ᠬᠡᠨᠳᠦᠨ᠄ ᠮᠠᠯᠴᠢᠳ ᠢᠶᠠᠨ ᠲᠠᠭᠠᠭᠤᠯᠵᠤ ᠬᠠᠮᠳᠤᠪᠠᠷ ᠴᠢᠨᠡᠬᠡᠯᠢᠭᠵᠢᠬᠦ ᠪᠠᠷ ᠴᠢᠷᠮᠠᠶᠢᠨ᠎ᠠ
ᠨᠡᠶᠢᠲᠡᠯᠡᠭᠰᠡᠨ ᠴᠠᠭ᠄
2019/6/4
     ᠡᠵᠡᠨ᠎ᠠ ᠬᠤᠰᠢᠭᠤᠨ ᠤ ᠰᠠᠶᠢᠬᠠᠨᠳᠤᠤᠷᠠᠢ ᠰᠤᠮᠤᠨ ᠤ ᠮᠦᠡᠭᠬᠡᠳᠦ ᠭᠠᠴᠠᠭ᠎ᠠ ᠳᠤ ᠬᠡᠨᠳᠦᠨ ᠬᠡᠳᠡᠭ ᠨᠠᠮ ᠤᠨ ᠬᠡᠰᠢᠬᠦᠨ ᠤ ᠭᠤᠤᠯᠯᠠᠬᠴᠢ ᠡᠷᠦᠬᠡ ᠪᠠᠶᠢᠳᠠᠭ᠃ ᠤᠷᠳᠤ ᠬᠤᠭᠤᠴᠠᠭᠠᠨ ᠤ ᠲᠤᠷᠰᠢ᠂ ᠲᠠᠷᠠ ᠨᠠᠮ ᠤᠨ ᠬᠡᠰᠢᠬᠦᠨ ᠤ ᠲᠠᠭᠤᠷᠢᠶᠠᠯ ᠦᠵᠡᠬᠦᠯᠬᠦ ᠦᠢᠯᠡᠳᠦᠯ ᠢᠶᠠᠨ ᠬᠦᠢᠴᠡᠳ ᠪᠠᠳᠠᠷᠠᠭᠤᠯᠤᠨ᠂ ᠤᠯᠠᠨ ᠲᠦᠮᠠᠨ ᠢ ᠲᠠᠭᠠᠭᠤᠯᠤᠨ ᠪᠠᠶᠠᠵᠢᠯ ᠤᠨ ᠵᠠᠮ ᠢᠶᠠᠷ ᠵᠠᠮᠨᠠᠵᠤ᠂ ᠤᠯᠠᠨ ᠲᠦᠮᠠᠨ ᠳᠡᠭᠡᠨ ᠢᠳᠡᠬᠡᠯ ᠬᠦᠨᠳᠦ ᠲᠠᠢ ᠶᠠᠪᠤᠵᠤ ᠪᠠᠶᠢᠨ᠎ᠠ᠃             2016 ᠤᠨ ᠳᠤ᠂ ᠬᠡᠨᠳᠦᠨ ᠮᠦᠡᠭᠬᠡᠳᠦ ᠭᠠᠴᠠᠭᠠᠨ ᠤ ︽ᠨᠠᠮ ᠤᠨ ᠬᠡᠰᠢᠬᠦᠨ ᠤ ᠭᠤᠤᠯᠯᠠᠬᠴᠢ ᠡᠷᠦᠬᠡ︾  ᠪᠠᠷ ᠰᠤᠩᠭᠤᠬᠳᠠᠨ᠂ ᠵᠠᠰᠠᠭ ᠤᠨ ᠤᠷᠳᠤᠨ ᠪᠤᠯᠤᠨ ᠮᠠᠯᠴᠢᠨ ᠲᠦᠮᠠᠨ ᠤ ᠬᠤᠭᠤᠷᠤᠨᠳᠤᠬᠢ ︽ᠵᠠᠭᠤᠴᠢᠯᠠᠬᠴᠢ︾᠂ ᠵᠦᠷᠢᠴᠡᠯ ᠵᠢᠭᠤᠷᠠᠯᠳᠤᠭᠠᠨ ᠢ ᠵᠤᠬᠢᠴᠠᠭᠤᠯᠤᠬᠴᠢ ᠪᠠ ᠠᠷᠠᠳ ᠲᠤ ᠲᠦᠬᠦᠮ ᠦᠵᠡᠬᠦᠯᠬᠦ ᠬᠦᠮᠦᠨ ᠪᠤᠯᠵᠠᠢ᠃             ᠬᠡᠨᠳᠦᠨ ᠦᠪᠡᠷ ᠤᠨ ᠬᠠᠷᠢᠯᠴᠠᠵᠤ ᠪᠠᠶᠢᠭ᠎ᠠ 9 ᠮᠠᠯᠴᠢᠨ ᠡᠷᠦᠬᠡ ᠶᠢᠨ 28 ᠬᠦᠮᠦᠨ ᠢᠶᠠᠨ ᠵᠤᠬᠢᠶᠠᠨ ᠪᠠᠶᠢᠭᠤᠯᠵᠤ᠂ ᠲᠦᠷᠦ ᠶᠢᠨ ᠪᠤᠳᠤᠯᠭ᠎ᠠ ᠶᠢᠨ ᠰᠤᠷᠤᠯᠴᠠᠯᠭ᠎ᠠ ᠬᠢᠬᠦ ᠪᠠᠷ ᠲᠦᠯᠦᠪᠯᠡᠵᠤ᠂ ᠦᠷᠯᠦᠬᠡ ᠡᠷᠳᠡᠯᠡᠨ ᠪᠤᠰᠴᠤ ᠮᠠᠯᠴᠢᠨ ᠡᠷᠦᠬᠡ ᠪᠠᠷ ᠬᠦᠨᠵᠡᠬᠡᠶᠢᠷᠡᠵᠠᠢ᠃ ︽ᠮᠠᠨ ᠤ ᠭᠠᠴᠠᠭ᠎ᠠ ᠭᠠᠵᠠᠷ ᠠᠭᠤᠳᠠᠮ ᠬᠦᠮᠦᠨ ᠠᠮᠠ ᠴᠦᠬᠡᠨ᠂ ᠴᠢᠮᠡᠭᠡ ᠨᠠᠪᠳᠡᠷᠡᠬᠦᠯᠬᠡ᠂ ᠵᠠᠮ ᠬᠠᠷᠢᠯᠴᠠᠭ᠎ᠠ ᠲᠦᠬᠦᠮ ᠦᠬᠡᠢ᠂ ᠮᠠᠯᠴᠢᠨ ᠤᠨ ᠬᠠᠷᠠᠭ᠎ᠠ ᠶᠢ ᠲᠠᠯᠠᠵᠤ᠂ ᠴᠠᠭ ᠦᠶ᠎ᠠ ᠶᠢᠨ ᠠᠯᠬᠤᠭ᠎ᠠ ᠲᠠᠢ ᠵᠡᠷᠬᠡᠴᠡᠬᠦᠯᠦᠨ᠂ ᠪᠠᠶᠠᠵᠢᠯ ᠤᠨ ᠵᠠᠮ ᠢᠶᠠᠷ ᠵᠠᠮᠨᠠᠭᠤᠯᠬᠤ ᠬᠠᠮᠤᠭ ᠰᠠᠶᠢᠨ ᠠᠷᠭ᠎ᠠ ᠪᠤᠯ ᠲᠠᠷᠤᠢ ᠰᠤᠷᠤᠯᠴᠠᠯᠭ᠎ᠠ︾ ᠬᠡᠵᠤ᠂ ᠰᠤᠷᠤᠯᠴᠠᠯᠭ᠎ᠠ ᠶᠢ ᠠᠳᠬᠤᠬᠤ ᠨᠢ ᠨᠠᠮ ᠤᠨ ᠬᠡᠰᠢᠬᠦᠨ ᠤᠯᠠᠨ ᠲᠦᠮᠠᠨ ᠤ ᠬᠡᠪ  ᠪᠤᠯᠪᠠᠰᠤᠷᠠᠯ ᠢ ᠲᠡᠬᠡᠭᠰᠢᠯᠡᠬᠦᠯᠬᠦ ᠰᠠᠭᠤᠷᠢ ᠢᠨᠵᠧᠨᠧᠷᠢᠩ ᠬᠡᠵᠤ ᠦᠵᠠᠨ᠂ ᠮᠠᠯᠴᠢᠳ ᠲᠤ ᠨᠠᠮ ᠪᠠ ᠤᠯᠤᠰ ᠤᠨ ᠬᠠᠮᠢᠶ᠎ᠠ ᠪᠦᠬᠦᠢ ᠲᠦᠷᠦ ᠶᠢᠨ ᠪᠤᠳᠤᠯᠭ᠎ᠠ ᠶᠢ ᠨᠡᠩ ᠰᠠᠶᠢᠨ ᠤᠢᠢᠯᠠᠭᠠᠭᠤᠯᠵᠤ ᠰᠤᠷᠤᠯᠴᠠᠭᠤᠯᠬᠤ ᠶᠢᠨ ᠲᠦᠯᠦᠬᠡ᠂  ᠬᠡᠨᠳᠦᠨ ᠨᠠᠮ ᠤᠨ ᠠᠷᠪᠠ ᠲᠦᠷᠪᠡᠳᠦᠬᠡᠷ ᠶᠡᠭᠡ ᠬᠤᠷᠠᠯ ᠤᠨ ᠲᠦᠯᠦᠬᠡᠯᠡᠭᠴᠢ ᠨᠠᠩᠰᠠᠯᠮ᠎ᠠ᠂ ᠨᠠᠮ ᠤᠨ ᠠᠷᠪᠠ ᠲᠠᠪᠤᠳᠤᠭᠠᠷ ᠶᠡᠭᠡ ᠬᠤᠷᠠᠯ᠂ ᠨᠠᠮ ᠤᠨ ᠠᠷᠪᠠ ᠵᠢᠷᠭᠤᠳᠤᠭᠠᠷ ᠶᠡᠭᠡ ᠬᠤᠷᠠᠯ ᠤᠨ ᠲᠦᠯᠦᠬᠡᠯᠡᠭᠴᠢ ᠶᠦᠮᠴᠢᠨᠵᠠᠪ᠂ ᠨᠠᠮ ᠤᠨ ᠠᠷᠪᠠ ᠶᠢᠰᠦᠳᠦᠬᠡᠷ ᠶᠡᠭᠡ ᠬᠤᠷᠠᠯ ᠤᠨ ᠲᠦᠯᠦᠬᠡᠯᠡᠭᠴᠢ ᠤᠶᠤᠨᠰᠤᠶᠤᠯ ᠢ ᠵᠠᠯᠠᠵᠤ ᠠᠪᠴᠢᠷᠠᠨ ᠨᠠᠮ ᠤᠨ ᠬᠢᠴᠢᠶᠠᠯ ᠤᠷᠤᠭᠤᠯᠵᠤ᠂ ᠬᠠᠵᠠᠭᠤᠳᠡᠬᠢ ᠬᠦᠮᠦᠨ ᠢᠶᠠᠷ ᠦᠯᠢᠬᠡᠷ ᠶᠠᠷᠢᠭᠤᠯᠤᠨ᠂ ᠬᠠᠵᠠᠭᠤᠳᠡᠬᠢ ᠬᠦᠮᠦᠨ ᠢᠶᠠᠷ ᠬᠠᠵᠠᠭᠤᠳᠡᠬᠢ ᠬᠦᠮᠦᠨ ᠢᠶᠠᠨ ᠵᠢᠯᠤᠭᠤᠳᠤᠭᠤᠯᠵᠠᠢ᠃            ᠬᠡᠨᠳᠦᠨ ᠪᠤᠯ ᠮᠠᠯᠵᠢᠬᠤ ᠤᠷᠤᠨ ᠳᠤ ᠲᠦᠷᠦᠵᠤ ᠦᠰᠦᠭᠰᠡᠨ ᠬᠦᠮᠦᠨ᠂ ᠲᠡᠵᠢᠬᠡᠵᠤ ᠠᠷᠠᠴᠢᠯᠠᠬᠤ ᠠᠵᠢᠯ ᠳᠠᠭᠠᠨ ᠭᠠᠷᠮᠠᠭᠠᠢ᠃ ᠬᠡᠨᠳᠦᠨ‌‍ᠰᠢᠨᠵᠢᠯᠡᠬᠦ ᠤᠬᠠᠭᠠᠨᠴᠢ ᠪᠠᠷ ᠲᠡᠵᠢᠭᠡᠨ ᠠᠷᠠᠴᠢᠯᠠᠬᠤ ᠶᠢ ᠬᠢᠴᠢᠶᠠᠵᠤ᠂  ᠡᠬᠡᠨᠡᠷ ᠲᠠᠢ ᠪᠠᠨ ᠬᠠᠮᠳᠤ ᠲᠡᠵᠢᠬᠡᠨ ᠠᠷᠠᠴᠢᠯᠠᠬᠤ ᠲᠠᠢ ᠬᠠᠮᠢᠶᠠᠳᠠᠬᠰᠠᠨ ᠨᠤᠮ ᠠᠴᠠ ᠮᠡᠳᠡᠯᠭᠡ ᠰᠤᠷᠴᠤ᠂ ᠲᠠᠭᠠᠭᠠᠴᠢᠯᠠᠬᠰᠠᠨ ᠪᠡᠯᠴᠢᠬᠡᠷ ᠢᠶᠠᠨ ᠪᠢᠳᠡᠬᠦᠮᠵᠢᠯᠠᠨ᠂ 1500 ᠲᠡᠭᠰᠢ ᠲᠦᠷᠪᠡᠯᠵᠢᠨ ᠮᠧᠲᠷ ᠤᠨ ᠲᠡᠵᠢᠬᠡᠨ ᠠᠷᠠᠴᠢᠯᠠᠬᠤ ᠰᠠᠭᠤᠷᠢᠨ ᠪᠠᠶᠢᠭᠤᠯᠵᠤ᠂ 1000 ᠭᠠᠷᠤᠢ ᠬᠤᠨᠢ ᠲᠡᠵᠢᠬᠡᠨ᠂ ᠪᠦᠬᠦ ᠬᠤᠰᠢᠭᠤᠨ ᠳᠤ ᠬᠡᠪᠴᠢᠶᠡᠵᠢᠭᠰᠡᠨ ᠡᠵᠡᠩᠨᠡᠯᠳᠡ ᠬᠢᠭᠰᠡᠨ ᠵᠢᠱᠢᠶᠠᠴᠢ ᠡᠷᠦᠬᠡ ᠪᠤᠯᠵᠠᠢ᠃            ᠠᠮᠢᠳᠤᠷᠠᠯ ᠦᠬᠡᠳᠡᠯᠡᠭᠰᠡᠨ ᠬᠡᠨᠳᠦᠨ ᠦᠪᠡᠷ ᠢ ᠪᠠᠨ ︽ᠨᠠᠮ ᠤᠨ ᠬᠡᠰᠢᠬᠦᠨ ᠤ ᠭᠤᠤᠯᠯᠠᠬᠴᠢ ᠡᠷᠦᠬᠡ︾ ᠬᠡᠰᠡᠨ ᠢᠶᠠᠨ ᠮᠠᠷᠳᠠᠭ᠎ᠠ ᠦᠬᠡᠢ᠂ ᠨᠡᠩ ᠴᠤ ᠡᠬᠦᠷᠬᠡ ᠬᠠᠷᠢᠭᠤᠴᠠᠯᠭ᠎ᠠ ᠪᠠᠨ ᠪᠠᠳᠤ ᠴᠡᠬᠡᠵᠢᠯᠠᠵᠤ᠂ ᠮᠠᠯᠴᠢᠳ ᠠᠳᠠᠯ ᠦᠢᠯᠡᠰ ᠪᠤᠰᠬᠠᠨ᠂ ᠲᠡᠵᠢᠬᠡᠨ ᠠᠷᠠᠴᠢᠯᠠᠬᠤ ᠬᠡᠪᠴᠢᠶ᠎ᠠ ᠪᠠᠨ ᠦᠷᠬᠡᠳᠭᠡᠬᠦ ᠶᠢ ᠪᠤᠳᠤᠪᠠᠴᠤ ᠪᠠᠯᠠ ᠮᠦᠡᠭᠬᠦ ᠬᠦᠷᠦᠯᠴᠡᠬᠦ ᠦᠬᠡᠢ ᠪᠠᠶᠢᠬᠤ ᠪᠠᠶᠢᠳᠠᠯ ᠳᠤ ᠴᠢᠭᠯᠡᠬᠦᠯᠤᠨ᠂ ᠬᠡᠨᠳᠦᠨ 20 ᠲᠦᠮᠡᠨ ᠲᠦᠬᠦᠷᠢᠭ ᠤᠨ ᠬᠠᠳᠠᠭᠠᠯᠠᠮᠵᠢ ᠪᠠᠨ 6 ᠮᠠᠯᠴᠢᠨ ᠡᠷᠦᠬᠡ ᠳᠤ ᠬᠦᠤ ᠮᠦᠡᠭᠬᠦ ᠦᠬᠡᠢ ᠪᠠᠷ ᠵᠢᠬᠡᠯᠡᠬᠦᠯᠵᠤ᠂ ᠲᠠᠳᠠᠨᠠᠷ ᠤᠨ ᠦᠢᠯᠡᠳᠪᠤᠷᠢᠯᠡᠯ ᠤᠨ ᠪᠠᠯᠠ ᠮᠦᠡᠭᠬᠦ ᠲᠤᠳᠠᠬᠳᠠᠵᠤ ᠪᠠᠶᠢᠭ᠎ᠠ ᠠᠰᠠᠭᠤᠳᠠᠯ ᠢ ᠰᠢᠢᠳᠪᠤᠷᠢᠯᠡᠵᠤ ᠦᠭᠬᠦᠭᠰᠡᠨ ᠢᠶᠠᠷ ᠪᠠᠷᠠᠬᠤ ᠦᠬᠡᠢ᠂ ᠦᠪᠡᠷ ᠢ ᠪᠠᠨ ᠤᠯᠠᠨ ᠵᠢᠯ ᠤᠨ ᠲᠡᠵᠢᠬᠡᠨ ᠠᠷᠠᠴᠢᠯᠠᠬᠰᠠᠨ ᠲᠤᠷᠰᠢᠯᠭ᠎ᠠ ᠪᠠᠨ ᠲᠠᠳᠠᠨᠠᠷ ᠲᠤ ᠬᠤᠪᠢᠶᠠᠯᠴᠠᠪᠠ᠃            ᠤᠯᠤᠰ ᠠᠴᠠ ᠮᠠᠯᠵᠢᠬᠤ ᠶᠢ ᠵᠤᠬᠰᠤᠭᠠᠵᠤ ᠪᠡᠯᠴᠢᠬᠡᠷ ᠰᠡᠷᠬᠦᠬᠡᠬᠦ ᠲᠦᠷᠦ ᠶᠢᠨ ᠪᠤᠳᠤᠯᠭ᠎ᠠ ᠶᠢ ᠬᠡᠷᠡᠭᠵᠢᠬᠦᠯᠦᠭᠰᠡᠨ ᠤ ᠡᠬᠢᠨ ᠤ ᠦᠶ᠎ᠠ ᠳᠤ᠂ ᠮᠦᠡᠭᠬᠡᠳᠦ ᠭᠠᠴᠠᠭᠠᠨ ᠤ ᠮᠠᠯᠴᠢᠳ ᠬᠤᠵᠢᠮ ᠬᠤᠶᠢᠰᠢᠳᠠ ᠶᠠᠭᠤ  ᠬᠢᠬᠦ ᠪᠠᠨ ᠤᠯᠳᠠᠬᠤ ᠦᠬᠡᠢ ᠪᠠᠯᠢᠳᠠᠵᠤ ᠪᠠᠶᠢᠬᠤ ᠳᠤ ᠬᠡᠨᠳᠦᠨ ᠬᠠᠷᠢᠨ ᠶᠠᠭᠠᠷᠠᠵᠤ ᠰᠠᠨᠳᠤᠷᠤᠬᠰᠠᠨ ᠦᠬᠡᠢ᠃ ᠲᠠᠷᠠ ᠨᠠᠮ ᠪᠠ ᠵᠠᠰᠠᠭ ᠤᠨ ᠤᠷᠳᠤᠨ ᠤ ᠤᠷᠢᠶᠠᠯᠠᠭ᠎ᠠ ᠶᠢ ᠲᠠᠭᠠᠵᠤ᠂ ᠠᠵᠤ ᠦᠢᠯᠡᠰ ᠡᠷᠬᠢᠯᠡᠭᠰᠡᠨ ᠢᠶᠠᠷ ᠪᠠᠷᠠᠬᠤ ᠦᠬᠡᠢ᠂ ᠤᠢᠢᠷ᠎ᠠ ᠬᠠᠪᠢ ᠶᠢᠨ ᠮᠠᠯᠴᠢᠨ ᠡᠷᠦᠬᠡ ᠪᠠᠨ ᠵᠤᠬᠢᠶᠠᠨ ᠪᠠᠶᠢᠭᠤᠯᠵᠤ ᠴᠠᠭᠠᠨ ᠨᠤᠯᠤᠤᠷᠳᠤ ᠢᠮᠠᠭ᠎ᠠ ᠲᠡᠵᠢᠬᠡᠬᠦ ᠬᠤᠷᠰᠢᠶᠠᠵᠢᠯ — ᠬᠤᠨᠭ᠌ ᠰᠢᠩ ᠬᠤᠷᠰᠢᠶᠠᠵᠢᠯ ᠢ ᠪᠠᠶᠢᠭᠤᠯᠵᠤ᠂ ᠴᠠᠭᠠᠨ ᠨᠤᠯᠤᠤᠷᠳᠤ ᠢᠮᠠᠭ᠎ᠠ᠂ ᠲᠡᠮᠡᠭᠡ᠂ ᠮᠤᠷᠢ ᠵᠡᠷᠭᠡ ᠶᠢ ᠬᠠᠰᠢᠶᠠᠯᠠᠨ ᠲᠡᠵᠢᠬᠡᠵᠤ᠂ ᠦᠷᠦᠮ᠎ᠠ ᠱᠦᠬᠦᠷᠮᠡᠭ ᠵᠡᠷᠭᠡ ᠪᠦᠳᠦᠬᠡᠭᠳᠡᠬᠦᠨ ᠢ ᠦᠢᠯᠡᠳᠪᠤᠷᠢᠯᠡᠬᠦ ᠶᠢᠨ ᠬᠠᠮᠳᠤ᠂ ᠡᠵᠡᠨ᠎ᠠ ᠬᠤᠰᠢᠭᠤᠨ ᠤ ᠬᠢᠳᠡᠳ ᠮᠤᠩᠭᠤᠯ ᠡᠮᠨᠡᠯᠭᠡ ᠶᠢᠨ ᠬᠤᠷᠢᠶ᠎ᠠ ᠲᠠᠢ ᠰᠥ ᠬᠠᠨᠭ᠍ᠭᠠᠬᠤ ᠲᠤᠬᠠᠢ ᠤᠷᠳᠤ ᠬᠤᠭᠤᠴᠠᠭᠠᠨ ᠤ ᠬᠠᠮᠳᠤᠷᠠᠨ ᠠᠵᠢᠯᠯᠠᠬᠤ ᠵᠦᠪᠳᠡᠯᠴᠡᠬᠡᠷ ᠲᠤᠬᠳᠠᠵᠠᠢ᠃ ᠤᠳᠤᠬᠠᠨ᠂ ᠬᠤᠷᠰᠢᠶᠠᠵᠢᠯ ᠳᠤ 25 ᠮᠠᠯᠴᠢᠨ ᠡᠷᠦᠬᠡ ᠬᠤᠪᠢ ᠤᠷᠤᠵᠤ᠂ 5000 ᠴᠠᠭᠠᠨ ᠨᠤᠯᠤᠤᠷᠳᠤ ᠢᠮᠠᠭ᠎ᠠ᠂ 100 ᠲᠡᠮᠡᠭᠡ᠂ 50 ᠮᠤᠷᠢ ᠲᠠᠢ᠂ 2000 ᠮᠤ᠋ ᠲᠠᠷᠢᠶᠠᠨ ᠭᠠᠵᠠᠷ ᠲᠠᠢ᠂ 15 ᠲᠦᠮᠡᠨ ᠮᠤ᠋ ᠪᠡᠯᠴᠢᠬᠡᠷ ᠲᠠᠢ ᠪᠠᠶᠢᠵᠤ᠂ ᠵᠢᠯ ᠤᠨ ᠴᠠᠪᠠᠷ ᠤᠷᠤᠯᠭ᠎ᠠ ᠨᠢ 80 ᠲᠦᠮᠠᠨ ᠲᠦᠬᠦᠷᠢᠭ ᠲᠤ ᠬᠦᠷᠴᠤ ᠪᠠᠶᠢᠨ᠎ᠠ᠃            ᠬᠡᠨᠳᠦᠨ ᠭᠠᠴᠠᠭᠠᠨ ᠤ ᠪᠠᠨ 300 ᠭᠠᠷᠤᠢ ᠮᠤ᠋ ᠭᠠᠨᠭ᠌ ᠬᠠᠭᠤᠷᠠᠢ᠂ ᠤᠷᠭᠤᠮᠠᠯ ᠪᠦᠷᠬᠦᠴᠡ ᠦᠬᠡᠢ ᠭᠤᠪᠢ ᠪᠡᠯᠴᠢᠬᠡᠷ ᠢ ᠨᠢᠬᠡᠳᠬᠡᠨ᠂ ᠨᠤᠭᠤᠭᠠᠷᠠᠭᠤᠯᠤᠯᠳᠠ ᠶᠢᠨ ᠠᠵᠤ ᠠᠬᠤᠢᠢᠯᠠᠯ ᠲᠠᠢ ᠬᠠᠮᠳᠤᠷᠠᠨ᠂ ︽ᠠᠵᠤ ᠠᠬᠤᠢᠢᠯᠠᠯ + ᠬᠤᠷᠰᠢᠶᠠᠵᠢᠯ + ᠮᠠᠯᠴᠢᠨ ᠡᠷᠦᠬᠡ︾ ᠶᠢᠨ ᠬᠡᠯᠪᠡᠷᠢ ᠪᠠᠷ ᠮᠠᠯᠴᠢᠳ ᠢᠶᠠᠨ ᠲᠠᠭᠠᠭᠤᠯᠤᠨ ᠵᠠᠭ ᠲᠠᠷᠢᠵᠤ᠂ ᠴᠠᠭᠠᠨ ᠭᠤᠶᠤᠤ ᠲᠦᠯᠵᠢᠬᠦᠯᠦᠨ ᠤᠷᠭᠤᠭᠤᠯᠬᠤ ᠳᠤ ᠤᠷᠤᠯᠴᠠᠭᠤᠯᠵᠤ ᠪᠠᠶᠢᠨ᠎ᠠ᠃ ᠤᠳᠤᠬᠠᠨ᠂ ᠭᠠᠴᠠᠭᠠᠨ ᠤ ᠵᠠᠭ ᠲᠠᠷᠢᠬᠰᠠᠨ ᠲᠠᠯᠠᠪᠠᠢ ᠲᠦᠮᠠᠨ ᠮᠤ᠋ ᠳᠤ ᠬᠦᠷᠴᠤ᠂ ᠴᠠᠭᠠᠨ ᠭᠤᠶᠤᠤ ᠲᠦᠯᠵᠢᠬᠦᠯᠦᠨ ᠤᠷᠭᠤᠭᠤᠯᠬᠤ ᠠᠵᠢᠯ ᠴᠤ  ᠵᠤᠬᠢᠬᠤ ᠠᠮᠵᠢᠯᠳᠠ ᠤᠯᠵᠠᠢ᠃                                                            ᠵᠣᠬᠢᠶᠠᠭᠴᠢ᠄  ᠨᠠᠮᠢᠷᠠ
 
ᠢᠷᠡᠯᠲᠡ᠄ ᠠᠯᠠᠱᠠ ᠶᠢᠨ ᠮᠤᠩᠭᠤᠯ ᠰᠦᠯᠵᠢᠶ᠎ᠠ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号