ᠨᠠᠮ ᠢᠶᠠᠨ ᠭᠡᠰᠡᠨ ᠬᠤᠶᠠᠷ ᠦᠭᠡᠢ ᠰᠡᠳᠬᠢᠯ ᠠᠷᠠᠳ ᠢᠶᠠᠨ ᠭᠡᠰᠡᠨ ᠤᠶᠢᠭ᠎ᠠ ᠦᠭᠡᠢ ᠴᠢᠷᠮᠠᠶᠢᠯᠭ᠎ᠠ
ᠨᠡᠶᠢᠲᠡᠯᠡᠭᠰᠡᠨ ᠴᠠᠭ᠄
2019/6/25
          ᠤᠷᠳᠤᠨᠠᠰᠤᠨ ᠨᠠᠮ ᠤᠨ ᠲᠤᠬᠠᠢ ᠤᠨᠤᠯ ᠮᠡᠳᠡᠯᠭᠡ ᠶᠢ ᠤᠬᠠᠭᠤᠯᠵᠤ ᠪᠠᠶᠢᠨ᠎ᠠ᠃ ︵ᠪᠠᠭᠠᠨ᠎ᠠ ᠰᠡᠬᠦᠳᠡᠷᠯᠡᠪᠡ︶         — ᠠᠯᠠᠱᠠ ᠪᠠᠷᠠᠭᠤᠨ ᠬᠤᠰᠢᠭᠤᠨ ᠤ ᠲᠠᠩᠰᠤᠭᠪᠤᠯᠠᠭ ᠰᠤᠮᠤᠨ ᠤ ᠭᠡᠷᠡᠯᠲᠦ ᠭᠠᠴᠠᠭᠠᠨ ᠤ ᠨᠠᠮ ᠤᠨ ᠡᠭᠦᠷ ᠤᠨ ᠱᠦᠵᠢ ᠤᠷᠲᠤᠨᠠᠰᠤᠨ ᠤ ᠦᠢᠯᠡ ᠠᠵᠢᠯᠯᠠᠭ᠎ᠠ ᠶᠢ ᠲᠡᠮᠳᠡᠭᠯᠡᠪᠡ         ᠲᠡᠷᠡ ᠪᠣᠯ᠄         — ᠪᠦᠬᠦ ᠠᠶᠢᠮᠠᠭ ᠤᠨ ᠰᠢᠯᠢᠳᠡᠭ ᠨᠠᠮ ᠤᠨ ᠭᠡᠰᠢᠭᠦᠨ         — ᠪᠦᠬᠦ ᠣᠷᠣᠨ ᠤ ᠮᠣᠩᠭᠤᠯ ᠬᠡᠯᠡ ᠪᠢᠴᠢᠭ ᠢᠶᠠᠷ ᠠᠵᠢᠯᠯᠠᠭᠰᠠᠨ ᠬᠤᠰᠢᠭᠤᠴᠢ         — ᠲᠡᠳᠡᠨᠡᠶᠢᠬᠢᠨ ᠪᠣᠯ ᠪᠦᠬᠦ ᠠᠶᠢᠮᠠᠭ ᠤᠨ ︽ᠬᠠᠮᠤᠭ ᠤᠨ ᠰᠠᠶᠢᠬᠠᠨ ᠭᠡᠷ ᠪᠦᠯᠢ︾ ᠶᠢᠨ ᠨᠢᠭᠡ         ᠁         ᠲᠡᠷᠡ ᠪᠣᠯ ᠭᠤᠪᠢ ᠶᠢᠨ ᠬᠦᠦ᠃ ᠲᠡᠷᠡ ᠮᠠᠨᠢ ᠨᠤᠲᠤᠭ ᠤᠨ ᠢᠶᠠᠨ ᠤᠯᠠᠨ ᠲᠦᠮᠡᠨ ᠢᠶᠠᠨ ᠪᠦᠯᠬᠦᠮᠳᠡᠭᠦᠯᠦᠨ ᠳᠠᠶᠢᠴᠢᠯᠠᠵᠤ᠂ ᠰᠢᠷᠭᠠᠭᠤ ᠠᠵᠢᠯᠯᠠᠨ ᠨᠠᠮ ᠤᠨ ᠭᠡᠰᠢᠭᠦᠨ ᠤ ᠬᠠᠷᠢᠭᠤᠴᠠᠯᠭ᠎ᠠ ᠪᠠᠨ ᠭᠦᠢᠴᠡᠳᠬᠡᠵᠦ ᠶᠠᠪᠤᠭ᠎ᠠ᠃ ᠲᠡᠷᠡ ᠪᠣᠯ ᠭᠠᠴᠠᠭᠠᠨ ᠤ ᠱᠦᠵᠢ᠃ ᠲᠡᠷᠡ ᠮᠠᠨᠢ ᠯᠠᠪᠳᠠᠭᠤᠨ ᠬᠢᠨᠠᠮᠠᠭᠠᠢ ᠣᠪᠣᠷ ᠰᠤᠷᠲᠠᠯ ᠪᠠ ᠦᠨᠡᠨ ᠢ ᠪᠠᠷᠢᠮᠲᠠᠯᠠᠨ ᠪᠤᠲᠠᠲᠠᠢ ᠶᠢ ᠡᠷᠬᠢᠮᠯᠡᠬᠦ ᠵᠣᠷᠢᠭ ᠰᠠᠨᠠᠭ᠎ᠠ ᠪᠠᠷ ᠤᠯᠠᠨ ᠲᠦᠮᠡᠨ ᠤ ᠪᠠᠨ ᠰᠠᠶᠢᠨ ᠦᠢᠯᠡᠴᠢᠯᠡᠭᠴᠢ ᠶᠢᠨ ᠳᠦᠷᠢ ᠶᠢ ᠲᠣᠭᠯᠠᠵᠤ ᠪᠠᠶᠢᠭ᠎ᠠ᠃ ᠲᠡᠷᠡ ᠬᠥᠮᠥᠨ ᠪᠣᠯ ᠳᠠᠷᠤᠢ ᠠᠯᠠᠱᠠ ᠪᠠᠷᠠᠭᠤᠨ ᠬᠤᠰᠢᠭᠤᠨ ᠤ ᠲᠠᠩᠰᠤᠭᠪᠤᠯᠠᠭ ᠰᠤᠮᠤᠨ ᠤ ᠭᠡᠷᠡᠯᠲᠦ ᠭᠠᠴᠠᠭᠠᠨ ᠤ ᠨᠠᠮ ᠤᠨ ᠡᠭᠦᠷ ᠤᠨ ᠱᠦᠵᠢ ᠤᠷᠲᠤᠨᠠᠰᠤᠨ ᠪᠣᠯᠣᠨ᠎ᠠ᠃         ᠰᠤᠷᠤᠯᠴᠠᠯᠭ᠎ᠠ ᠴᠢᠷᠮᠠᠶᠢᠯᠭ᠎ᠠ ᠪᠤᠶᠤ ᠰᠤᠷᠲᠠᠯ ᠤᠨ ᠳᠡᠭᠡᠭᠰᠢᠯᠡᠯᠲᠡ         ᠠᠮᠢᠳᠤᠷᠠᠯ ᠭᠡᠳᠡᠭ ᠵᠠᠷᠢᠮ ᠳᠠᠭᠠᠨ ᠬᠥᠮᠥᠨ ᠢ ᠮᠤᠬᠤᠷᠳᠠᠭᠤᠯᠵᠤ ᠠᠷᠭ᠎ᠠ ᠦᠭᠡᠢ ᠪᠠᠶᠢᠳᠠᠯ ᠳᠤ ᠣᠨᠳᠣᠣ ᠰᠣᠩᠭᠤᠯᠲᠠ ᠬᠢᠯᠭᠡᠳᠡᠭ ᠢ ᠶᠠᠭᠠᠬᠢᠶ᠎ᠠ᠃ ᠲᠡᠭᠡᠪᠡᠴᠦ ᠵᠣᠷᠢᠭᠲᠠᠨ ᠤ ᠵᠣᠷᠢᠭ ᠢ ᠨᠢ ᠮᠣᠬᠤᠭᠠᠵᠤ ᠴᠢᠳᠠᠬᠤ ᠦᠭᠡᠢ ᠨᠢ ᠯᠠᠪ᠃ ᠭᠡᠷ ᠤᠨ ᠠᠮᠢᠳᠤᠷᠠᠯ ᠬᠦᠴᠢᠷᠳᠡᠯᠲᠡᠢ ᠪᠠᠶᠢᠭᠰᠠᠨ ᠠᠴᠠ ᠤᠷᠲᠤᠨᠠᠰᠤᠨ ᠪᠠᠭ᠎ᠠ ᠰᠤᠷᠭᠠᠭᠤᠯᠢ ᠳᠤ ᠰᠠᠭᠤᠭᠰᠠᠨ ᠪᠣᠯᠪᠠᠴᠤ ᠰᠤᠷᠤᠯᠭ᠎ᠠ ᠪᠠᠨ ᠳᠣᠷᠭᠤᠨ ᠵᠤᠬᠰᠤᠵᠡᠢ᠃         ᠰᠤᠷᠭᠠᠭᠤᠯᠢ ᠠᠴᠠ ᠭᠠᠷᠴᠤ ᠠᠷᠤ ᠭᠡᠷ ᠲᠡᠭᠡᠨ ᠬᠠᠷᠢᠭᠰᠠᠨ ᠪᠣᠯᠪᠠᠴᠤ ᠲᠡᠷᠡ ᠮᠠᠨᠢ ᠰᠤᠷᠤᠯᠴᠠᠯᠭ᠎ᠠ ᠭᠡᠬᠦ ᠵᠦᠢᠯ ᠢ ᠶᠡᠷᠦ ᠨᠢ ᠣᠷᠬᠢᠵᠤ ᠬᠠᠶᠠᠭ᠎ᠠ ᠦᠭᠡᠢ ᠰᠠᠨ᠃ ᠥᠪᠡᠷ ᠤᠨ ᠢᠶᠠᠨ ᠵᠠᠪ ᠴᠢᠯᠥᠭᠡ ᠪᠠᠨ ᠭᠦᠢᠴᠡᠳ ᠠᠰᠢᠭᠯᠠᠵᠤ ᠨᠠᠮ ᠤᠨ ᠦᠨᠳᠦᠰᠦᠨ ᠣᠨᠣᠯ᠂  ᠮᠠᠯ ᠠᠵᠦ ᠠᠬᠤᠢ ᠲᠠᠷᠢᠶᠠᠯᠠᠩ ᠤᠨ ᠬᠠᠮᠢᠶᠠᠲᠠᠢ ᠮᠡᠳᠡᠯᠭᠡ ᠶᠢ ᠰᠤᠷᠤᠯᠴᠠᠨ ᠣᠶᠣᠨ ᠲᠠᠷᠢᠬᠢ ᠪᠠᠨ ᠴᠡᠨᠡᠭᠯᠡᠵᠦ᠂ ᠬᠡᠪ ᠰᠤᠷᠲᠠᠯ ᠢᠶᠠᠨ ᠳᠡᠭᠡᠭᠰᠢᠯᠡᠭᠦᠯᠦᠭᠰᠡᠭᠡᠷ ᠢᠷᠡᠭᠰᠡᠨ ᠪᠠᠶᠢᠨ᠎ᠠ᠃ ᠬᠠᠷ᠎ᠠ ᠪᠠᠭ᠎ᠠ ᠠᠴᠠ ᠪᠠᠨ ᠤᠷᠠᠨ ᠵᠣᠬᠢᠶᠠᠯ ᠳᠤ ᠳᠤᠷ᠎ᠠ ᠪᠠᠬ᠎ᠠ ᠲᠠᠢ ᠪᠠᠶᠢᠭᠰᠠᠨ ᠲᠡᠷᠡ ᠪᠠᠷ ᠥᠪᠥᠷ ᠮᠣᠩᠭᠤᠯ ᠤᠨ ᠡᠳᠦᠷ ᠤᠨ ᠰᠣᠨᠢᠨ᠂ ᠠᠯᠠᠱᠠ ᠶᠢᠨ ᠡᠳᠦᠷ ᠤᠨ ᠰᠣᠨᠢᠨ᠂ ᠨᠡᠶᠢᠭᠡᠮ ᠦᠢᠯᠡᠳᠦᠯᠭᠡ ᠵᠡᠷᠭᠡ ᠰᠣᠨᠢᠨ ᠰᠡᠳᠬᠦᠯ ᠤᠳ ᠲᠤ ᠤᠷᠢᠳ ᠬᠤᠵᠢᠳ 1000 ᠭᠠᠷᠤᠢ ᠰᠣᠨᠢᠨ ᠮᠡᠳᠡᠭᠡ᠂ 200 ᠭᠠᠷᠤᠢ ᠥᠭᠦᠯᠡᠯᠭᠡ ᠰᠢᠯᠦᠭ ᠢᠶᠠᠨ ᠨᠡᠶᠢᠲᠡᠯᠡᠭᠦᠯᠵᠦ ᠥᠩᠭᠡᠷᠡᠵᠡᠢ᠃ ᠦᠷᠭᠦᠯᠵᠢ ᠪᠢᠷ ᠢᠶᠠᠨ ᠬᠤᠷᠴᠠᠯᠠᠵᠤ ᠶᠠᠪᠤᠳᠠᠭ ᠢᠶᠠᠷ ᠠᠯᠠᠱᠠ ᠶᠢᠨ ᠡᠳᠦᠷ ᠤᠨ ᠰᠣᠨᠢᠨ ᠤ ᠬᠤᠷᠢᠶ᠎ᠠ᠂ ᠠᠶᠢᠮᠠᠭ ᠤᠨ ᠤᠳᠬ᠎ᠠ ᠤᠷᠠᠯᠢᠭ ᠤᠨ ᠬᠢᠨ ᠤ ᠬᠤᠯᠪᠣᠭ᠎ᠠ ᠵᠡᠷᠭᠡ ᠪᠠᠶᠢᠭᠤᠯᠤᠯᠭ᠎ᠠ ᠨᠢᠭᠡᠴᠡ ᠠᠴᠠ ᠲᠡᠭᠦᠨ ᠢ ᠭᠠᠷᠮᠠᠭᠠᠢ ᠴᠢᠮᠡᠭᠡᠯᠡᠭᠴᠢ᠂ ᠦᠨᠳᠦᠰᠦᠲᠡᠨ ᠤ ᠰᠣᠨᠢᠨ ᠮᠡᠳᠡᠭᠡᠨ ᠤ ᠵᠢᠳᠬᠦᠯᠲᠡᠨ ᠢᠶᠠᠷ ᠬᠥᠬᠢᠭᠦᠯᠦᠭᠰᠡᠨ ᠥᠩᠭᠡᠷᠡᠯᠲᠡ ᠲᠠᠢ᠃ ᠡᠳᠡᠭᠡᠷ ᠤᠬᠠᠭᠤᠯᠭ᠎ᠠ ᠪᠠᠷ ᠳᠠᠮᠵᠢᠨ ᠲᠡᠷᠡ ᠮᠠᠨᠢ ᠭᠠᠴᠠᠭᠠᠨ ᠤ ᠡᠯ᠎ᠡ ᠲᠠᠯ᠎ᠠ ᠶᠢᠨ ᠠᠵᠢᠯ ᠢᠶᠠᠨ ᠨᠡᠶᠢᠭᠡᠮ ᠨᠡᠶᠢᠲᠡ ᠳᠤ ᠤᠬᠠᠭᠤᠯᠵᠤ ᠴᠢᠳᠠᠭᠰᠠᠨ ᠠᠵᠢ᠃         ᠠᠵᠢᠯ ᠠᠮᠢᠳᠤᠷᠠᠯ ᠳᠤᠮᠳᠠ ᠪᠠᠨ ᠲᠡᠷᠡ ᠮᠠᠨᠢ ᠰᠢᠷᠭᠠᠭᠤ ᠰᠤᠷᠤᠯᠴᠠᠬᠤ ᠪᠠᠨ ᠪᠠᠷᠢᠮᠲᠠᠯᠠᠵᠤ᠂ ᠡᠩ ᠤᠨ ᠦᠶᠡᠰ ᠤᠨ ᠬᠤᠷᠠᠮᠳᠤᠭᠤᠯᠭ᠎ᠠ ᠪᠠᠨ ᠴᠢᠬᠤᠯᠠᠴᠢᠯᠠᠭᠰᠠᠭᠠᠷ ᠢᠷᠡᠭᠰᠡᠨ ᠭᠡᠳᠡᠭ ᠢ ᠬᠢᠭᠰᠡᠨ ᠠᠵᠢᠯ ᠠᠴᠠ ᠨᠢ ᠬᠠᠷᠠᠵᠤ ᠪᠣᠯᠣᠨ᠎ᠠ᠃ ᠵᠢᠳᠬᠦᠭᠰᠡᠨ ᠤ ᠡᠴᠦᠰ ᠲᠡᠷᠡ ᠮᠠᠨᠢ ᠳᠡᠭᠡᠳᠦ ᠵᠡᠷᠭᠡ ᠶᠢᠨ ᠲᠤᠰᠬᠠᠢ ᠮᠡᠷᠭᠡᠵᠢᠯ ᠤᠨ ᠰᠤᠷᠤᠯᠭ᠎ᠠ ᠶᠢᠨ ᠨᠠᠮᠲᠠᠷ ᠢ ᠣᠯᠵᠤ ᠴᠢᠳᠠᠭᠰᠠᠨ ᠪᠠᠶᠢᠨ᠎ᠠ᠃ ᠡᠳᠡᠭᠡᠷ ᠪᠦᠬᠦ ᠵᠦᠢᠯ ᠲᠡᠭᠦᠨ ᠤ ᠬᠤᠵᠢᠮ ᠤᠨ ᠠᠵᠢᠯ ᠠᠮᠢᠳᠤᠷᠠᠯ ᠳᠤᠨᠢ ᠰᠠᠭᠤᠷᠢ ᠪᠣᠯᠵᠤ ᠪᠠᠶᠢᠭ᠎ᠠ᠃ ᠤᠯᠠᠨ ᠵᠢᠯ ᠤᠨ ᠲᠤᠷᠰᠢ ᠲᠡᠷᠡ ᠮᠠᠨᠢ ᠳᠠᠪᠰᠢᠭᠰᠠᠨ ᠣᠨᠣᠯ ᠢᠶᠠᠷ ᠣᠶᠣᠨ ᠢᠶᠠᠨ ᠴᠡᠨᠡᠭᠯᠡᠵᠦ᠂ ᠠᠵᠢᠯ ᠢᠶᠠᠨ ᠵᠢᠯᠣᠭᠤᠳᠤᠨ᠂ ᠨᠠᠮ ᠤᠨ ᠬᠠᠮᠤᠭ ᠤᠨ ᠰᠢᠨ᠎ᠡ ᠣᠨᠣᠯ ᠲᠥᠷᠥ ᠶᠢᠨ ᠪᠣᠳᠣᠯᠭ᠎ᠠ ᠶᠢ ᠬᠢᠨᠠᠮᠠᠭᠠᠢ ᠰᠤᠷᠤᠯᠴᠠᠵᠤ᠂ ᠥᠪᠡᠷ ᠤᠨ ᠬᠡᠪ ᠰᠤᠷᠲᠠᠯ ᠦᠵᠡᠯ ᠰᠠᠨᠠᠭ᠎ᠠ ᠪᠠᠨ ᠲᠠᠰᠤᠷᠠᠯᠲᠠ ᠦᠭᠡᠢ ᠳᠡᠭᠡᠭᠰᠢᠯᠡᠭᠦᠯᠦᠭᠰᠡᠨ ᠪᠠᠶᠢᠨ᠎ᠠ᠃ ᠲᠡᠷᠡ ᠮᠠᠨᠢ ᠮᠡᠳᠡᠯᠭᠡ ᠳᠤ ᠨᠢᠭᠡ ᠵᠦᠢᠯ ᠤᠨ ᠬᠦᠴᠦᠲᠡᠢ ᠡᠷᠡᠮᠡᠯᠵᠡᠯ ᠲᠠᠢ᠃ ᠲᠡᠭᠦᠨ ᠤ ᠴᠠᠭ ᠢᠮᠠᠭᠲᠠ ᠰᠤᠷᠤᠯᠴᠠᠯᠭ᠎ᠠ ᠶᠢ ᠠᠳᠬᠤᠳᠠᠭ ᠤᠨ ᠭᠤᠣᠯ ᠵᠣᠷᠢᠯᠭ᠎ᠠ ᠨᠢ ᠳᠠᠷᠤᠢ ᠴᠠᠭ ᠦᠶ᠎ᠡ ᠠᠴᠠ ᠬᠠᠶᠠᠭᠳᠠᠬᠤ ᠦᠭᠡᠢ᠂ ᠬᠥᠮᠥᠨ ᠤ ᠬᠤᠶᠢᠨ᠎ᠠ ᠣᠷᠣᠬᠤ ᠦᠭᠡᠢ ᠭᠡᠰᠡᠨ ᠶᠠᠪᠤᠳᠠᠯ ᠪᠢᠯᠡ᠃ ᠮᠡᠳᠡᠯᠭᠡ ᠯᠡ ᠪᠣᠯ ᠲᠡᠷᠡ ᠰᠤᠷᠴᠤ ᠠᠪᠬᠤ ᠪᠠᠷ ᠣᠷᠣᠯᠳᠣᠨ᠎ᠠ᠃ ᠶᠡᠷᠦ ᠶᠢᠨ ᠦᠶᠡᠰ ᠭᠠᠴᠠᠭᠠᠨ ᠤ ᠠᠵᠢᠯ ᠢᠶᠠᠨ ᠳᠠᠭᠤᠰᠬᠠᠪᠠᠯ ᠠᠷᠤ ᠭᠡᠷ ᠢᠶᠠᠨ ᠭᠠᠷᠭᠠᠪᠠᠯ ᠲᠡᠭᠦᠨ ᠤ ᠬᠠᠮᠤᠭ ᠤᠨ ᠣᠴᠢᠬᠤ ᠳᠤᠷᠠᠲᠠᠢ ᠭᠠᠵᠠᠷ ᠨᠢ ᠳᠠᠷᠤᠢ ᠭᠠᠴᠠᠭᠠᠨ ᠤ ᠨᠣᠮ ᠤᠨ ᠥᠷᠥᠭᠡ ᠶᠤᠮᠰᠠᠨ᠃ ᠢᠩᠭᠢᠵᠦ ᠥᠪᠡᠷ ᠢ ᠪᠠᠨ ᠢᠮᠠᠭᠲᠠ ᠮᠡᠳᠡᠯᠭᠡ ᠪᠠᠷ ᠴᠡᠨᠡᠭᠯᠡᠵᠦ ᠶᠠᠪᠤᠳᠠᠭ ᠤᠨ ᠬᠠᠮᠤᠭ ᠤᠨ ᠭᠤᠣᠯ ᠵᠣᠷᠢᠯᠲᠠ ᠨᠢ ᠭᠠᠴᠠᠭᠠᠨ ᠤ ᠠᠵᠢᠯ ᠢᠶᠠᠨ ᠨᠡᠩ ᠰᠠᠶᠢᠨ ᠬᠢᠵᠦ ᠬᠠᠮᠲᠤ ᠪᠠᠷ ᠴᠢᠨᠡᠭᠡᠯᠢᠭᠵᠢᠬᠦ ᠳᠤ ᠪᠠᠶᠢᠭ᠎ᠠ ᠶᠤᠮ᠃         ᠦᠢᠯᠡᠳᠦᠯᠭᠡ ᠣᠷᠣᠯᠳᠣᠯᠭ᠎ᠠ ᠪᠤᠶᠤ ᠴᠢᠨᠡᠭᠡᠯᠢᠭᠵᠢᠯ ᠤᠨ ᠬᠦᠴᠦᠨ         ᠭᠠᠴᠠᠭᠠᠨ ᠤ ᠨᠠᠮ ᠤᠨ ᠡᠭᠦᠷ ᠤᠨ ᠱᠦᠵᠢ ᠪᠣᠯᠣᠭᠰᠠᠨ ᠤ ᠬᠤᠪᠢ ᠳᠤ ᠲᠡᠷᠡ ᠵᠠᠪᠠᠯ ᠤᠯᠠᠨ ᠳᠠᠭᠠᠨ ᠲᠣᠯᠣᠭᠠᠶᠢᠯᠠᠬᠤ ᠦᠢᠯᠡᠳᠦᠯ ᠭᠠᠷᠭᠠᠬᠤ ᠶᠣᠰᠣᠲᠠᠢ᠃ ᠤᠷᠲᠤᠨᠠᠰᠤᠨ ᠨᠠᠮ ᠤᠨ ᠡᠭᠦᠷ ᠤᠨ ᠱᠦᠵᠢ ᠶᠢᠨ ᠦᠢᠯᠡᠳᠦᠯ ᠢᠶᠠᠨ ᠪᠠᠳᠠᠷᠠᠭᠤᠯᠵᠤ᠂ ᠭᠠᠴᠠᠭᠠᠨ ᠤ ᠥᠷᠭᠡᠨ ᠤᠯᠠᠨ ᠮᠠᠯᠴᠢᠨ ᠲᠠᠷᠢᠶᠠᠴᠢᠨ ᠢ ᠵᠣᠬᠢᠶᠠᠨ ᠪᠠᠶᠢᠭᠤᠯᠵᠤ᠂ ᠦᠵᠡᠰᠬᠦᠯᠡᠩᠲᠦ ᠰᠠᠶᠢᠬᠠᠨ ᠬᠥᠳᠡᠭᠡ ᠨᠤᠲᠤᠭ ᠢᠶᠠᠨ ᠪᠦᠲᠦᠭᠡᠨ ᠪᠠᠶᠢᠭᠤᠯᠬᠤ ᠶᠢᠨ ᠲᠥᠯᠥᠭᠡ ᠲᠡᠮᠡᠴᠡᠵᠦ ᠶᠠᠪᠤᠭᠰᠠᠨ ᠳ᠋ᠠᠭ᠃ ᠲᠡᠭᠦᠨ ᠤ ᠥᠩᠭᠡᠷᠡᠭᠰᠡᠨ ᠳᠤ ᠳᠠᠭᠠᠭᠤᠯᠤᠭᠰᠠᠨ 11 ᠡᠷᠦᠬᠡ ᠪᠠᠷ ᠪᠦᠷᠢᠯᠳᠦᠭᠰᠡᠨ ᠵᠥᠭᠡᠭᠡᠪᠦᠷᠢ ᠶᠢᠨ ᠠᠩᠭᠢ ᠠᠵᠢᠯᠯᠠᠵᠤ ᠪᠠᠶᠢᠬᠤ ᠬᠤᠭᠤᠴᠠᠭᠠᠨ ᠳᠠᠭᠠᠨ ᠡᠷᠦᠬᠡ ᠪᠦᠷᠢ ᠶᠢᠨ ᠲᠡᠭᠰᠢᠳᠬᠡᠭᠰᠡᠨ ᠣᠷᠣᠯᠭ᠎ᠠ 15000 ᠲᠥᠬᠦᠷᠢᠭ ᠢᠶᠠᠷ ᠥᠰᠴᠦ᠂ ᠲᠡᠭᠦᠨ ᠤ ᠡᠨᠡᠬᠦ ᠠᠵᠢᠯᠯᠠᠭ᠎ᠠ ᠨᠢ ᠭᠠᠴᠠᠭᠠᠨ ᠤ ᠠᠷᠠᠳ ᠤᠨ ᠠᠮᠢᠳᠤᠷᠠᠯ ᠢ ᠦᠨᠡᠨᠬᠦ ᠬᠠᠷᠠᠭᠠᠯᠵᠠᠵᠤ ᠴᠢᠳᠠᠭᠰᠠᠨ ᠪᠠᠶᠢᠨ᠎ᠠ᠃ ᠡᠶᠢᠮᠦᠷᠬᠦ ᠠᠵᠢᠯ ᠢ ᠲᠡᠷᠡ ᠮᠠᠨᠢ ᠭᠠᠭᠴᠠ ᠤᠳᠠᠭ᠎ᠠ ᠬᠢᠭᠰᠡᠨ ᠪᠢᠰᠢ᠃ ᠭᠠᠴᠠᠭᠠᠨ ᠤ ᠠᠷᠠᠳ ᠢᠶᠠᠨ ᠪᠠᠶᠠᠵᠢᠭᠤᠯᠤᠶ᠎ᠠ ᠭᠡᠪᠡᠯ ᠵᠠᠪᠠᠯ ᠭᠠᠵᠠᠷ ᠣᠷᠣᠨ ᠤ ᠪᠠᠨ ᠪᠠᠶᠢᠳᠠᠯ ᠳᠤ ᠬᠠᠨᠳᠤᠭᠤᠯᠵᠤ ᠠᠰᠠᠭᠤᠳᠠᠯ ᠢ ᠪᠣᠳᠣᠯᠬᠢᠯᠠᠬᠤ ᠶᠣᠰᠣᠲᠠᠢ᠃ ᠡᠭᠦᠨ ᠤ ᠲᠤᠬᠠᠢ ᠬᠠᠮᠲᠤ ᠪᠠᠷ ᠵᠥᠪᠳᠡᠯᠴᠡᠭᠰᠡᠨ ᠤ ᠡᠴᠦᠰ ᠵᠠᠭ ᠲᠠᠷᠢᠬᠤ  ᠪᠠᠷ ᠪᠣᠯᠵᠠᠢ᠃         ᠵᠠᠭ ᠲᠠᠷᠢᠬᠤ ᠨᠢ ᠨᠢᠭᠡ ᠲᠠᠯ᠎ᠠ ᠪᠠᠷ ᠪᠠᠶᠢᠭᠠᠯᠢ ᠣᠷᠴᠢᠨ ᠢᠶᠠᠨ ᠬᠠᠮᠠᠭᠠᠯᠠᠵᠤ ᠪᠠᠶᠢᠭ᠎ᠠ ᠶᠠᠪᠤᠳᠠᠯ᠂ ᠨᠥᠭᠦᠭᠡ ᠲᠠᠯ᠎ᠠ ᠪᠠᠷ ᠬᠡᠯᠡᠪᠡᠯ ᠨᠥᠬᠦᠪᠥᠷᠢ ᠣᠯᠵᠤ ᠪᠣᠯᠣᠨ᠎ᠠ᠃ ᠰᠡᠳᠦᠭᠰᠡᠨ ᠢᠶᠠᠨ ᠵᠠᠪᠠᠯ ᠬᠢᠳᠡᠭ ᠲᠡᠷᠡ ᠮᠠᠨᠢ ᠳᠣᠣᠷᠠᠬᠠᠨ ᠢᠶᠠᠨ ᠭᠠᠴᠠᠭᠠᠨ ᠤ ᠠᠷᠠᠳ ᠢᠶᠠᠨ ᠵᠣᠬᠢᠶᠠᠨ ᠪᠠᠶᠢᠭᠤᠯᠵᠤ 1000 ᠭᠠᠷᠤᠢ ᠮᠦ ᠵᠠᠭ ᠲᠠᠷᠢᠨ᠂ 300 ᠭᠠᠷᠤᠢ ᠮᠦ ᠴᠠᠭᠠᠨ ᠭᠤᠶᠣᠣ ᠰᠠᠭᠤᠯᠭᠠᠭᠰᠠᠨ ᠪᠠᠶᠢᠨ᠎ᠠ᠃ ᠲᠡᠷᠡ ᠮᠥᠷᠲᠡᠭᠡᠨ ᠵᠢᠯ ᠳᠤ ᠲᠣᠭᠲᠠᠭᠰᠠᠨ ᠡᠳᠦᠷ ᠲᠠᠢ ᠪᠠᠷ ᠭᠠᠴᠠᠭᠠᠨ ᠤ ᠠᠷᠠᠳ ᠢᠶᠠᠨ ᠵᠣᠬᠢᠶᠠᠨ ᠪᠠᠶᠢᠭᠤᠯᠵᠤ ᠬᠠᠮᠲᠤᠪᠠᠷ ᠴᠠᠭᠠᠨ ᠭᠤᠶᠣᠣ ᠮᠠᠯᠲᠠᠳᠠᠭ ᠪᠠᠶᠢᠨ᠎ᠠ᠃ ᠶᠠᠭ ᠢᠩᠭᠢᠭᠰᠡᠨ ᠠᠴᠠ ᠭᠠᠴᠠᠭᠠᠨ ᠤ ᠡᠷᠦᠬᠡ ᠪᠦᠷᠢ ᠶᠢᠨ ᠵᠢᠯ ᠤᠨ ᠣᠷᠣᠯᠭ᠎ᠠ ᠶᠢ 2 ᠲᠦᠮᠡᠨ ᠲᠥᠭᠦᠷᠢᠭ ᠢᠶᠠᠷ ᠨᠡᠮᠡᠭᠳᠡᠭᠦᠯᠵᠦ ᠴᠢᠳᠠᠵᠠᠢ᠃ ᠡᠨᠡ ᠪᠣᠯ ᠠᠵᠤ ᠠᠬᠤᠢ ᠪᠠ ᠠᠮᠢ ᠠᠬᠤᠢ ᠶᠢᠨ ᠬᠤᠣᠰ ᠠᠰᠢᠭ ᠢ ᠬᠦᠷᠲᠡᠭᠰᠡᠨ ᠶᠠᠪᠤᠳᠠᠯ ᠮᠥᠨ᠃ ᠭᠠᠴᠠᠭᠠᠨ ᠤ ᠨᠠᠮ ᠤᠨ ᠡᠭᠦᠷ ᠤᠨ ᠱᠦᠵᠢ ᠪᠣᠯᠣᠭᠰᠠᠨ ᠤ ᠬᠤᠪᠢ ᠳᠤ ᠭᠠᠴᠠᠭᠠᠨ ᠤ ᠠᠷᠠᠳ ᠤᠨ ᠠᠵᠤ ᠠᠬᠤᠢ ᠶᠢ ᠪᠣᠳᠣᠯᠬᠢᠯᠠᠬᠤ ᠠᠴᠠ ᠭᠠᠳᠠᠨ᠎ᠠ ᠪᠦᠯᠬᠦᠮᠳᠡᠯ ᠢ ᠪᠣᠳᠣᠬᠤ ᠶᠣᠰᠣᠲᠠᠢ᠃ ᠲᠡᠮᠡᠭᠡ ᠮᠠᠯ ᠨᠣᠣᠰᠣᠯᠠᠬᠤ ᠴᠠᠭ ᠪᠣᠯᠪᠠᠯ ᠤᠷᠲᠤᠨᠠᠰᠤᠨ ᠭᠠᠴᠠᠭᠠᠨ ᠤ ᠮᠠᠯᠴᠢᠳ ᠢᠶᠠᠨ ᠵᠣᠬᠢᠶᠠᠨ ᠪᠠᠶᠢᠭᠤᠯᠵᠤ ᠠᠶᠢᠯ ᠪᠣᠯᠭᠠᠨ ᠢᠶᠠᠷ ᠶᠠᠪᠤᠵᠤ ᠠᠵᠢᠯ ᠢ ᠨᠢ ᠬᠠᠪᠰᠤᠷᠳᠠᠭ ᠪᠠᠶᠢᠨ᠎ᠠ᠃ ᠡᠭᠦᠨ ᠤ ᠬᠠᠮᠲᠤ ᠭᠠᠴᠠᠭᠠᠨ ᠤ ᠨᠠᠮ ᠤᠨ ᠭᠡᠰᠢᠭᠦᠳ ᠢ ᠵᠣᠬᠢᠶᠠᠨ ᠪᠠᠶᠢᠭᠤᠯᠵᠤ ᠰᠠᠶᠢᠨ ᠳᠤᠷᠠᠴᠤᠳ ᠤᠨ ᠬᠥᠳᠡᠯᠭᠡᠭᠡᠨ ᠢ ᠥᠷᠨᠢᠭᠦᠯᠵᠦ᠂ ᠠᠵᠢᠯ ᠤᠨ ᠦᠷ᠎ᠡ ᠠᠰᠢᠭ ᠢ ᠳᠡᠭᠡᠭᠰᠢᠯᠡᠭᠦᠯᠦᠭᠰᠡᠨ ᠢᠶᠠᠷ ᠪᠠᠷᠠᠬᠤ ᠦᠭᠡᠢ ᠬᠥᠮᠥᠰ ᠤᠨ ᠬᠤᠭᠤᠷᠣᠨᠳᠣᠬᠢ ᠬᠠᠷᠢᠴᠠᠭ᠎ᠠ ᠶᠢ ᠤᠯᠠᠮ ᠨᠥᠬᠦᠷᠰᠡᠭ ᠪᠣᠯᠭᠠᠵᠤ ᠴᠢᠳᠠᠭᠰᠠᠨ ᠪᠠᠶᠢᠨ᠎ᠠ᠃        ᠬᠥᠮᠥᠨ  ᠤ ᠠᠮᠢᠳᠤᠷᠠᠯ  ᠳᠤ ᠮᠥᠩᠭᠦ ᠵᠣᠭᠤᠰ  ᠠᠴᠠ ᠭᠠᠳᠠᠨ᠎ᠠ ᠣᠶᠣᠨ  ᠤ ᠠᠮᠢᠳᠤᠷᠠᠯ ᠪᠠᠶᠢᠬᠤ ᠬᠡᠷᠡᠭᠲᠡᠢ᠃ ᠭᠠᠴᠠᠭᠠᠨ  ᠤ ᠮᠠᠯᠴᠢᠨ ᠲᠠᠷᠢᠶᠠᠴᠢᠨ  ᠤ ᠣᠶᠣᠨ  ᠤ ᠠᠮᠢᠳᠤᠷᠠᠯ  ᠤᠨ ᠬᠢᠷᠢ ᠲᠦᠪᠰᠢᠨ ᠳᠣᠣᠷ᠎ᠠ ᠪᠠᠶᠢᠭ᠎ᠠ ᠪᠠᠶᠢᠳᠠᠯ  ᠳᠤ ᠬᠠᠨᠳᠤᠭᠤᠯᠵᠤ᠂ ᠲᠡᠷᠡ  ᠮᠠᠨᠢ ᠮᠠᠯᠴᠢᠳ  ᠤᠨ ᠰᠤᠯᠠ ᠰᠡᠯᠡᠭᠦᠦ ᠴᠠᠭ  ᠲᠤ ᠲᠣᠬᠢᠶᠠᠯᠳᠤᠭᠤᠯᠤᠨ ᠠᠷᠠᠳ  ᠢᠶᠠᠨ ᠵᠣᠬᠢᠶᠠᠨ ᠪᠠᠶᠢᠭᠤᠯᠵᠤ ᠰᠤᠮᠤᠨ  ᠤ  ᠬᠢᠨ  ᠲᠠᠢ ᠬᠠᠮᠲᠤᠪᠠᠷ ᠪᠡᠶ᠎ᠡ  ᠶᠢᠨ ᠲᠠᠮᠢᠷ ᠤᠨ ᠤᠷᠤᠯᠳᠤᠭᠠᠨ  ᠪᠠ ᠤᠷᠠᠨ ᠰᠠᠶᠢᠬᠠᠨ  ᠤ ᠲᠣᠭᠯᠠᠯᠲᠠ ᠭᠠᠷᠭᠠᠵᠤ ᠮᠠᠯᠴᠢᠳ  ᠤᠨ ᠬᠡᠪ ᠪᠤᠯᠪᠠᠰᠤᠷᠠᠯ  ᠢ ᠳᠡᠭᠡᠭᠰᠢᠯᠡᠭᠦᠯᠦᠭᠰᠡᠨ  ᠤ ᠬᠠᠮᠲᠤ ᠨᠡᠶᠢᠭᠡᠮ  ᠤᠨ ᠡᠶ᠎ᠡ ᠨᠠᠶᠢᠷᠠᠮᠳᠠᠭᠤ  ᠶᠢ ᠠᠬᠢᠭᠤᠯᠵᠤ᠂ ᠠᠷᠠᠳ  ᠤᠨ  ᠢᠶᠠᠨ ᠰᠠᠶᠢᠰᠢᠶᠠᠯ  ᠢ ᠬᠦᠷᠲᠡᠭᠰᠡᠨ ᠪᠠᠶᠢᠨ᠎ᠠ᠃ ᠭᠠᠴᠠᠭᠠᠨ  ᠤ ᠠᠷᠠᠳ  ᠤᠨ ᠠᠮᠢᠳᠤᠷᠠᠯ ᠡᠳᠦᠷ  ᠠᠴᠠ ᠡᠳᠦᠷ ᠰᠠᠶᠢᠵᠢᠷᠠᠵᠤ ᠪᠠᠶᠢᠭ᠎ᠠ  ᠶᠢ ᠬᠠᠷᠠᠭᠠᠳ ᠤᠷᠲᠤᠨᠠᠰᠤᠨ ᠴᠢᠷᠮᠠᠶᠢᠯᠭ᠎ᠠ ᠲᠠᠯᠠᠭᠠᠷᠳᠠᠭᠰᠠᠨ ᠦᠭᠡᠢ ᠭᠡᠵᠦ ᠪᠣᠳᠣᠨ᠎ᠠ᠃ ᠬᠠᠷᠢᠨ ᠵᠠᠷᠢᠮ ᠨᠢᠭᠡ ᠬᠤᠶᠠᠷ ᠠᠮᠢᠳᠤᠷᠠᠯ ᠮᠥᠨ  ᠯᠡ ᠬᠦᠴᠢᠷ ᠪᠠᠶᠢᠭ᠎ᠠ ᠬᠥᠮᠥᠰ  ᠢᠶᠠᠨ ᠪᠣᠳᠣᠬᠤ  ᠳᠤ ᠰᠡᠳᠬᠢᠯ ᠨᠢ ᠥᠪᠡᠷ  ᠤᠨ ᠡᠷᠬᠡ ᠦᠭᠡᠢ ᠰᠢᠨᠠᠯᠳᠠᠭ ᠪᠠᠶᠢᠨ᠎ᠠ᠃ ᠬᠠᠮᠲᠤᠪᠠᠷ ᠴᠢᠨᠡᠭᠡᠯᠢᠭᠵᠢᠬᠦ  ᠨᠢ ᠬᠡᠳᠦᠨ ᠬᠥᠮᠥᠨ  ᠤ ᠤᠴᠢᠷ ᠪᠢᠰᠢ᠃ ᠬᠠᠷᠢᠨ ᠨᠢᠭᠡ  ᠴᠤ ᠬᠥᠮᠥᠨ  ᠢ ᠣᠷᠬᠢᠵᠤ ᠭᠡᠭᠡᠭᠳᠡᠭᠦᠯᠬᠦ ᠦᠭᠡᠢ ᠪᠠᠶᠢᠬᠤ ᠶᠠᠪᠤᠳᠠᠯ ᠪᠢᠯᠡ᠃        ᠬᠠᠪᠰᠤᠷᠤᠯᠭ᠎ᠠ ᠳᠡᠮᠵᠢᠯᠭᠡ ᠪᠤᠶᠤ ᠰᠡᠳᠬᠢᠯ ᠤᠨ ᠪᠠᠷᠢᠮᠲᠠᠯᠠᠯ        ᠤᠯᠠᠨ ᠲᠦᠮᠡᠨ ᠳᠡᠭᠡᠨ ᠦᠢᠯᠡᠴᠢᠯᠡᠵᠦ ᠶᠠᠪᠤᠬᠤ ᠪᠣᠯ ᠲᠡᠭᠦᠨ ᠤ ᠰᠡᠳᠬᠢᠯ ᠤᠨ ᠪᠠᠷᠢᠮᠲᠠᠯᠠᠯ᠃ ᠤᠷᠲᠤᠨᠠᠰᠤᠨ ᠮᠠᠯᠴᠢᠨ ᠲᠦᠮᠡᠨ ᠳᠡᠭᠡᠨ ᠰᠠᠶᠢᠨ ᠶᠠᠪᠤᠳᠠᠯ ᠬᠢᠬᠦ᠂ ᠪᠤᠲᠠᠲᠠᠢ ᠶᠠᠪᠤᠳᠠᠯ ᠬᠢᠬᠦ ᠪᠠᠷ ᠥᠪᠡᠷ ᠤᠨ ᠵᠣᠭᠰᠣᠴᠠ ᠪᠠᠨ ᠪᠣᠯᠭᠠᠵᠤ᠂ ᠤᠯᠠᠨ ᠲᠦᠮᠡᠨ ᠲᠠᠢ ᠣᠶᠢᠷᠠᠳᠴᠤ᠂ ᠬᠠᠯᠠᠭᠤᠨ ᠰᠡᠳᠬᠢᠯ ᠢᠶᠠᠷ ᠡᠷᠦᠬᠡ ᠪᠦᠷᠢ ᠶᠢ ᠬᠠᠯᠠᠮᠵᠢᠯᠠᠭᠰᠠᠭᠠᠷ ᠢᠷᠡᠭᠰᠡᠨ ᠪᠠᠶᠢᠨ᠎ᠠ᠃ ᠦᠷᠭᠦᠯᠵᠢ ᠠᠶᠢᠯ ᠡᠷᠦᠬᠡ ᠪᠠᠷ ᠣᠷᠣᠵᠤ ᠪᠠᠶᠢᠳᠠᠯ ᠢ ᠨᠢ ᠨᠠᠷᠢᠨ ᠣᠶᠢᠯᠠᠭᠠᠨ ᠲᠤᠯᠭᠠᠷᠠᠵᠤ ᠪᠠᠶᠢᠭ᠎ᠠ ᠠᠰᠠᠭᠤᠳᠠᠯ ᠢ ᠨᠢ ᠰᠢᠢᠳᠪᠦᠷᠢᠯᠡᠳᠡᠭ ᠠᠵᠢ᠃ ᠠᠯᠢ ᠠᠶᠢᠯ ᠨᠢ ᠬᠦᠴᠢᠷᠳᠡᠯᠲᠡᠢ ᠪᠣᠯ ᠲᠡᠷᠡ ᠮᠠᠨᠢ ᠲᠡᠨᠳᠡ ᠡᠷᠭᠢᠴᠡᠨ᠎ᠡ᠃ ᠲᠡᠷᠡ ᠮᠠᠨᠢ ᠨᠤᠲᠤᠭ ᠤᠨ ᠢᠶᠠᠨ ᠬᠥᠷᠥᠰᠥᠨ ᠳᠤ ᠮᠥᠷ ᠢᠶᠠᠨ ᠲᠠᠮᠠᠭᠠᠯᠠᠨ ᠦᠯᠡᠳᠡᠭᠡᠵᠡᠢ᠃        ᠠᠮᠢᠳᠤᠷᠠᠯ ᠬᠦᠴᠢᠷᠳᠡᠯᠲᠡᠢ ᠡᠷᠦᠬᠡ ᠶᠢ ᠬᠠᠪᠰᠤᠷᠤᠨ ᠳᠡᠮᠵᠢᠬᠦ ᠳᠤ ᠲᠡᠷᠡ ᠮᠠᠨᠢ ᠪᠡᠶ᠎ᠡ ᠪᠠᠷ ᠢᠶᠠᠨ ᠳᠠᠭᠤᠷᠢᠶᠠᠯ ᠦᠵᠡᠭᠦᠯᠵᠦ ᠤᠯᠠᠨ ᠲᠦᠮᠡᠨ ᠤ ᠪᠠᠨ ᠰᠠᠶᠢᠨ ᠦᠢᠯᠡᠴᠢᠯᠡᠭᠴᠢ ᠭᠡᠬᠦ ᠨᠡᠷ᠎ᠡ ᠶᠢ ᠡᠷᠭᠦᠵᠦ ᠶᠠᠪᠤᠭᠰᠠᠨ ᠶᠤᠮ᠃ ᠭᠠᠴᠠᠭᠠᠨ ᠤ ᠱᠦᠵᠢ ᠪᠣᠯᠣᠭᠰᠠᠨ ᠠᠷᠪᠠᠭᠠᠳ ᠵᠢᠯ ᠤᠨ ᠲᠤᠷᠰᠢ᠂ ᠤᠷᠲᠤᠨᠠᠰᠤᠨ ᠶᠡᠭᠡ ᠠᠴᠠ ᠪᠡᠯᠡ ᠮᠥᠩᠭᠦ ᠣᠯᠭᠤᠬᠤ ᠪᠠᠭ᠎ᠠ ᠠᠴᠠ ᠠᠮᠢᠳᠤᠷᠠᠯ ᠢ ᠨᠢ ᠬᠠᠷᠠᠭᠠᠯᠵᠠᠬᠤ ᠬᠦᠷᠲᠡᠯ᠎ᠡ ᠠᠵᠢᠯ ᠨᠢᠭᠡᠪᠦᠷᠢ ᠳᠤ ᠨᠢᠭᠡ ᠨᠠᠮ ᠤᠨ ᠭᠡᠰᠢᠭᠦᠨ ᠤ ᠪᠠᠷᠢᠮᠵᠢᠶ᠎ᠠ ᠪᠠᠷ ᠪᠡᠶ᠎ᠡ ᠪᠠᠨ ᠴᠢᠩᠭ᠎ᠠ ᠱᠠᠭᠠᠷᠳᠠᠨ᠂ ᠨᠢᠮᠪᠠᠢ ᠣᠪᠣᠷ ᠢᠶᠠᠷ ᠬᠠᠨᠳᠤᠭᠰᠠᠭᠠᠷ ᠢᠷᠡᠵᠡᠢ᠃ ᠦᠨᠡᠨ ᠢ ᠬᠡᠯᠡᠬᠦ ᠳᠤ ᠲᠡᠷᠡ ᠮᠠᠨᠢ ᠭᠠᠴᠠᠭᠠᠨ ᠤ ᠠᠷᠠᠳ ᠢᠶᠠᠨ ᠭᠡᠷ ᠤᠨ ᠬᠥᠮᠥᠨ ᠰᠢᠭ ᠢᠶᠠᠨ ᠦᠵᠡᠳᠡᠭ᠃ ᠶᠠᠷᠢᠶᠠᠨ ᠦᠭᠡᠢ ᠡᠨᠡ ᠪᠣᠯ ᠲᠣᠮᠣ ᠭᠡᠷ ᠪᠦᠯᠢ᠃ ᠲᠡᠭᠦᠨ ᠤ ᠴᠢᠷᠮᠠᠶᠢᠯᠭ᠎ᠠ ᠳᠠᠶᠢᠴᠢᠯᠠᠯᠲᠠ ᠳᠣᠣᠷ᠎ᠠ ᠭᠠᠴᠠᠭᠠᠨ ᠤ ᠳᠦᠷᠢ ᠲᠥᠷᠬᠦ ᠡᠳᠦᠷ ᠠᠴᠠ ᠡᠳᠦᠷ ᠰᠠᠶᠢᠵᠢᠷᠠᠨ᠂ ᠰᠢᠨ᠎ᠡ ᠴᠠᠭ ᠦᠶ᠎ᠡ ᠶᠢᠨ ᠮᠠᠯᠵᠢᠬᠤ ᠣᠷᠣᠨ ᠪᠣᠯᠣᠭᠰᠠᠨ ᠪᠠᠶᠢᠨ᠎ᠠ᠃ ᠡᠭᠡᠯ ᠶᠡᠷᠦᠮᠳᠡᠭ ᠠᠵᠢᠯ ᠤᠨ ᠪᠠᠶᠢᠷᠢᠨ ᠳᠡᠭᠡᠷ᠎ᠡ ᠡᠳᠦᠷ ᠬᠤᠨᠤᠭ ᠢ ᠨᠥᠭᠴᠢᠭᠡᠵᠦ ᠶᠠᠪᠤᠬᠤ ᠳᠤ ᠲᠡᠭᠦᠨ ᠳᠤ ᠬᠠᠷᠠᠮᠰᠠᠯ ᠪᠠᠶᠢᠭ᠎ᠠ ᠦᠭᠡᠢ᠃ ᠲᠡᠷᠡ ᠮᠠᠨᠢ ᠥᠪᠡᠷ ᠤᠨ ᠪᠤᠲᠠᠲᠠᠢ ᠦᠢᠯᠡ ᠠᠵᠢᠯᠯᠠᠭ᠎ᠠ ᠪᠠᠷ ᠢᠶᠠᠨ ᠨᠢᠭᠡ ᠮᠠᠯᠴᠢᠨ ᠺᠠᠳ᠋ᠷ ᠤᠨ ᠴᠤᠭ ᠵᠢᠪᠬᠤᠭ᠎ᠠ ᠶᠢ ᠤᠯᠠᠨ᠎ᠠ ᠬᠠᠷᠠᠭᠤᠯᠵᠤ ᠴᠢᠳᠠᠵᠡᠢ᠃        ᠤᠷᠲᠤᠨᠠᠰᠤᠨ ᠭᠡᠷᠡᠯᠲᠦ ᠭᠠᠴᠠᠭᠠᠨ ᠤ ᠬᠥᠭᠵᠢᠯᠲᠡ ᠶᠢᠨ ᠲᠥᠯᠥᠭᠡ ᠵᠠᠯᠠᠭᠤ ᠨᠠᠰᠤ ᠪᠠᠨ ᠡᠯᠡᠭᠡᠵᠦ᠂ ᠣᠶᠣᠨ ᠲᠠᠷᠢᠬᠢ ᠪᠠᠨ ᠰᠢᠪᠬᠠᠨ᠂ ᠬᠦᠴᠦ ᠬᠥᠯᠥᠰᠥ ᠪᠠᠨ ᠤᠷᠤᠰᠬᠠᠭᠰᠠᠨ ᠪᠢᠯᠡ᠃ ᠣᠳᠣ ᠲᠡᠷᠡ ᠮᠠᠨᠢ ᠬᠥᠳᠡᠭᠡ ᠲᠣᠰᠬᠤᠨ ᠢ ᠬᠥᠭᠵᠢᠭᠦᠯᠦᠨ ᠮᠠᠨᠳᠤᠭᠤᠯᠬᠤ ᠵᠠᠮ ᠳᠠᠭᠠᠨ ᠮᠠᠯᠴᠢᠨ ᠲᠦᠮᠡᠨ ᠢᠶᠠᠨ ᠳᠠᠶᠢᠴᠢᠯᠠᠨ ᠰᠢᠷᠤᠩᠬᠠᠶᠢᠯᠠᠨ ᠶᠠᠪᠤᠭ᠎ᠠ᠃ ᠡᠨᠡ ᠪᠣᠯ ᠲᠡᠭᠦᠨ ᠤ ᠨᠠᠮ ᠢᠶᠠᠨ ᠭᠡᠰᠡᠨ ᠬᠤᠶᠠᠷ ᠦᠭᠡᠢ ᠰᠡᠳᠬᠢᠯ᠂ ᠠᠷᠠᠳ ᠢᠶᠠᠨ ᠭᠡᠰᠡᠨ ᠤᠶᠢᠭ᠎ᠠ ᠦᠭᠡᠢ ᠴᠢᠷᠮᠠᠶᠢᠯᠭ᠎ᠠ ᠶᠢᠨ ᠬᠢᠨᠢ ᠲᠠᠶᠢᠯᠤᠯ ᠶᠤᠮᠰᠠᠨ᠃           (ᠵᠣᠬᠢᠶᠠᠭᠴᠢ᠄ ᠮᠠᠤ ᠲᠦᠮᠡᠨ      ᠪᠠᠭᠠᠨ᠎ᠠ      ᠳᠠᠪᠰᠢᠯᠲᠤ      ᠪᠣᠯᠣᠷᠰᠤᠪᠤᠳ)
 
ᠢᠷᠡᠯᠲᠡ᠄ ᠠᠯᠠᠱᠠ ᠶᠢᠨ ᠡᠳᠦᠷ ᠤᠨ ᠰᠣᠨᠢᠨ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号