ᠮᠠᠯᠴᠢᠳ ᠨᠤᠳᠤᠭ ᠪᠡᠯᠴᠢᠬᠡᠷ ᠢᠶᠠᠷ ᠢᠶᠠᠨ ᠵᠢᠭᠤᠯᠴᠢᠯᠠᠯ ᠤᠨ ᠺᠤᠮᠫᠠᠨᠢ ᠳᠤ ᠬᠤᠪᠢ ᠤᠷᠤᠵᠦ ᠵᠢᠯ ᠤᠨ ᠶᠡᠷᠦᠩᠬᠡᠢ ᠤᠷᠤᠯᠭ᠎ᠠ ᠨᠢ 1200 ᠲᠦᠮᠡᠨ ᠲᠦᠬᠦᠷᠢᠭ ᠲᠤ ᠬᠦᠷᠴᠦ ᠪᠤᠢ
ᠨᠡᠶᠢᠲᠡᠯᠡᠭᠰᠡᠨ ᠴᠠᠭ᠄
2019/7/12
       ᠠᠯᠠᠱᠠ ᠠᠶᠢᠮᠠᠬ ᠤᠨ ᠲᠡᠭᠷᠢ ᠠᠵᠦ ᠠᠬᠤᠢ ᠶᠢᠨ ᠮᠡᠷᠭᠡᠵᠢᠯ ᠤᠨ ᠨᠡᠬᠡᠬᠡᠯᠳᠡ ᠶᠢᠨ ᠤᠷᠤᠨ ᠤ ᠲᠡᠭᠷᠢ ᠡᠯᠠᠰᠤ ᠪᠠᠯᠭᠠᠰᠤᠨ ᠤ ᠤᠯᠠᠭᠠᠨᠬᠠᠳᠠ ᠭᠠᠴᠠᠭᠠᠨ ᠤ ᠮᠠᠯᠴᠢᠳ ᠪᠡᠯᠡ ᠭᠠᠷᠭᠠᠵᠦ ᠬᠤᠪᠢ ᠤᠷᠤᠬᠤ ᠬᠡᠯᠪᠡᠷᠢ ᠪᠠᠷ ᠵᠢᠭᠤᠯᠴᠢᠯᠠᠯ ᠤᠨ ᠲᠤᠰᠬᠠᠢ ᠬᠤᠷᠰᠢᠶᠠᠵᠢᠯ ᠪᠠᠶᠢᠭᠤᠯᠬᠤ᠂ ᠨᠤᠳᠤᠭ ᠪᠡᠯᠴᠢᠬᠡᠷ ᠢᠶᠠᠷ ᠢᠶᠠᠨ ᠵᠢᠭᠤᠯᠴᠢᠯᠠᠯ ᠤᠨ ᠺᠤᠮᠫᠠᠨᠢ ᠳᠤ ᠬᠤᠪᠢ ᠤᠷᠤᠵᠦ ᠠᠰᠢᠬ ᠬᠤᠪᠢᠶᠠᠷᠢᠯᠠᠬᠤ᠂ ᠵᠢᠭᠤᠯᠴᠢᠯᠠᠯ ᠤᠨ ᠦᠵᠡᠮᠵᠢ ᠶᠢᠨ ᠤᠷᠤᠨ ᠤ ᠡᠵᠡᠩᠨᠡᠯᠳᠡ ᠶᠢᠨ ᠲᠦᠷᠦᠯ ᠵᠦᠢᠯ ᠳᠤ ᠤᠷᠤᠯᠴᠠᠵᠦ ᠤᠷᠤᠯᠭ᠎ᠠ ᠤᠯᠬᠤ ᠪᠠᠷ ᠲᠠᠮᠵᠢᠨ᠂ ᠵᠢᠭᠤᠯᠴᠢᠯᠠᠯ ᠤᠨ ᠲᠤᠰᠬᠠᠢ ᠬᠤᠷᠰᠢᠶᠠᠵᠢᠯ ᠤᠨ ᠵᠢᠯ ᠤᠨ ᠤᠷᠤᠯᠭ᠎ᠠ ᠨᠢ 1200 ᠲᠦᠮᠡᠨ ᠲᠦᠬᠦᠷᠢᠭ ᠢ ᠲᠠᠪᠠᠵᠦ᠂ ᠬᠡᠰᠢᠬᠦᠨ ᠡᠷᠦᠬᠡ ᠶᠢᠨ ᠲᠤᠮᠳᠠᠴᠢ ᠵᠢᠭᠤᠯᠴᠢᠯᠠᠯ ᠤᠨ ᠤᠷᠤᠯᠭ᠎ᠠ ᠨᠢ 8.6 ᠲᠦᠮᠡᠨ ᠲᠦᠬᠦᠷᠢᠭ ᠲᠤ ᠬᠦᠷᠴᠤ᠂ ᠲᠤᠰ ᠭᠠᠴᠠᠭ᠎ᠠ ᠬᠤᠯᠠ ᠤᠢᠢᠷ᠎ᠠ ᠳᠠᠭᠠᠨ ᠠᠯᠳᠠᠷᠳᠠᠢ ᠴᠢᠨᠡᠬᠡᠯᠢᠭ ᠭᠠᠴᠠᠭ᠎ᠠ ᠪᠤᠯᠤᠯ᠎ᠠ᠃        2011 ᠣᠨ ᠳᠤ ᠤᠯᠠᠭᠠᠨᠬᠠᠳᠠ ᠭᠠᠴᠠᠭᠠᠨ ᠤ ᠮᠠᠯᠴᠢᠳ ᠪᠡᠯᠡ ᠭᠠᠷᠭᠠᠵᠦ ᠬᠤᠪᠢ ᠤᠷᠤᠬᠤ ᠬᠡᠯᠪᠡᠷᠢ ᠪᠠᠷ ᠵᠢᠭᠤᠯᠴᠢᠯᠠᠯ ᠤᠨ ᠲᠤᠰᠬᠠᠢ ᠬᠤᠷᠰᠢᠶᠠᠵᠢᠯ ᠪᠠᠶᠢᠭᠤᠯᠤᠬᠰᠠᠨ ᠪᠦᠭᠡᠳ ᠮᠠᠯᠴᠢᠳ ᠨᠤᠳᠤᠭ ᠪᠡᠯᠴᠢᠬᠡᠷ ᠢᠶᠠᠷ ᠢᠶᠠᠨ ᠲᠤᠩᠬᠤ ᠶᠢᠨ ᠲᠠᠯ᠎ᠠ ᠵᠢᠭᠤᠯᠴᠢᠯᠠᠯ ᠤᠨ ᠦᠵᠡᠮᠵᠢ ᠶᠢᠨ ᠤᠷᠤᠨ ᠳᠤ ᠬᠤᠪᠢ ᠤᠷᠤᠵᠦ ᠠᠰᠢᠬ ᠬᠤᠪᠢᠶᠠᠷᠢᠯᠠᠬᠤ ᠶᠢᠨ ᠬᠠᠮᠳᠤ᠂ ᠪᠠᠰᠠ ᠵᠢᠭᠤᠯᠴᠢᠯᠠᠯ ᠤᠨ ᠦᠵᠡᠮᠵᠢ ᠶᠢᠨ ᠤᠷᠤᠨ ᠤ ᠮᠤᠷᠢ ᠲᠡᠮᠡᠭᠡ ᠤᠨᠤᠭᠤᠯᠬᠤ ᠵᠡᠷᠬᠡ ᠡᠵᠡᠩᠨᠡᠯᠳᠡ ᠶᠢᠨ ᠲᠦᠷᠦᠯ ᠵᠦᠢᠯ ᠳᠤ ᠤᠷᠤᠯᠴᠠᠵᠦ᠂ ᠡᠵᠡᠩᠨᠡᠯᠳᠡ ᠶᠢᠨ ᠤᠷᠤᠯᠭ᠎ᠠ ᠶᠢᠨ ᠬᠢᠨᠢ 70% ᠶᠢ ᠠᠪᠴᠤ ᠤᠷᠤᠯᠭ᠎ᠠ ᠪᠠᠨ ᠨᠡᠮᠡᠭᠳᠡᠬᠦᠯᠵᠦ ᠡᠬᠢᠯᠡᠵᠡᠢ᠃ ᠲᠤᠩᠬᠤ ᠶᠢᠨ ᠲᠠᠯ᠎ᠠ ᠵᠢᠭᠤᠯᠴᠢᠯᠠᠯ ᠤᠨ ᠦᠵᠡᠮᠵᠢ ᠶᠢᠨ ᠤᠷᠤᠨ ᠠᠴᠠ ᠭᠠᠳᠠᠨ᠎ᠠ᠂ ᠡᠯᠡᠰᠦᠨ ᠲᠠᠯᠠᠢ ᠵᠢᠭᠤᠯᠴᠢᠯᠠᠯ ᠤᠨ ᠦᠵᠡᠮᠵᠢ ᠶᠢᠨ ᠤᠷᠤᠨ᠂ ᠱᠦᠢ ᠱᠤᠤ ᠽᠢ ᠵᠢᠭᠤᠯᠴᠢᠯᠠᠯ ᠤᠨ ᠦᠵᠡᠮᠵᠢ ᠶᠢᠨ ᠤᠷᠤᠨ ᠨᠢ ᠪᠠᠰᠠ ᠤᠷᠢᠳ ᠬᠤᠵᠢᠳ ᠤᠯᠠᠭᠠᠨᠬᠠᠳᠠ ᠭᠠᠴᠠᠭᠠᠨ ᠳᠤ ᠨᠤᠳᠤᠬᠰᠢᠵᠦ᠂ ᠵᠢᠭᠤᠯᠴᠢᠯᠠᠯ ᠤᠨ ᠲᠤᠰᠬᠠᠢ ᠬᠤᠷᠰᠢᠶᠠᠵᠢᠯ ᠤᠨ ᠬᠡᠰᠢᠬᠦᠳ ᠨᠢ ᠮᠦᠨ ᠠᠳᠠᠯᠢ ᠪᠠᠷ ᠨᠤᠳᠤᠭ ᠪᠡᠯᠴᠢᠬᠡᠷ ᠢᠶᠠᠷ ᠢᠶᠠᠨ ᠡᠨᠡ ᠬᠤᠶᠠᠷ ᠵᠢᠭᠤᠯᠴᠢᠯᠠᠯ ᠤᠨ ᠦᠵᠡᠮᠵᠢ ᠶᠢᠨ ᠤᠷᠤᠨ ᠳᠤ ᠬᠤᠪᠢ ᠤᠷᠤᠵᠦ ᠠᠰᠢᠬ ᠬᠤᠪᠢᠶᠠᠷᠢᠯᠠᠵᠦ ᠪᠠᠶᠢᠬᠤ ᠪᠦᠭᠡᠳ ᠡᠵᠡᠩᠨᠡᠯᠳᠡ ᠶᠢᠨ ᠲᠦᠷᠦᠯ ᠵᠦᠢᠯ ᠳᠤᠨᠢ ᠤᠷᠤᠯᠴᠠᠵᠦ ᠤᠷᠤᠯᠭ᠎ᠠ ᠪᠠᠨ ᠨᠡᠮᠡᠭᠳᠡᠬᠦᠯᠬᠦ ᠪᠤᠯᠤᠬᠰᠠᠨ ᠠᠴᠠ ᠲᠤᠰ ᠭᠠᠴᠠᠭ᠎ᠠ ᠶᠢᠨ ᠮᠠᠯᠴᠢᠳ ᠤᠨ ᠤᠤᠯ ᠳᠠᠭᠠᠨ ᠲᠤᠭᠠᠳᠠᠶᠢᠬᠠᠨ ᠮᠠᠯ ᠢᠶᠠᠨ ᠮᠠᠯᠵᠢᠵᠦ᠂ ᠶᠠᠯᠢᠮ ᠦᠬᠡᠢ ᠤᠷᠤᠯᠭ᠎ᠠ ᠲᠠᠢ ᠠᠮᠢᠳᠤᠷᠠᠵᠦ ᠪᠠᠶᠢᠬᠰᠠᠨ ᠪᠠᠶᠢᠳᠠᠯ ᠨᠢ ᠪᠦᠲᠦᠮᠵᠢᠳᠡᠢ ᠦᠬᠡᠷᠡᠴᠢᠯᠡᠭᠳᠡᠵᠡᠢ᠃        ᠮᠠᠨ ᠤ ᠤᠯᠤᠰ ᠤᠨ ᠲᠦᠷᠪᠡᠳᠦᠬᠡᠷ ᠶᠡᠭᠡ ᠡᠯᠡᠰᠦ ᠪᠤᠯᠬᠤ ᠲᠡᠭᠷᠢ ᠡᠯᠡᠰᠦᠨ ᠳᠠᠬᠢ ᠬᠤᠶᠠᠷᠬᠤᠳᠳᠤᠭ ᠤᠨ ᠬᠦᠳᠡᠭᠡ ᠭᠡᠭᠴᠢ ᠡᠷᠳᠡ ᠦᠶ᠎ᠠ ᠳᠡᠭᠡᠨ ᠸᠠᠩ ᠨᠤᠶᠠᠳ ᠤᠨ ᠮᠠᠯ ᠤᠨ ᠪᠡᠯᠴᠢᠭᠡᠷ ᠪᠠᠶᠢᠵᠦ᠂ ᠦᠩ ᠰᠢᠮᠡᠯᠢᠭ᠂ ᠦᠵᠡᠮᠵᠢ ᠲᠡᠬᠦᠰ ᠢᠶᠠᠷ ᠢᠶᠠᠨ ᠬᠤᠯᠠ ᠤᠢᠢᠷ᠎ᠠ ᠳᠠᠭᠠᠨ ᠠᠯᠳᠠᠷᠰᠢᠵᠠᠢ᠃ ᠡ᠊ᠡᠳᠡ ᠪᠠᠶᠢᠷᠢᠯᠠᠵᠦ ᠪᠠᠶᠢᠭ᠎ᠠ ᠲᠤᠩᠬᠤ ᠶᠢᠨ ᠲᠠᠯ᠎ᠠ ᠭᠡᠬᠦ 4A ᠲᠡᠰ ᠤᠨ ᠵᠢᠭᠤᠯᠴᠢᠯᠠᠯ ᠤᠨ ᠦᠵᠡᠮᠵᠢ ᠶᠢᠨ ᠤᠷᠤᠨ ᠳᠤ ᠰᠤᠷᠪᠤᠯᠵᠢᠯᠠᠬᠴᠢ ᠬᠦᠷᠬᠦ ᠳᠤ᠂ ᠲᠤᠮᠤ ᠲᠤᠮᠤ ᠠᠶᠠᠨᠴᠢᠨ ᠤ ᠮᠠᠰᠢᠨ ᠵᠦᠷᠢᠯᠳᠦᠭᠡᠳ᠂ ᠪᠦᠯᠦᠭ ᠪᠦᠯᠦᠭ ᠵᠤᠭᠠᠴᠠᠭᠰᠠᠳ ᠡᠩᠨᠡᠷᠡᠭᠡᠳ᠂ ᠮᠤᠷᠢ ᠲᠡᠮᠡᠭᠡ ᠤᠨᠤᠵᠦ ᠪᠠᠶᠢᠨ᠎ᠠ᠂ ᠮᠠᠰᠢᠨ ᠮᠤᠲ᠋ᠤᠷ ᠲᠠᠪᠬᠢᠭᠤᠯᠵᠦ ᠪᠠᠶᠢᠨ᠎ᠠ ᠁ ᠡ᠊ᠡᠳᠡ ᠵᠢᠭᠤᠯᠴᠢᠯᠠᠯ ᠤᠨ ᠬᠠᠯᠠᠭᠤᠷᠠᠯ ᠭᠡᠳᠦ᠋ᠢᠨ ᠡᠬᠢᠯᠡᠴᠢᠬᠡᠭᠰᠡᠨ ᠢ ᠤᠯᠵᠦ ᠬᠠᠷᠠᠯ᠎ᠠ᠃ ᠤᠢᠢᠯᠠᠭᠠᠬᠰᠠᠨ ᠢᠶᠠᠷ᠂ ᠲᠤᠰ ᠵᠢᠭᠤᠯᠴᠢᠯᠠᠯ ᠤᠨ ᠦᠵᠡᠮᠵᠢ ᠶᠢᠨ ᠤᠷᠤᠨ ᠡᠨᠡ ᠵᠢᠯ ᠠᠴᠠ ᠨᠠᠰᠢ ᠨᠢᠬᠡᠨᠳᠡ 10 ᠲᠦᠮᠨ ᠭᠠᠷᠤᠢ ᠲᠤᠭᠤᠷᠢᠨ ᠵᠤᠭᠠᠴᠠᠭᠰᠠᠳ ︵ᠤᠳᠠᠭ᠎ᠠ︶ ᠢ ᠵᠤᠴᠢᠯᠠᠵᠦ᠂ 2000 ᠰᠢᠬᠠᠮ ᠲᠦᠮᠡᠨ ᠲᠦᠬᠦᠷᠢᠭ ᠤᠨ ᠤᠷᠤᠯᠭ᠎ᠠ ᠤᠯᠤᠬᠰᠠᠨ ᠪᠠᠶᠢᠯ᠎ᠠ᠃        ᠵᠢᠭᠤᠯᠴᠢᠯᠠᠯ ᠤᠨ ᠦᠵᠡᠮᠵᠢ ᠶᠢᠨ ᠤᠷᠤᠨ ᠤ ᠵᠢᠭᠤᠯᠴᠢᠯᠠᠯ ᠬᠦᠭᠵᠢᠶᠡᠨᠳᠡᠢ ᠪᠤᠯᠬᠤ ᠲᠤᠳᠤᠮ ᠤᠯᠠᠭᠠᠨᠬᠠᠳᠠ ᠭᠠᠴᠠᠭᠠᠨ ᠤ ᠮᠠᠯᠴᠢᠳ ᠤᠨ ᠤᠷᠤᠯᠭ᠎ᠠ ᠴᠤ ᠠᠶᠠᠨᠳᠠᠭᠠᠨ ᠨᠡᠮᠡᠭᠳᠡᠳᠡᠭ ᠢᠶᠠᠷ ᠢᠶᠠᠨ ᠡ᠊ᠡᠳᠡᠬᠢ ᠮᠠᠯᠴᠢᠳ ᠤᠨ ᠴᠢᠷᠠᠢ ᠳᠤ ᠪᠦᠷ ᠪᠠᠶᠠᠰᠤᠯ ᠲᠦᠬᠦᠷᠡᠩ᠃ ᠤᠯᠠᠭᠠᠨᠬᠠᠳᠠ ᠭᠠᠴᠭᠠᠨ ᠤ ᠵᠢᠭᠤᠯᠴᠢᠯᠠᠯ ᠤᠨ ᠲᠤᠰᠬᠠᠢ ᠬᠤᠷᠰᠢᠶᠠᠵᠢᠯ ᠤᠨ ᠬᠡᠷᠡᠭ ᠮᠡᠳᠡᠭᠴᠢᠳ ᠤᠨ ᠲᠠᠷᠤᠭ᠎ᠠ ᠵᠠᠩ ᠰᠢᠤᠧᠠᠢ ᠴᠢᠶᠠᠩ ᠤᠨ ᠲᠠᠨᠢᠯᠴᠠᠭᠤᠯᠤᠬᠰᠠᠨ ᠢᠶᠠᠷ᠂ ᠤᠳᠤᠬᠠᠨ ᠪᠤᠯᠳᠠᠯ᠎ᠠ ᠲᠤᠰ ᠭᠠᠴᠠᠭᠠᠨ ᠤ 212 ᠮᠠᠯᠴᠢᠨ ᠡᠷᠦᠬᠡ ᠪᠦᠬᠦᠨ ᠢᠶᠠᠷ ᠢᠶᠠᠨ ᠬᠤᠷᠰᠢᠶᠠᠵᠢᠯ ᠳᠤ ᠤᠷᠤᠬᠰᠠᠨ ᠪᠦᠭᠡᠳ 70% ᠶᠢᠨ ᠡᠷᠦᠬᠡ ᠨᠢ ᠵᠢᠭᠤᠯᠴᠢᠯᠠᠯ ᠤᠨ ᠦᠵᠡᠮᠵᠢ ᠶᠢᠨ ᠤᠷᠤᠨ ᠤ ᠡᠵᠡᠩᠨᠡᠯᠳᠡ ᠶᠢᠨ ᠲᠦᠷᠦᠯ ᠵᠦᠢᠯ ᠳᠤ ᠤᠷᠤᠯᠴᠠᠨ᠂ ᠢᠯᠠᠩᠭᠤᠶ᠎ᠠ 2015 ᠣᠨ ᠳᠤ ᠲᠤᠰ ᠭᠠᠴᠠᠭ᠎ᠠ 1.5 ᠲᠦᠮᠡᠨ ᠮᠦ ᠨᠤᠳᠤᠬ ᠪᠡᠯᠴᠢᠬᠡᠷ ᠤᠨ ᠡᠵᠡᠩᠨᠡᠯᠳᠡ ᠶᠢᠨ ᠡᠷᠬᠡ ᠪᠠᠨ 240 ᠲᠦᠮᠡᠨ ᠲᠦᠬᠦᠷᠢᠭ ᠢᠶᠠᠷ ᠨᠤᠭᠤᠯᠤᠨ ᠪᠤᠳᠤᠵᠦ᠂ ᠲᠤᠩᠬᠤ ᠶᠢᠨ ᠲᠠᠯ᠎ᠠ ᠵᠢᠭᠤᠯᠴᠢᠯᠠᠯ ᠤᠨ ᠦᠵᠡᠮᠵᠢ ᠶᠢᠨ ᠤᠷᠤᠨ ᠳᠤ ᠬᠤᠪᠢ ᠨᠡᠶᠢᠯᠡᠬᠦᠯᠦᠨ᠂ ᠲᠤᠰ ᠺᠤᠮᠫᠠᠨᠢ ᠶᠢᠨ ᠲᠠᠩᠰᠠᠯᠠᠭᠤᠯᠤᠬᠰᠠᠨ ᠡᠳ᠋ ᠬᠦᠷᠦᠩᠬᠡ ᠶᠢᠨ 14.63% ᠶᠢ ᠡᠵᠡᠯᠡᠵᠦ᠂ ᠮᠠᠯᠴᠢᠳ ᠨᠤᠳᠤᠬ ᠤᠨ ᠡᠵᠡᠳ ᠪᠠᠶᠢᠬᠰᠨᠨ ᠠᠴᠠ ᠪᠠᠨ ᠺᠤᠮᠫᠠᠨᠢ ᠶᠢᠨ ᠡᠵᠡᠳ ᠪᠤᠯᠵᠦ᠂ ᠠᠰᠢᠬ ᠬᠤᠪᠢᠶᠠᠷᠢᠯᠠᠬᠤ ᠪᠤᠯᠪᠠ᠃ 2012 ᠣᠨ ᠳᠤ ᠲᠤᠰ ᠬᠤᠷᠰᠢᠶᠠᠵᠢᠯ ᠤᠨ ᠤᠷᠤᠯᠭ᠎ᠠ 150 ᠲᠦᠮᠡᠨ ᠲᠦᠬᠦᠷᠢᠭ ᠯᠠ ᠪᠠᠶᠢᠬᠰᠠᠨ ᠢᠶᠠᠨ ᠨᠢᠳᠤᠨᠤᠨ 1200 ᠲᠦᠮᠡᠨ ᠲᠦᠬᠦᠷᠢᠭ ᠢ ᠲᠠᠪᠠᠵᠦ᠂ ᠬᠤᠷᠰᠢᠶᠠᠵᠢᠯ ᠤᠨ ᠬᠡᠰᠢᠬᠦᠨ ᠡᠷᠦᠬᠡ ᠲᠤᠮᠳᠠᠴᠢ ᠪᠠᠷ 8.6 ᠲᠦᠮᠡᠨ ᠲᠦᠬᠦᠷᠢᠭ ᠤᠨ ᠤᠷᠤᠯᠭ᠎ᠠ ᠤᠯᠵᠠᠢ᠂ ᠡᠬᠦᠨ ᠳᠤ ᠬᠠᠮᠤᠬ ᠤᠨ ᠶᠡᠭᠡ ᠤᠷᠤᠯᠭ᠎ᠠ ᠲᠠᠢ ᠡᠷᠦᠬᠡ ᠶᠢᠨ ᠤᠷᠤᠯᠭ᠎ᠠ ᠨᠢ 40 ᠲᠦᠮᠡᠨ ᠲᠦᠬᠦᠷᠢᠭ ᠲᠤ ᠬᠦᠷᠴᠡᠢ᠃        ᠲᠤᠰ ᠭᠠᠴᠠᠭᠠᠨ ᠤ ᠮᠠᠯᠴᠢᠨ ᠨᠠᠷᠠᠨ ᠡᠪᠡᠳᠴᠢᠨ ᠠᠷᠬᠠᠬ ᠲᠠᠢ ᠪᠠᠶᠢᠬᠰᠠᠨ ᠤ ᠲᠡᠭᠡᠷ᠎ᠠ ᠬᠤᠶᠠᠷ ᠬᠡᠤᠬᠡᠳ ᠢᠶᠠᠨ ᠰᠤᠷᠭᠠᠭᠤᠯᠢ ᠳᠤ ᠰᠠᠭᠤᠯᠭᠠᠬᠰᠠᠨ ᠵᠡᠷᠬᠡ ᠳᠤ ᠰᠢᠯᠳᠠᠭᠠᠯᠠᠬᠳᠠᠵᠦ᠂ ᠠᠮᠢᠳᠤᠷᠠᠯ ᠨᠢ ᠨᠢᠬᠡ ᠦᠶ᠎ᠠ ᠨᠡᠯᠢᠶᠡᠳ ᠬᠦᠴᠢᠷᠳᠡᠯᠳᠡᠢ ᠪᠠᠶᠢᠯ᠎ᠠ᠃ ᠲᠡᠮᠦᠷ ᠤᠨ ᠬᠦᠳᠡᠷ ᠲᠡᠬᠦᠵᠦ ᠦᠢᠯᠡ ᠪᠠᠨ ᠪᠠᠷᠠᠳᠠᠯ᠎ᠠ ᠠᠵᠢᠯᠯᠠᠭᠠᠤᠨ ᠪᠠᠰᠠ ᠠᠮᠢᠳᠤᠷᠠᠯ ᠢᠶᠠᠨ ᠦᠬᠡᠳᠡ ᠲᠠᠳᠠᠵᠦ ᠲᠡᠶᠢᠯᠬᠦ ᠦᠬᠡᠢ ᠪᠠᠶᠢᠬᠰᠠᠨ ᠦᠶ᠎ᠠ ᠳᠤᠨᠢ ᠬᠠᠷᠢᠨ ᠭᠠᠴᠠᠭ᠎ᠠ ᠠᠴᠠ ᠨᠢ ᠵᠢᠭᠤᠯᠴᠢᠯᠠᠯ ᠤᠨ ᠲᠤᠰᠬᠠᠢ ᠬᠤᠷᠰᠢᠶᠠᠵᠢᠯ ᠪᠠᠶᠢᠭᠤᠯᠬᠤ ᠳᠤ᠂ ᠲᠠᠷᠨ ᠬᠤᠷᠰᠢᠶᠠᠵᠢᠯ ᠳᠤ 9000 ᠲᠦᠬᠦᠷᠢᠭ ᠤᠨ ᠬᠤᠪᠢ ᠤᠷᠤᠬᠰᠠᠨ ᠠᠴᠠ ᠨᠢᠳᠤᠨᠤᠨ 6300 ᠲᠦᠬᠦᠷᠢᠭ ᠤᠨ ᠠᠰᠢᠬ ᠬᠤᠪᠢᠶᠠᠷᠢᠯᠠᠬᠰᠠᠨ ᠪᠦᠭᠡᠳ ᠤᠳᠤ ᠨᠦᠬᠦᠷ ᠲᠠᠢ ᠪᠠᠨ ᠬᠤᠶᠠᠭᠤᠯᠠ ᠨᠡᠶᠢᠳᠡ 8 ᠮᠤᠷᠢ ᠪᠠᠨ ᠲᠤᠩᠬᠤ ᠶᠢᠨ ᠲᠠᠯ᠎ᠠ ᠵᠢᠭᠤᠯᠴᠢᠯᠠᠯ ᠤᠨ ᠦᠵᠡᠮᠵᠢ ᠶᠢᠨ ᠤᠷᠤᠨ ᠳᠤ ᠲᠤᠭᠤᠷᠢᠨ ᠵᠤᠭᠠᠴᠠᠭᠰᠠᠳ ᠲᠤ ᠡᠳ᠋ᠯᠡᠬᠦᠯᠦᠨ᠂ ᠵᠢᠯ ᠳᠤ ᠪᠠᠷᠤᠬ 4 ᠲᠦᠮᠡᠨ ᠲᠦᠬᠦᠷᠢᠭ ᠤᠨ ᠤᠷᠤᠯᠭ᠎ᠠ ᠤᠯᠵᠦ ᠪᠠᠶᠢᠬᠤ ᠪᠦᠭᠡᠳ ᠬᠦᠦ ᠲᠠᠯᠠᠢ ᠨᠢ ᠪᠠᠰᠠ ᠡᠯᠡᠰᠦᠨ ᠳᠤ ᠨᠠᠭᠠᠳᠬᠤ ᠮᠠᠰᠢᠨ ᠲᠡᠷᠬᠡ ᠪᠠᠷ ᠢᠶᠠᠨ ᠲᠤᠭᠤᠷᠢᠨ ᠵᠤᠭᠠᠴᠠᠭᠰᠠᠳ ᠲᠤ ᠦᠢᠯᠡᠴᠢᠯᠡᠵᠦ᠂ ᠵᠢᠯ ᠳᠤ ᠪᠠᠰᠠ 8 — 9 ᠲᠦᠮᠡᠨ ᠲᠦᠬᠦᠷᠢᠭ ᠤᠨ ᠤᠷᠤᠯᠭ᠎ᠠ ᠡᠪᠦᠷᠳᠦᠯᠡᠬᠦ ᠪᠤᠯᠪᠠ᠃ ᠡᠬᠦᠨ ᠠᠴᠠ ᠭᠠᠳᠠᠨ᠎ᠠ᠂ ᠡᠳᠡᠨᠡᠶᠢᠬᠢᠨ ᠤ ᠭᠤᠷᠪᠠᠨ ᠬᠦᠮᠦᠨ ᠤ ᠨᠤᠳᠤᠬ ᠪᠡᠯᠴᠢᠬᠡᠷ ᠤᠨ ᠨᠦᠬᠦᠪᠦᠷᠢ ᠬᠡᠵᠦ ᠪᠠᠰᠠ ᠵᠢᠯ ᠤᠨ 3.9 ᠲᠦᠮᠡᠨ ᠲᠦᠬᠦᠷᠢᠭ ᠤᠨ ᠤᠷᠤᠯᠭ᠎ᠠ ᠲᠠᠢ ᠪᠤᠯᠬᠤᠷ 20 ᠲᠦᠮᠡᠨ ᠲᠦᠬᠦᠷᠢᠭ ᠤᠷᠤᠭᠤᠯᠵᠦ ᠰᠢᠨ᠎ᠠ ᠪᠠᠶᠢᠰᠢᠩ ᠪᠠᠷᠢᠬᠰᠠᠨ ᠪᠦᠭᠡᠳ ᠨᠢᠩᠰᠢᠶᠠ ᠶᠢᠨ ᠲᠡᠷᠡᠰᠤᠨ ᠬᠤᠳᠠ ᠳᠤ 100 ᠭᠠᠷᠤᠢ ᠲᠡᠭᠰᠢ ᠲᠦᠷᠪᠡᠯᠵᠢᠨ ᠮᠧᠲᠷ ᠤᠨ ᠠᠰᠠᠷ ᠬᠤᠳᠠᠯᠳᠤᠨ ᠠᠪᠴᠤ ᠬᠦᠤ ᠶᠢᠨ ᠢᠶᠠᠨ ᠬᠤᠷᠢᠮᠯᠠᠬᠤ ᠳᠤ ᠪᠡᠯᠡᠳᠭᠡᠭᠰᠡᠨ ᠵᠡᠷᠭᠡ ᠪᠠᠨ ᠨᠠᠷᠠᠨ ᠰᠤᠷᠪᠤᠯᠵᠢᠯᠠᠬᠴᠢ ᠳᠤ ᠶᠠᠷᠢᠬᠤ ᠳᠤ ᠴᠢᠷᠠᠢ ᠲᠦᠬᠦᠷᠡᠩ ᠪᠠᠶᠠᠰᠤᠯ ᠲᠤᠳᠤᠷᠠᠵᠦ ᠪᠠᠶᠢᠯ᠎ᠠ᠃                                                (ᠵᠣᠬᠢᠶᠠᠭᠴᠢ᠄ ᠪᠢᠯᠢᠭᠲᠦ     ᠬᠠᠢ ᠴᠢᠤᠧᠠᠨ)
 
ᠢᠷᠡᠯᠲᠡ᠄ ᠦᠪᠦᠷ ᠮᠣᠩᠭᠤᠯ ᠤᠨ ᠡᠳᠦᠷ ᠤᠨ ᠰᠣᠨᠢᠨ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号