ᠢᠩᠭᠡᠨ ᠰᠦᠨ ᠵᠠᠶᠢᠷᠮᠠᠭ ᠵᠠᠬ᠎ᠠ ᠳᠤ ᠭᠠᠷᠤᠯ᠎ᠠ
ᠨᠡᠶᠢᠲᠡᠯᠡᠭᠰᠡᠨ ᠴᠠᠭ᠄
2019/6/27
       ᠤᠢᠢᠷ᠎ᠠ ᠶᠢᠨ ᠡᠳᠦᠷ᠂ ᠠᠶᠢᠮᠠᠭ ᠤᠨ ᠮᠠᠯ ᠡᠮᠨᠡᠯᠭᠡ ᠶᠢᠨ ᠥᠷᠳᠡᠭᠡᠨ ᠤ ᠠᠵᠢᠯᠳᠠᠨ ᠮᠥᠡᠭᠭᠡᠪᠠᠶᠠᠷ ᠢᠩᠭᠡᠨ ᠰᠥ ᠪᠠᠷ ᠵᠠᠶᠢᠷᠮᠠᠭ ᠲᠤᠷᠰᠢᠨ ᠬᠢᠭᠡᠳ ᠠᠮᠵᠢᠯᠳᠠ ᠤᠯᠤᠭᠰᠠᠨ ᠬᠡᠬᠦ ᠴᠢᠮᠡᠭᠡ ᠪᠠᠷ ᠲᠡᠳᠡᠨᠡᠶᠢᠬᠢ ᠶᠢ ᠴᠢᠭᠯᠡᠵᠦ ᠭᠦᠷᠦᠭᠰᠡᠨ ᠶᠤᠮ᠃        ᠮᠥᠡᠭᠭᠡᠪᠠᠶᠠᠷ ᠭᠡᠭᠴᠢ ᠲᠡᠮᠡᠭᠡ ᠮᠠᠯ ᠤᠨ ᠢᠶᠠᠨ ᠳᠡᠷᠭᠡᠳᠡ ᠦᠰᠦᠭᠰᠡᠨ ᠮᠠᠯᠴᠢ ᠤᠳᠤᠮ ᠤᠨ ᠬᠦᠮᠦᠨ ᠪᠠᠶᠢᠯ᠎ᠠ᠃ ᠠᠵᠢᠯ ᠳᠤ ᠱᠠᠯᠠᠮᠠᠭᠠᠢ ᠮᠥᠷᠳᠡᠭᠡᠨ ᠰᠢᠨ᠎ᠡ ᠵᠦᠢᠯᠡᠰ ᠢ ᠡᠬᠦᠳᠬᠦ ᠳᠣᠷ᠎ᠠ ᠪᠠᠬ᠎ᠠ ᠲᠠᠢ᠂ ᠨᠢᠭᠡ ᠶᠠᠭᠤᠮ᠎ᠠ ᠶᠢ ᠣᠷᠣᠯᠳᠣᠵᠣ ᠭᠠᠷᠭᠠᠬᠤ ᠪᠠᠷ ᠮᠠᠰᠢ ᠴᠢᠷᠮᠠᠶᠢᠵᠣ ᠶᠠᠪᠣᠳᠠᠭ ᠨᠢᠭᠡᠨ᠃ ᠲᠠᠬᠦᠨ ᠤ ᠭᠡᠯᠡᠬᠦ ᠪᠠᠷ ᠵᠠᠶᠢᠷᠮᠠᠬ ᠬᠢᠬᠦ ᠮᠠᠰᠢᠨ ᠳᠦᠬᠦᠭᠡᠷᠣᠮᠵᠢ ᠳᠤ 2 ᠲᠥᠮᠡᠡ ᠲᠥᠬᠦᠷᠢᠭ ᠵᠠᠷᠤᠴᠠᠭᠤᠯᠤᠬᠰᠠᠨ ᠠᠵᠢ᠃ ᠲᠡᠷᠡᠪᠡᠷ ᠡᠨᠡ ᠲᠤᠬᠠᠢ ᠪᠠᠨ ᠨᠠᠯᠢᠶᠠᠳ ᠨᠠᠷᠢᠯᠢᠭ ᠲᠠᠨᠢᠯᠴᠠᠭᠤᠯᠤᠬᠰᠠᠨ ᠶᠤᠮ᠃ ᠵᠠᠶᠢᠷᠮᠠᠬ ᠬᠢᠬᠦ ᠳᠡᠭᠡᠨ ᠢᠩᠭᠡᠨ ᠰᠥ ᠪᠠᠨ ᠪᠠᠺᠲ᠋ᠧᠷᠢ ᠠᠷᠢᠯᠭᠠᠬᠤ ᠮᠠᠰᠢᠨ ᠢᠶᠠᠷ ᠠᠷᠢᠭᠤᠳᠬᠠᠬᠰᠠᠨ ᠤ ᠪᠠᠨ ᠲᠠᠷᠠᠭ᠎ᠠ᠂ ᠵᠥᠭᠡᠭᠡᠢ᠂ ᠢᠡᠭᠭᠡᠨ ᠰᠥ᠂ ᠥᠨᠳᠡᠭᠡᠨ ᠰᠢᠷ᠎ᠠ᠂ ᠴᠡᠰᠤᠨ ᠰᠢᠬᠢᠷ ᠵᠡᠷᠬᠡ ᠪᠠᠨ ᠬᠤᠪᠢ ᠬᠤᠪᠢᠨ ᠤ ᠬᠢᠨᠢ ᠬᠠᠷᠢᠴᠠᠯ ᠢᠶᠠᠷ ᠨᠢ ᠬᠤᠯᠢᠵᠤ ᠮᠠᠰᠢᠨ ᠳᠠᠭᠠᠨ ᠤᠷᠤᠭᠤᠯᠤᠭᠠᠳ 35 ᠮᠢᠨᠦ᠋ᠲ ᠤᠨ ᠤᠬᠤᠷᠬᠠᠨ ᠬᠤᠭᠤᠴᠠᠭᠠᠨ ᠳᠤ ᠵᠠᠶᠢᠷᠮᠠᠭ ᠢᠶᠠᠨ ᠦᠢᠯᠡᠳᠪᠦᠷᠢᠯᠡᠵᠣ ᠭᠠᠷᠭᠠᠳᠠᠭ ᠪᠠᠶᠢᠨ᠎ᠠ᠃ ᠵᠠᠶᠢᠷᠮᠠᠭ ᠢᠶᠠᠨ ᠤᠳᠤᠬᠠᠠ ᠳᠤ ᠶᠡᠭᠡ ᠪᠠᠭ᠎ᠠ ᠬᠤᠶᠠᠷ ᠵᠦᠢᠯ ᠤᠨ ᠪᠤᠭᠤᠯᠳᠠ ᠲᠠᠢ ᠪᠤᠷᠤᠯᠠᠭᠤᠯᠵᠦ᠂ 100 ᠭᠷᠠᠮ ᠤᠨ ᠵᠠᠶᠢᠷᠮᠠᠭ ᠢ 15 ᠲᠥᠬᠦᠷᠢᠭ ᠢᠶᠠᠷ᠂ 8 ᠵᠢᠩ ᠤᠨ ᠵᠠᠶᠢᠷᠮᠠᠭ ᠢᠶᠠᠨ 260 ᠲᠥᠬᠦᠷᠢᠭ ᠢᠶᠠᠷ ᠪᠤᠷᠤᠯᠠᠭᠤᠯᠵᠤ ᠪᠠᠶᠢᠭ᠎ᠠ ᠬᠡᠨ᠎ᠡ᠃ ᠢᠡᠭᠭᠡᠨ ᠰᠥ ᠶᠢᠨ ᠰᠢᠮ᠎ᠡ ᠲᠡᠵᠢᠭᠡᠯ ᠨᠢ ᠪᠤᠰᠤᠳ ᠰᠥ ᠠᠴᠠ ᠥᠨᠳᠥᠷ ᠮᠥᠷᠳᠡᠭᠡᠨ ᠬᠠᠳᠠᠭᠠᠯᠠᠬᠤ ᠬᠤᠭᠤᠴᠠᠭ᠎ᠠ ᠪᠠᠷ ᠤᠷᠳᠤ ᠪᠠᠶᠢᠳᠠᠭ᠃ ᠭᠡᠳᠦ᠋ᠢᠪᠡᠷ ᠥᠨ᠎ᠡ ᠬᠠᠨᠭ᠍ᠰᠢ ᠨᠢ ᠬᠠᠷᠢᠴᠠᠩᠭᠤᠢ ᠪᠠᠷ ᠥᠨᠡᠳᠡᠢ ᠪᠤᠯᠪᠠᠴᠤ ᠭᠡᠷᠡᠭᠯᠡᠭᠴᠢᠳ ᠤᠨ ᠲᠠᠭᠠᠰᠢᠶᠠᠯ ᠳᠤ ᠬᠦᠷᠴᠣ᠂ ᠤᠯᠠᠨ ᠤ ᠰᠠᠶᠢᠨ ᠥᠨᠡᠯᠡᠯᠳᠡ ᠶᠢ ᠤᠯᠤᠬᠰᠠᠠ ᠪᠠᠶᠢᠯ᠎ᠠ᠃        ︽ᠢᠡᠭᠭᠡᠨ ᠰᠥ ᠰᠠᠭᠠᠯᠢ ᠶᠢᠨ ᠪᠥᠳᠦᠭᠡᠭᠳᠡᠬᠦᠨ ᠭᠡᠪᠡᠯ ᠠᠯᠠᠱᠠ ᠳᠤ ᠲᠤᠭᠠᠳᠠᠢ ᠭᠡᠳᠤᠭᠡᠨ ᠪᠠᠶᠢᠳᠠᠬ᠃ ᠲᠡᠮᠡᠭᠡᠨ ᠤ ᠠᠵᠤ ᠤᠢᠢᠯᠡᠰ ᠢ ᠬᠥᠭᠵᠢᠬᠦᠯᠵᠤ᠂ ᠢᠡᠭᠭᠡᠨ ᠰᠥ ᠪᠠᠷ ᠬᠢᠭᠰᠡᠡ ᠪᠥᠳᠦᠭᠡᠭᠳᠡᠬᠦᠨ ᠤ ᠲᠠᠯ᠎ᠠ ᠪᠠᠷ ᠰᠢᠨ᠎ᠠ ᠵᠦᠢᠯ ᠢ ᠨᠠᠮᠠᠷᠢᠯᠡᠬᠦ ᠵᠤᠷᠢᠯᠳᠡ ᠪᠠᠷ ᠶᠠᠩᠵᠦ ᠶᠠᠩᠵᠦ ᠶᠢᠨ ᠶᠠᠭᠤᠮ᠎ᠠ ᠶᠢ ᠬᠢᠵᠦ ᠤᠷᠤᠯᠳᠤᠬᠤ ᠰᠠᠨᠠᠭᠠᠳᠠᠢ᠃ ᠵᠤᠨ ᠪᠤᠯᠤᠬᠰᠠᠨ ᠪᠤᠯᠬᠤᠷ ᠠᠭᠠᠬᠢᠮ᠎ᠠ ᠬᠠᠯᠠᠭᠤᠨ ᠴᠠᠭ ᠢᠶᠠᠷ ᠬᠦᠮᠥᠰ ᠤᠨ ᠢᠳᠡᠭᠦ ᠳᠤᠷᠠᠳᠠᠢ ᠵᠠᠶᠢᠷᠮᠠᠭ ᠬᠢᠵᠦ ᠦᠵᠡᠶ᠎ᠡ ᠭᠡᠳ ᠤᠷᠤᠯᠳᠤᠵᠤ ᠡᠬᠢᠯᠡᠭᠰᠡᠨ᠃ ᠰᠠᠨᠠᠭᠠᠨ ᠠᠴᠠ ᠭᠠᠳᠠᠭᠤᠷ ᠰᠠᠶᠢᠬᠠᠨ ᠵᠠᠶᠢᠷᠮᠠᠭ ᠪᠤᠯᠵᠠᠢ᠃ ᠡᠭᠦᠨ ᠠᠴᠠ ᠭᠠᠳᠠᠨ᠎ᠠ ᠪᠠᠰᠠ ᠢᠡᠭᠭᠡᠨ ᠰᠥ ᠶᠢᠨ ᠨᠠᠶᠢᠷᠠᠯᠭ᠎ᠠ ᠲᠠᠢ ᠰᠠᠪᠤᠩ ᠬᠢᠵᠦ ᠦᠵᠠᠯ᠎ᠠ︾ ᠭᠡᠵᠤ ᠮᠥᠩᠭᠡᠪᠠᠶᠠᠷ ᠶᠠᠷᠢᠨ᠎ᠠ᠃ ᠮᠥᠡᠭᠭᠡᠪᠠᠶᠠᠷ ᠡᠮᠦᠨ᠎ᠠ ᠭᠡᠳᠤᠨ ᠵᠢᠯ ᠢᠡᠭᠭᠡ ᠰᠠᠭᠠᠬᠤ ᠮᠠᠰᠢᠨ᠂ ︽ᠬᠠᠰ ᠡᠷᠳᠡᠨᠢ︾ ᠲᠡᠮᠳᠡᠭᠳᠦ ᠰᠠᠭᠠᠯᠢ ᠶᠢᠨ ᠠᠷᠢᠬᠢ ᠬᠢᠬᠡᠳ ᠴᠠᠢ ᠶᠢᠨ ᠲᠠᠯᠬ᠎ᠠ ᠤᠢᠢᠯᠡᠳᠤᠨ ᠬᠢᠵᠤ ᠪᠠᠶᠢᠬᠰᠠᠨ ᠪᠤᠯ᠂ ᠤᠳᠤ ︽ᠬᠠᠰ ᠡᠷᠳᠡᠨᠢ︾ ᠲᠡᠮᠳᠡᠭᠳᠦ ᠢᠡᠭᠭᠡᠨ ᠰᠦᠨ ᠵᠠᠶᠢᠷᠮᠠᠬ᠂ ᠢᠩᠭᠡᠨ ᠰᠦᠨ ᠰᠠᠪᠤᠩ ᠵᠡᠷᠬᠡ ᠶᠢ ᠦᠢᠯᠡᠳᠦᠨ ᠬᠢᠬᠦ ᠪᠤᠯᠵᠦ᠂ ᠳᠠᠷᠠᠭᠠᠴᠢ ᠪᠠᠷ ᠢᠡᠭᠭᠡᠨ ᠰᠦᠨ ᠳᠠᠯᠬ᠎ᠠ ᠶᠢ ᠬᠢᠬᠦ ᠪᠠᠷ ᠲᠦᠯᠦᠪᠯᠡᠵᠦ ᠪᠠᠶᠢᠭ᠎ᠠ ᠠᠵᠢ᠃        ᠢᠡᠭᠭᠡᠨ ᠰᠦᠨ ᠵᠠᠶᠢᠷᠮᠠᠬ ᠨᠢ ᠡᠶᠢᠨᠬᠦ ᠠᠯᠠᠱᠠ ᠶᠢᠨ ᠢᠡᠭᠭᠡᠨ ᠰᠠᠭᠠᠯᠢ ᠶᠢᠨ ᠰᠢᠨ᠎ᠡ ᠨᠢᠬᠡᠨ ᠪᠥᠳᠦᠭᠡᠭᠳᠡᠬᠦᠨ ᠪᠣᠯᠵᠣ᠂ ᠰᠢᠮ᠎ᠡ ᠲᠡᠵᠢᠭᠡᠯ ᠰᠠᠶᠢᠳᠠᠢ ᠪᠠᠶᠢᠳᠠᠬ ᠢᠶᠠᠷ ᠢᠶᠠᠨ ᠨᠤᠳᠤᠭ ᠤᠨ ᠤᠯᠠᠠ ᠵᠢᠴᠢ ᠭᠠᠳᠠᠨ᠎ᠠ ᠠᠴᠠ ᠢᠷᠡᠭᠰᠡᠨ ᠵᠣᠭᠠᠴᠠᠭᠰᠠᠳ ᠲᠤ ᠳᠠᠭᠠᠰᠢᠶᠠᠭᠳᠠᠵᠣ᠂ ᠨᠤᠳᠤᠭ ᠤᠨ ᠤᠨᠴᠠ ᠭᠠᠷᠤᠯᠳᠠ ᠶᠢᠨ ᠵᠠᠬ᠎ᠠ ᠲᠡᠯᠬᠡᠭᠦᠷ ᠲᠤ ᠦᠪᠡᠷ ᠤᠨ ᠭᠡᠰᠡᠨ ᠣᠷᠣᠨ ᠪᠠᠶᠢᠷᠢ ᠪᠠᠨ ᠤᠯᠵᠦ ᠪᠠᠶᠢᠭ᠎ᠠ ᠶᠤᠮ᠃ ᠰᠢᠨ᠎ᠡ ᠰᠡᠳᠬᠢᠬᠦᠢ᠂ ᠰᠢᠨ᠎ᠡ ᠡᠬᠦᠳᠦᠯᠳᠡ ᠠᠴᠠ ᠰᠢᠨ᠎ᠠ ᠨᠢᠬᠡᠨ ᠬᠠᠷᠭᠤᠢ ᠵᠠᠮ ᠡᠬᠢᠯᠡᠳᠡᠭ᠂ ᠢᠩᠬᠡᠨ ᠰᠦᠨ ᠵᠠᠶᠢᠷᠮᠠᠭ ᠨᠢ ᠰᠢᠨ᠎ᠡ ᠪᠥᠳᠦᠭᠡᠭᠳᠡᠬᠦᠨ ᠤ ᠬᠤᠪᠢ ᠪᠠᠷ ᠲᠡᠮᠡᠬᠡᠨ ᠤ ᠠᠰᠢᠭ ᠰᠢᠮ᠎ᠠ ᠶᠢ ᠠᠵᠦ ᠦᠢᠯᠡᠰᠵᠢᠬᠦᠯᠬᠦ ᠠᠷᠭ᠎ᠠ ᠵᠠᠮ ᠳᠤ ᠮᠦᠨ ᠴᠦ ᠰᠢᠨ᠎ᠠ ᠨᠢᠭᠡᠨ ᠬᠠᠷᠭᠤᠢ ᠨᠡᠬᠡᠭᠡᠭᠰᠡᠨ ᠠᠯᠤᠰ ᠬᠡᠳᠦ ᠶᠢᠨ ᠠᠴᠢ ᠬᠤᠯᠪᠤᠬᠳᠠᠯ ᠲᠠᠢ ᠠᠳᠠᠯ ᠶᠠᠪᠤᠳᠠᠯ ᠪᠠᠶᠢᠯ᠎ᠠ᠃                                                         (ᠵᠣᠬᠢᠶᠠᠭᠴᠢ᠄ ᠡᠷᠳᠡᠨᠢᠴᠡᠴᠡᠭ)
 
ᠢᠷᠡᠯᠲᠡ᠄ ᠠᠯᠠᠱᠠ ᠶᠢᠨ ᠮᠣᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号