ᠤᠷᠴᠢᠮᠬᠠᠨ᠂ ᠡᠵᠡᠨ᠎ᠡ ᠬᠤᠰᠢᠭᠤ 2019 ᠤᠨ ᠤ ᠨᠡᠶᠢᠬᠡᠮ ᠤᠨ ᠠᠪᠤᠷᠠᠨ ᠲᠤᠰᠠᠯᠠᠬᠤ ᠪᠡᠷᠢᠮᠵᠢᠶ᠎ᠠ ᠪᠠᠨ | ᠳᠡᠭᠡᠭᠰᠢᠯᠡᠭᠦᠯᠬᠦ ᠪᠠ ᠮᠦᠩᠭᠦ ᠶᠢ ᠨᠢ ᠨᠦᠬᠦᠨ ᠲᠠᠷᠬᠠᠭᠠᠬᠤ ᠠᠵᠢᠯ ᠢᠶᠠᠨ ᠠᠮᠵᠢᠯᠲᠠᠲᠠᠢ ᠦᠨᠳᠦᠷᠯᠡᠭᠦᠯᠵᠤ᠂ ᠪᠦᠬᠦ | ᠬᠤᠰᠢᠭᠤᠨ ᠤ 131 ᠨᠡᠷ᠎ᠡ ᠪᠠᠭᠤᠷᠠᠶᠢᠴᠤᠤᠯ ᠳᠤ ᠰᠢᠨ᠎ᠡ ᠪᠠᠷᠢᠮᠵᠢᠶ᠎ᠠ ᠪᠠᠷ ᠳᠡᠭᠡᠳᠤ ᠬᠠᠭᠠᠰ ᠵᠢᠯ ᠤᠨ 63091 | ᠲᠦᠭᠦᠷᠢᠭ ᠮᠦᠩᠭᠦ ᠶᠢ ᠨᠦᠬᠦᠨ ᠳᠠᠷᠬᠠᠭᠠᠭᠰᠠᠠ ᠪᠠᠶᠢᠨ᠎ᠠ᠃ | ᠤᠶᠢᠷ᠎ᠠ ᠶᠢᠨ ᠵᠢᠯ ᠤᠨ ᠳᠤᠷᠰᠢ᠂ ᠡᠵᠡᠨ᠎ᠡ ᠬᠤᠰᠢᠭᠤ ᠬᠦᠴᠢᠷᠳᠡᠯᠲᠠᠢ ᠤᠯᠠᠨ ᠲᠦᠮᠡᠨ ᠤ ᠦᠨᠳᠦᠰᠦᠨ | ᠠᠮᠢᠳᠤᠷᠠᠯ ᠢ ᠪᠠᠲᠤᠯᠠᠬᠤ ᠶᠢ ᠢᠮᠠᠭᠲᠠ ᠪᠠᠷᠢᠮᠲᠠᠯᠠᠵᠤ᠂ ᠬᠦᠭᠵᠢᠯᠲᠠ ᠶᠢᠨ ᠦᠷ᠎ᠡ ᠪᠦᠲᠦᠭᠡᠯ ᠢ ᠬᠦᠴᠢᠷᠳᠡᠯᠲᠠᠢ ᠠᠷᠠᠳ | ᠢᠷᠭᠡᠳ ᠲᠤ ᠦᠨᠡᠨᠬᠦ ᠨᠡᠩ ᠶᠡᠭᠡ᠂ ᠨᠡᠩ ᠰᠠᠶᠢᠲᠤᠷ ᠬᠦᠷᠲᠡᠭᠡᠬᠦ ᠪᠠᠷ 2006 ᠤᠨ ᠠᠴᠠ ᠡᠬᠢᠯᠡᠨ ᠬᠤᠲᠠ | ᠬᠦᠳᠡᠭᠡ ᠶᠢᠨ ᠳᠤᠤᠷ᠎ᠠ ᠪᠠᠲᠤᠯᠠᠭ᠎ᠠ ᠶᠢᠨ ᠪᠠᠷᠢᠮᠵᠢᠶ᠎ᠠ ᠶᠢ 13 ᠵᠢᠯ ᠳᠠᠷᠠᠭᠠᠯᠠᠨ ᠦᠰᠭᠡᠵᠤ᠂ ᠤᠨᠴᠠ ᠬᠦᠴᠢᠷᠳᠡᠯᠲᠠᠢ | ᠬᠦᠮᠦᠰ ᠢ ᠠᠰᠠᠷᠠᠵᠤ ᠬᠠᠷᠠᠭᠠᠯᠵᠠᠬᠤ ᠪᠠᠷᠢᠮᠵᠢᠶ᠎ᠠ ᠪᠠ ᠬᠠᠷᠠᠭᠠᠯᠵᠠᠵᠤ ᠰᠤᠪᠢᠯᠠᠬᠤ ᠨᠦᠬᠦᠪᠦᠷᠢ ᠶᠢ ᠬᠤᠶᠠᠷ ᠵᠢᠯ | ᠳᠠᠷᠠᠭᠠᠯᠠᠠ ᠨᠡᠮᠡᠭᠳᠡᠬᠦᠯᠦᠭᠰᠡᠠ ᠪᠠᠶᠢᠨ᠎ᠠ᠃ ᠡᠨᠡ ᠵᠢᠯ ᠲᠤᠰ ᠬᠤᠰᠢᠭᠤ ᠬᠤᠲᠠ ᠬᠦᠳᠡᠭᠡ ᠶᠢᠨ ᠳᠤᠤᠷ᠎ᠠ | ᠪᠠᠲᠤᠯᠠᠭ᠎ᠠ ᠶᠢᠨ ᠪᠠᠷᠢᠮᠵᠢᠶ᠎ᠠ ᠪᠠᠨ 2018 ᠤᠨ ᠤ ᠰᠠᠷ᠎ᠠ ᠪᠦᠷᠢ ᠬᠦᠮᠦᠨ ᠳᠤᠮᠳᠠᠴᠢ 806 ᠲᠦᠭᠦᠷᠢᠭ ᠪᠠᠶᠢᠭᠰᠠᠨ | ᠰᠠᠭᠤᠷᠢᠨ ᠳᠡᠭᠡᠷ᠎ᠡ 9% ᠪᠠᠷ ᠦᠰᠭᠡᠵᠤ᠂ ᠰᠠᠷ᠎ᠠ ᠪᠦᠷᠢ ᠬᠦᠮᠦᠨ ᠳᠤᠮᠳᠠᠴᠢ 878 ᠲᠦᠭᠦᠷᠢᠭ ᠪᠤᠯᠭᠠᠵᠠᠢ᠃ | ᠬᠤᠲᠠ ᠪᠠᠯᠭᠠᠰᠤᠨ ᠤ ᠤᠨᠴᠠ ᠬᠦᠴᠢᠷᠳᠡᠯᠲᠠᠢ ᠬᠦᠮᠦᠰ ᠤᠨ ᠰᠠᠯᠤᠩᠬᠢᠲᠠ ᠪᠠ ᠲᠦᠪᠯᠡᠷᠡᠭᠦᠯᠦᠨ ᠠᠰᠠᠷᠠᠨ | ᠬᠠᠷᠠᠭᠠᠯᠵᠠᠬᠤ ᠪᠠᠷᠢᠮᠵᠢᠶ᠎ᠠ ᠶᠢ ᠳᠡᠭᠡᠷ᠎ᠡ ᠵᠢᠯ ᠤᠨ ᠬᠦᠮᠦᠨ ᠳᠤᠮᠳᠠᠴᠢ 14000 ᠲᠦᠭᠦᠷᠢᠭ ᠪᠠᠶᠢᠭᠰᠠᠨ ᠢ 8% ᠪᠠᠷ | ᠨᠡᠮᠡᠭᠳᠡᠭᠦᠯᠵᠤ᠂ ᠨᠢᠭᠡᠳᠦᠯᠲᠠᠢ ᠪᠠᠷ ᠵᠢᠯ ᠪᠦᠷᠢ ᠬᠦᠮᠦᠨ ᠳᠤᠮᠳᠠᠴᠢ 15120 ᠲᠦᠭᠦᠷᠢᠭ ᠪᠤᠯᠭᠠᠨ ᠦᠰᠭᠡᠵᠡᠢ᠃ | ᠤᠨᠴᠠ ᠬᠦᠴᠢᠷᠳᠡᠯᠲᠠᠢ ᠬᠦᠮᠦᠰ ᠤᠨ ᠳᠤᠮᠳᠠᠬᠢ ᠠᠮᠢᠳᠤᠷᠠᠯ ᠢᠶᠠᠨ ᠦᠪᠡᠷ ᠲᠡᠭᠡᠨ ᠠᠷᠭᠠᠴᠠᠭᠠᠬᠤ ᠴᠢᠳᠠᠪᠤᠷᠢ ᠪᠠᠨ | ᠬᠠᠭᠠᠰ ᠠᠯᠳᠠᠭᠰᠠᠳ ᠪᠠ ᠪᠦᠷᠢᠨ ᠠᠯᠳᠠᠭᠰᠠᠳ ᠤᠨ ᠨᠦᠬᠦᠪᠦᠷᠢ ᠶᠢᠨ ᠪᠠᠷᠢᠮᠵᠢᠶ᠎ᠠ ᠶᠢ ᠲᠦᠷᠦᠭᠦᠦ ᠵᠢᠯ ᠤᠨ ᠰᠠᠷ᠎ᠠ | ᠪᠦᠷᠢ ᠬᠦᠮᠦᠨ ᠳᠤᠮᠳᠠᠴᠢ ᠪᠠᠷ 425 ᠲᠦᠭᠦᠷᠢᠭ ᠪᠠ 1105 ᠲᠦᠭᠦᠷᠢᠭ ᠪᠠᠶᠢᠭᠰᠠᠨ ᠠᠴᠠ ᠨᠢ ᠨᠡᠶᠢᠳᠡᠮ ᠳᠤᠨᠢ | 4% ᠪᠠᠷ ᠦᠰᠭᠡᠵᠤ᠂ ᠲᠤᠰᠪᠤᠷᠢ ᠰᠠᠷ᠎ᠠ ᠪᠦᠷᠢ ᠬᠦᠮᠦᠨ ᠳᠤᠮᠳᠠᠴᠢ 440 ᠲᠦᠭᠦᠷᠢᠭ ᠪᠠ 1144 ᠲᠦᠭᠦᠷᠢᠭ | ᠪᠤᠯᠭᠠᠵᠡᠢ᠃ | (ᠵᠣᠬᠢᠶᠠᠭᠴᠢ᠄ ᠴᠠᠭᠠᠨᠬᠦᠦ) | |