠠᠴᠠ ᠣᠳᠣ | ᠪᠣᠯᠬᠤ ᠳᠤ ᠳᠣᠯᠣᠭᠠᠨ ᠮᠣᠲ᠋ᠣᠷ ᠨᠢᠭᠡᠨᠲᠡ ︽ᠠᠵᠢᠯ ᠤᠨ ᠠᠮᠠᠷᠠᠯᠲᠠ ᠪᠠᠨ ᠠᠪᠤᠭᠰᠠᠨ︾ ᠪᠠᠶᠢᠨ᠎ᠠ᠃ ᠠᠷᠪᠠᠭᠠᠳ | ᠵᠢᠯ ᠤᠨ ᠲᠤᠷᠰᠢ᠂ ᠲᠥᠪᠪᠠᠲᠤ ᠣᠶᠢᠵᠢᠭᠤᠯᠤᠯᠲᠠ ᠳᠤ ᠪᠠᠷᠤᠭ ᠨᠠᠶᠠ ᠢᠯᠡᠭᠦᠦ ᠲᠦᠮᠡᠨ ᠲᠥᠭᠦᠷᠢᠭ ᠵᠠᠷᠤᠴᠠᠭᠤᠯᠵᠤ᠂ | ᠣᠶᠢᠵᠢᠭᠤᠯᠵᠤ ᠡᠯᠡᠰᠦ ᠶᠢ ᠲᠣᠭᠲᠠᠪᠤᠷᠢᠵᠢᠭᠤᠯᠤᠭᠰᠠᠨ ᠨᠣᠷᠮ᠎ᠠ ᠨᠢ 80% ᠶᠢ ᠳᠠᠪᠠᠵᠤ ᠲᠠᠪᠤᠨ ᠵᠠᠭᠤ ᠢᠯᠡᠭᠦᠦ | ᠮᠤ᠋ ᠡᠯᠡᠰᠦ ᠶᠢ ᠨᠢᠭᠡᠨᠲᠡ ᠣᠶᠢᠵᠢᠭᠤᠯᠤᠭᠰᠠᠨ ᠪᠢᠯᠡ᠃ | ᠡᠩ ᠤᠨ ᠨᠢᠭᠡ ᠵᠠᠯᠠᠭᠤ ᠳᠤ ᠠᠪᠴᠤ ᠬᠡᠯᠡᠭᠰᠡᠨ ᠴᠤ ᠡᠨᠡ ᠪᠣᠯ ᠬᠢᠯᠪᠠᠷ ᠠᠵᠢᠯ ᠪᠢᠰᠢ᠃ ᠨᠡᠩ ᠴᠤ | ᠵᠢᠷᠠ ᠶᠢᠨ ᠳᠠᠪᠠᠭ᠎ᠠ ᠶᠢ ᠳᠠᠪᠠᠭᠰᠠᠨ ᠠᠬᠰᠢᠷᠠᠭ᠎ᠠ ᠪᠤᠭᠤᠷᠤᠯ ᠳᠤ ᠶᠠᠭᠤ ᠬᠡᠯᠲᠡᠢ ᠪᠢᠯᠡ᠃ ᠡᠪᠦᠭᠡᠨ ᠡᠮᠡᠭᠡᠨ | ᠬᠤᠶᠠᠷ ᠤᠨ ᠴᠢᠷᠮᠠᠶᠢᠯᠭ᠎ᠠ ᠪᠠᠷ ᠰᠢᠷᠭᠠᠯ ᠮᠠᠩᠬ᠎ᠠ ᠤᠯᠠᠮ ᠢᠶᠠᠷ ᠨᠣᠭᠤᠭᠠᠷᠠᠵᠤ ᠠᠮᠢᠯᠠᠯ ᠤᠨ ᠥᠩᠭᠡ ᠪᠠᠷ ᠪᠢᠯᠬᠠᠷᠠᠵᠤ | ᠪᠠᠶᠢᠭ᠎ᠠ᠃ ᠡᠭᠦᠨ ᠢ ᠪᠠᠨ ᠬᠠᠷᠠᠬᠤ ᠪᠣᠯᠭᠠᠨ ᠲᠥᠪᠪᠠᠲᠤ ᠶᠢᠨ ᠳᠣᠲᠣᠷ᠎ᠠ ᠨᠢᠭᠡ ᠵᠦᠢᠯ ᠤᠨ ᠠᠭᠤᠵᠢᠷᠠᠯ ᠪᠤᠶᠤ | ᠵᠢᠷᠭᠠᠯ ᠴᠠᠯᠭᠢᠨ᠎ᠠ᠃ | 2011 ᠣᠨ ᠳᠤ ᠲᠥᠪᠪᠠᠲᠤ ᠶᠢᠨ ᠲᠣᠯᠣᠭᠠᠢ ᠳᠤ ᠠᠶᠤᠩᠭ᠎ᠠ ᠪᠠᠭᠤᠭᠰᠠᠨ ᠰᠢᠭ᠋ ᠪᠣᠯᠪᠠ᠃ ᠡᠮᠡᠭᠡᠨ ᠨᠢ | ᠬᠡᠲᠦ ᠶᠠᠳᠠᠷᠠᠭᠰᠠᠨ ᠠᠴᠠ ᠪᠣᠯᠵᠤ ᠲᠠᠷᠢᠬᠢᠨ ᠳᠤᠨᠢ ᠴᠢᠰᠤ ᠬᠠᠷᠪᠤᠵᠤ ᠴᠠᠭ ᠲᠤᠬᠠᠢ ᠳᠤᠨᠢ ᠡᠮᠨᠡᠯᠭᠡ ᠳᠤ ᠬᠦᠷᠭᠡᠵᠦ | ᠴᠢᠳᠠᠭᠰᠠᠨ ᠦᠭᠡᠢ ᠠᠴᠠ ᠬᠦᠨᠳᠦᠷᠡᠵᠦ ᠬᠡᠪᠲᠡᠷᠢ ᠳᠤ ᠣᠷᠣᠭᠰᠠᠨ ᠪᠠᠶᠢᠨ᠎ᠠ᠃ ᠦᠷ᠎ᠡ ᠬᠡᠦᠬᠡᠳ ᠪᠦᠷ ᠠᠶᠢᠯ ᠭᠡᠷ | ᠪᠣᠯᠵᠤ ᠬᠤᠯᠠ ᠵᠠᠶᠢᠲᠠᠢ ᠪᠠᠶᠢᠭ᠎ᠠ ᠠᠴᠠ ᠡᠮᠡᠭᠡᠨ ᠢᠶᠠᠨ ᠠᠰᠠᠷᠠᠬᠤ ᠶᠠᠪᠤᠳᠠᠯ ᠡᠪᠦᠭᠡᠨ ᠤ ᠮᠥᠷᠥᠨ ᠳᠡᠭᠡᠷ᠎ᠡ ᠪᠠᠭᠤᠪᠠ᠃ | ᠡᠮᠡᠭᠡᠨ ᠢᠶᠠᠨ ᠠᠰᠠᠷᠠᠬᠤ ᠠᠵᠢᠯ ᠬᠡᠳᠦᠢ ᠶᠠᠳᠠᠷᠠᠯ ᠲᠠᠢ ᠶᠠᠭᠠᠷᠠᠤ ᠪᠠᠶᠢᠭᠰᠠᠨ ᠴᠤ ᠲᠡᠷᠡ ᠮᠠᠨᠢ ᠮᠣᠳᠣ ᠲᠠᠷᠢᠵᠤ | ᠣᠶᠢᠵᠢᠭᠤᠯᠤᠯᠲᠠ ᠬᠢᠬᠦ ᠪᠠᠨ ᠶᠡᠷᠦ ᠵᠣᠭᠰᠤᠭ᠎ᠠ ᠦᠭᠡᠢ ᠰᠠᠨ᠃ ᠣᠶᠢᠵᠢᠭᠤᠯᠤᠯᠲᠠ ᠬᠢᠭᠡᠳ ᠨᠢᠭᠡᠨᠲᠡ ᠠᠷᠪᠠᠭᠠᠳ | ᠵᠢᠯ ᠪᠣᠯᠵᠤ ᠪᠠᠶᠢᠭ᠎ᠠ ᠠᠴᠠ ᠬᠠᠭᠠᠰ ᠳᠤᠲᠠᠭᠤ ᠣᠷᠬᠢᠬᠤ ᠨᠢ ᠳᠠᠩᠴᠤ ᠬᠠᠶᠢᠷᠠᠨ ᠰᠢᠭ᠋ ᠰᠠᠨᠠᠭᠳᠠᠬᠤ ᠶᠢ ᠶᠠᠭᠠᠬᠢᠯᠲᠠᠢ᠃ | ᠦᠷ᠎ᠡ ᠬᠡᠦᠬᠡᠳ ᠨᠢ ᠡᠵᠢ ᠪᠠᠨ ᠲᠣᠰᠴᠤ ᠬᠠᠵᠠᠭᠤ ᠳᠠᠭᠠᠨ ᠠᠰᠠᠷᠠᠬᠤ ᠭᠡᠰᠡᠨ ᠵᠥᠪᠯᠡᠯᠭᠡ ᠭᠠᠷᠭᠠᠭᠰᠠᠨ ᠪᠣᠯᠪᠠᠴᠤ | ᠡᠮᠡᠭᠡᠨ ᠨᠥᠬᠦᠷ ᠲᠠᠢ ᠪᠠᠨ ᠬᠠᠮᠲᠤ ᠪᠠᠶᠢᠬᠤ ᠶᠢ ᠰᠠᠨᠠᠵᠤ ᠬᠡᠦᠬᠡᠳ ᠤᠨ ᠢᠶᠠᠨ ᠰᠠᠨᠠᠭ᠎ᠠ ᠪᠠᠷ ᠣᠷᠣᠭᠰᠠᠨ ᠦᠭᠡᠢ᠃ | 2015 ᠣᠨ ᠤ 5 ᠰᠠᠷ᠎ᠠ ᠶᠢᠨ 17 ᠳᠤ᠂ ᠲᠡᠳᠡᠨᠡᠶᠢᠬᠢᠨ ︽ᠪᠦᠬᠦ ᠤᠯᠤᠰ ᠤᠨ ᠬᠠᠮᠤᠭ ᠤᠨ ᠵᠣᠯ ᠵᠢᠷᠭᠠᠯᠲᠠᠢ ᠭᠡᠷ | ᠪᠦᠯᠢ︾ ᠭᠡᠬᠦ ᠢᠷᠠᠭᠤ ᠠᠯᠳᠠᠷ ᠢ ᠲᠣᠰᠴᠠᠢ᠃ ᠲᠥᠪᠪᠠᠲᠤ ᠬᠥᠬᠢᠭᠦᠯᠦᠯ ᠢᠶᠠᠨ ᠠᠪᠤᠮᠠᠭᠴᠠ ᠬᠤᠰᠢᠭᠤᠨ ᠤ | ᠬᠤᠷᠠᠯ ᠤᠨ ᠳᠤᠮᠳᠠ ᠠᠴᠠ ᠨᠢ ᠰᠡᠩᠳᠡ ᠮᠡᠩᠳᠡ ᠭᠠᠷᠴᠤ ᠠᠷᠤ ᠭᠡᠷ ᠲᠡᠭᠡᠨ ᠬᠠᠷᠢᠵᠠᠢ᠃ ᠤᠴᠢᠷ ᠨᠢ ᠡᠮᠡᠭᠡᠨ ᠨᠢ | ᠭᠠᠭᠴᠠᠭᠠᠷ ᠪᠠᠶᠢᠭ᠎ᠠ᠃ ᠬᠡᠦᠬᠡᠳ ᠤᠳ ᠨᠢ ᠠᠪᠤ ᠡᠵᠢ ᠶᠢᠨ ᠢᠶᠠᠨ ᠳᠡᠩᠳᠡᠭᠦᠦ ᠶᠠᠳᠠᠷᠠᠯ ᠲᠠᠢ ᠪᠠᠶᠢᠭ᠎ᠠ ᠶᠢ ᠬᠠᠷᠠᠬᠤ | ᠪᠦᠷᠢ ᠥᠷᠥ ᠡᠪᠡᠳᠴᠦ᠂ ᠬᠤᠰᠢᠭᠤᠨ ᠳᠤ ᠠᠪᠴᠢᠷᠠᠨ ᠠᠰᠠᠷᠠᠵᠤ ᠠᠴᠢᠯᠠᠯ ᠢ ᠨᠢ ᠬᠠᠷᠢᠭᠤᠯᠤᠶ᠎ᠠ ᠭᠡᠵᠦ ᠬᠡᠴᠢᠨᠡᠨ ᠴᠤ | ᠤᠳᠠᠭ᠎ᠠ ᠢᠳᠬᠠᠭᠰᠠᠨ ᠢ ᠪᠤᠤ ᠮᠡᠳᠡ᠃ ᠠᠪᠤ ᠪᠠᠨ ᠶᠡᠷᠦ ᠨᠢ ᠬᠡᠯᠡᠵᠦ ᠳᠡᠶᠢᠯᠦᠭᠡ ᠦᠭᠡᠢ ᠭᠡᠨ᠎ᠡ᠃ ᠠᠪᠤ ᠨᠢ᠄ ︽ᠪᠢ | ᠪᠣᠯ ᠨᠠᠮ ᠤᠨ ᠭᠡᠰᠢᠭᠦᠨ᠂ ᠪᠢ ᠲᠣᠯᠣᠭᠠᠶᠢᠯᠠᠵᠤ ᠬᠢᠬᠦ ᠦᠭᠡᠢ ᠬᠡᠨ ᠬᠢᠬᠦ ᠪᠤᠢ︖︾ ᠭᠡᠵᠦ ᠦᠷᠭᠦᠯᠵᠢ ᠶᠠᠷᠢᠳᠠᠭ | ᠪᠠᠶᠢᠨ᠎ᠠ᠃ ᠠᠶᠠᠨᠳᠠᠭᠠᠨ ᠬᠡᠦᠬᠡᠳ ᠨᠢ ᠴᠤ ᠠᠪᠤ ᠡᠵᠢ ᠪᠠᠨ ᠣᠶᠢᠯᠠᠭᠠᠬᠤ ᠪᠣᠯᠵᠠᠢ᠃ ᠭᠡᠪᠡᠴᠦ ᠲᠡᠳᠡ ᠨᠠᠷ ᠢ | ᠣᠶᠢᠯᠠᠭᠠᠬᠤ ᠦᠭᠡᠢ ᠬᠥᠮᠥᠨ ᠪᠠᠰᠠ ᠵᠥᠩᠳᠡᠭᠡᠨ ᠪᠠᠶᠢᠭ᠎ᠠ᠃ ᠡᠨᠡ ᠪᠦᠬᠦᠨ ᠢ ᠲᠡᠷᠡ ᠣᠭᠲᠣ ᠬᠡᠷᠡᠭ ᠲᠤ ᠠᠪᠳᠠᠭ | ᠦᠭᠡᠢ᠃ ᠲᠥᠪᠪᠠᠲᠤ ︽ᠲᠡᠨᠡᠭ ᠡᠪᠦᠭᠡᠨ ᠠᠭᠤᠯᠠ ᠶᠢ ᠨᠡᠭᠦᠯᠭᠡᠭᠰᠡᠨ ᠨᠢ︾ ᠭᠡᠳᠡᠭ ᠦᠯᠢᠭᠡᠷ ᠤᠨ ᠵᠣᠷᠢᠭ | ᠰᠠᠨᠠᠭ᠎ᠠ ᠪᠠᠷ ᠥᠪᠡᠷ ᠤᠨ ᠬᠢᠶ᠎ᠡ ᠭᠡᠰᠡᠨ ᠵᠦᠢᠯ ᠳᠡᠭᠡᠨ ᠴᠢᠷᠮᠠᠶᠢᠵᠤ ᠯᠡ ᠶᠠᠪᠤᠭᠰᠠᠭᠠᠷ ᠁ ᠶᠠᠪᠤᠭᠠᠨ ᠳᠠᠭᠠᠨ ᠲᠡᠷᠡ | ᠮᠠᠨᠢ ︽ᠡᠯᠡᠰᠦ ᠵᠠᠰᠠᠭᠰᠠᠨ ᠲᠡᠨᠡᠭ ᠡᠪᠦᠭᠡᠨ︾ ᠭᠡᠰᠡᠨ ᠴᠣᠯᠠ ᠲᠠᠢ ᠪᠣᠯᠵᠠᠢ᠃ | ᠲᠥᠪᠪᠠᠲᠤ ᠶᠢᠨ ᠤᠶᠢᠭ᠎ᠠ ᠦᠭᠡᠢ ᠪᠠᠷᠢᠮᠲᠠᠯᠠᠯ ᠨᠢ ᠬᠠᠵᠠᠭᠤ ᠬᠠᠪᠢ ᠶᠢᠨ ᠮᠠᠯᠴᠢᠳ ᠢᠶᠠᠨ ᠨᠥᠯᠥᠭᠡᠯᠡᠵᠦ | ᠡᠬᠢᠯᠡᠪᠡ᠃ ᠵᠠᠷᠢᠮ ᠬᠥᠮᠥᠰ ᠰᠠᠶᠢᠨ ᠳᠤᠷ᠎ᠠ ᠠᠴᠠ ᠪᠠᠨ ᠣᠶᠢᠵᠢᠭᠤᠯᠬᠤ ᠠᠵᠢᠯᠯᠠᠭᠠᠨ ᠳᠤ ᠣᠷᠣᠯᠴᠠᠵᠤ ᠡᠬᠢᠯᠡᠭᠰᠡᠨ | ᠪᠠᠶᠢᠨ᠎ᠠ᠃ ᠵᠠᠭ ᠲᠠᠷᠢᠬᠤ ᠶᠢᠨ ᠬᠠᠮᠲᠤ ᠴᠠᠭᠠᠨ ᠭᠤᠶᠣᠣ ᠰᠠᠭᠤᠯᠭᠠᠵᠤ ᠲᠤᠬᠠᠢ ᠶᠢᠨ ᠭᠠᠵᠠᠷ ᠤᠨ ᠮᠠᠯᠴᠢᠳ ᠲᠤ | ᠴᠢᠨᠡᠭᠡᠯᠢᠭᠵᠢᠯ ᠤᠨ ᠰᠢᠨ᠎ᠡ ᠵᠠᠮ ᠢ ᠲᠡᠪᠢᠰᠪᠡ᠃ ᠳᠠᠪᠠᠯᠭᠠᠨ ᠪᠣᠯ ᠶᠠᠭ ᠡᠨᠡ ᠳᠣᠲᠣᠷ᠎ᠠ ᠠᠴᠠ ᠠᠰᠢᠭ ᠬᠦᠷᠲᠡᠭᠰᠡᠨ | ᠨᠢᠭᠡᠨ ᠶᠤᠮᠰᠠᠨ᠃ ᠥᠩᠭᠡᠷᠡᠭᠰᠡᠨ ᠳᠤ ᠳᠠᠪᠠᠯᠭᠠᠨ ᠤ ᠬᠢᠨ ᠵᠥᠪᠬᠡᠨ ᠲᠡᠮᠡᠭᠡ ᠪᠠᠨ ᠬᠠᠷᠢᠭᠤᠯᠵᠤ᠂ ᠵᠢᠯ ᠲᠤᠵᠢ ᠳᠠᠭᠠᠨ | ᠶᠠᠭᠠᠬᠢᠵᠤ ᠴᠢᠷᠮᠠᠶᠢᠭᠰᠠᠨ ᠴᠤ ᠳᠡᠮᠡᠢ ᠬᠡᠳᠦᠨ ᠵᠣᠭᠤᠰ ᠣᠯᠵᠤ ᠴᠢᠳᠠᠬᠤ ᠦᠭᠡᠢ ᠥᠩᠭᠡᠷᠡᠳᠡᠭ ᠪᠠᠶᠢᠨ᠎ᠠ᠃ ᠭᠡᠪᠡᠴᠦ | ᠲᠥᠪᠪᠠᠲᠤ ᠶᠢ ᠳᠠᠭᠠᠭᠰᠠᠨ ᠠᠴᠠ ᠬᠤᠶᠢᠰᠢ ᠣᠳᠣ ᠪᠣᠯᠬᠤ ᠳᠤ ᠵᠢᠯ ᠤᠨ ᠤᠷᠤᠯᠭ᠎ᠠ ᠨᠢ ᠪᠠᠷᠤᠭ ᠳᠥᠴᠢᠨ ᠲᠥᠮᠡᠨ | ᠲᠥᠬᠦᠷᠢᠭ ᠲᠤ ᠣᠶᠢᠷᠠᠳᠴᠠᠢ᠃ ᠬᠠᠵᠠᠭᠤ ᠳᠠᠬᠢ ᠬᠥᠮᠥᠨ ᠠᠰᠢᠭ ᠣᠯᠵᠤ ᠪᠠᠶᠢᠭ᠎ᠠ ᠶᠢ ᠬᠠᠷᠠᠭᠠᠳ ᠲᠤᠷᠰᠢᠵᠤ | ᠦᠵᠡᠬᠦ ᠪᠠᠷ ᠡᠬᠢᠯᠡᠵᠦ ᠬᠥᠳᠡᠯᠦᠯᠴᠡᠪᠡ᠃ ᠤᠳᠤ ᠪᠣᠯᠬᠤ ᠳᠤ ᠭᠤᠷᠤᠨᠠᠢ ᠭᠠᠴᠠᠭᠠᠨ ᠤ ᠵᠠᠭᠤ ᠢᠯᠡᠭᠦᠦ ᠡᠷᠦᠬᠡ | ᠡᠯᠡᠰᠦᠨ ᠤ ᠠᠵᠤ ᠦᠢᠯᠡᠰ ᠲᠠᠢ ᠣᠶᠢᠷᠠᠲᠤᠨ ᠵᠢᠯ ᠤᠨ ᠣᠷᠣᠯᠭ᠎ᠠ ᠲᠡᠭᠰᠢᠳᠬᠡᠭᠡᠳ ᠪᠠᠷᠤᠭ ᠠᠶᠢᠯ ᠪᠣᠯᠭᠠᠨ ᠳᠥᠷᠪᠡᠨ | ᠲᠦᠮᠡ ᠪᠠᠷ ᠨᠡᠮᠡᠭᠳᠡᠭᠰᠡᠨ ᠪᠠᠶᠢᠨ᠎ᠠ᠃ ᠴᠢᠨᠡᠭᠡᠯᠢᠭᠵᠢᠬᠦ ᠭᠡᠳᠡᠭ ᠨᠢ ᠭᠠᠭᠴᠠ ᠠᠶᠢᠯ ᠪᠠᠶᠠᠵᠢᠬᠤ ᠶᠢ ᠬᠡᠯᠡᠳᠡᠭ ᠪᠢᠰᠢ | ᠭᠡᠰᠡᠨ ᠢ ᠲᠥᠪᠪᠠᠲᠤ ᠶᠢᠨ ᠦᠢᠯᠡ ᠠᠵᠢᠯᠯᠠᠭ᠎ᠠ ᠭᠡᠷᠡᠴᠢᠯᠡᠵᠦ ᠪᠤᠢ᠃ | ᠲᠡᠳᠡᠨᠡᠶᠢᠬᠢᠨ ᠤᠷᠢᠳ ᠬᠤᠵᠢᠳ ᠠᠯᠠᠱᠠ ᠠᠶᠢᠮᠠᠭ ᠤᠨ ︽ᠠᠮᠢ ᠠᠬᠤᠢ ᠶᠢ ᠪᠦᠲᠦᠭᠡᠨ ᠪᠠᠶᠢᠭᠤᠯᠤᠭᠰᠠᠨ | ᠬᠤᠰᠢᠭᠤᠴᠢ︾᠂ ᠪᠦᠬᠦ ᠣᠷᠣᠨ ᠤ ︽ᠬᠠᠮᠤᠭ ᠤᠨ ᠵᠢᠷᠭᠠᠯᠲᠠᠢ ᠭᠡᠷ ᠪᠦᠯᠢ ᠶᠢᠨ ᠵᠢᠱᠢᠶᠡᠴᠢ︾᠂ ︽ᠪᠦᠬᠦ | ᠤᠯᠤᠰ ᠤᠨ ᠬᠠᠮᠤᠭ ᠤᠨ ᠵᠣᠯ ᠵᠢᠷᠭᠠᠯᠲᠠᠢ ᠭᠡᠷ ᠪᠥᠯᠢ︾᠂ ︽ᠪᠦᠬᠦ ᠤᠯᠤᠰ ᠤᠨ ᠪᠣᠯᠪᠠᠰᠤᠨ ᠭᠡᠷ ᠪᠦᠯᠢ︾ ᠵᠡᠷᠭᠡ | ᠢᠷᠠᠭᠤ ᠠᠯᠳᠠᠷ ᠢ ᠬᠦᠷᠲᠡᠭᠰᠡᠨ ᠪᠠᠶᠢᠨ᠎ᠠ᠃ ᠡᠳᠡᠭᠡᠷ ᠢᠷᠠᠭᠤ ᠠᠯᠳᠠᠷ ᠢᠶᠠᠷ ᠬᠥᠬᠢᠬᠦᠯᠦᠭᠲᠡᠵᠦ ᠶᠠᠪᠤᠬᠤ ᠳᠤ | ᠲᠥᠪᠪᠠᠲᠤ ᠶᠢᠨ ᠳᠣᠲᠣᠷ᠎ᠠ ᠡᠷᠴᠢ ᠬᠦᠴᠦ ᠴᠠᠭᠠᠨ᠎ᠠ ᠠᠴᠠ ᠤᠨᠳᠤᠷᠴᠤ ᠪᠠᠶᠢᠭ᠎ᠠ ᠰᠢᠤᠬᠠᠨ ᠰᠠᠨᠠᠭᠳᠠᠨ᠎ᠠ᠃ | ᠠᠭᠤᠤ ᠨᠠᠮ ᠳᠠᠭᠠᠨ ᠭᠡᠰᠡᠨ ᠭᠠᠭᠴᠠ ᠰᠡᠳᠬᠢᠯ ᠢ ᠪᠠᠷᠢᠵᠤ ᠤᠶᠢᠭ᠎ᠠ ᠦᠭᠡᠢ ᠴᠢᠷᠮᠠᠶᠢᠯᠭ᠎ᠠ ᠪᠠᠷ ᠢᠶᠠᠨ | ᠵᠢᠳᠬᠦᠭᠰᠡᠨ ᠲᠥᠪᠪᠠᠲᠤ ᠶᠢᠨ ᠬᠤᠪᠢ ᠳᠤ ᠡᠨᠡ ᠪᠣᠯ ᠲᠡᠭᠦᠨ ᠤ ᠨᠢᠭᠡ ᠠᠬᠠᠮᠠᠳ ᠨᠠᠮ ᠤᠨ ᠭᠡᠰᠢᠭᠦᠨ ᠪᠣᠯᠣᠭᠰᠠᠨ ᠤ | ᠬᠤᠪᠢ ᠳᠤ ᠵᠠᠪᠠᠯ ᠬᠢᠬᠦ ᠶᠣᠰᠣᠲᠠᠢ ᠠᠵᠢᠯ ᠭᠡᠰᠡᠨ ᠵᠢᠷᠦᠬᠡᠨ ᠤ ᠲᠠᠩᠭᠠᠷᠢᠭ ᠲᠠᠢ ᠠᠵᠢ᠃ ᠲᠡᠭᠦᠨ ᠤ ᠳᠡᠭᠡᠷ᠎ᠡ ᠨᠢ | ᠨᠠᠰᠤᠨ ᠲᠤᠷᠰᠢᠳᠠ ᠪᠠᠨ ᠨᠢᠭᠡ ᠯᠡ ᠰᠡᠳᠬᠢᠯ ᠢᠶᠠᠷ ᠭᠡᠬᠦ ᠠᠨᠳᠠᠭᠠᠢ ᠪᠠᠨ ᠡᠷᠭᠦᠵᠤ ᠪᠠᠶᠢᠨᠠᠮ᠃ | (ᠵᠣᠬᠢᠶᠠᠭᠴᠢ᠄ ᠪᠠᠭᠠᠨ᠎ᠠ ᠳᠠᠪᠰᠢᠯᠲᠤ) | | |