ᠤᠢᠢᠯᠡᠰ ᠠᠴᠠ ᠠᠮᠳᠠᠯᠠᠭᠰᠠᠨ ᠪᠠᠶᠠᠷ ᠠᠮᠢᠳᠤᠷᠠᠯ ᠠᠴᠠ ᠮᠡᠳᠡᠷᠡᠭᠰᠡᠨ ᠵᠢᠷᠭᠠᠯ
ᠨᠡᠶᠢᠲᠡᠯᠡᠭᠰᠡᠨ ᠴᠠᠭ᠄
2019/6/12
     ᠪᠠᠶᠠᠷ ᠬᠤᠭᠤᠯᠠᠨ ᠭᠡᠷ ᠲᠡᠭᠡᠨ ᠪᠠᠩᠰᠢ ᠬᠢᠵᠤ ᠪᠠᠶᠢᠨ᠎ᠠ᠃ ︵ᠡᠷᠳᠠᠨᠢᠴᠢᠮᠡᠭ ᠰᠠᠬᠦᠳᠠᠷᠯᠠᠪᠠ︶              ᠲᠥᠷᠪᠡᠳᠤᠭᠡᠷ ᠲᠤᠮᠳᠠᠳᠤ ᠰᠤᠷᠭᠠᠭᠤᠯᠢ ᠶᠢᠨ ᠡᠮᠦᠨ᠎ᠠ ᠲᠠᠯ᠎ᠠ ᠳᠤ ᠪᠠᠶᠢᠷᠢᠯᠠᠭ᠎ᠠ ᠰᠥᠷᠯᠢᠭ ᠰᠠᠶᠢᠬᠠᠠ ᠶᠢᠨ ᠬᠤᠤ ᠬᠤᠭᠤᠯᠠᠠ ᠲᠠᠭᠳᠤ ᠲᠠᠩᠰᠤᠭ ᠢᠳᠡᠭᠡᠨ᠂ ᠲᠠᠭᠠᠯᠠᠮᠵᠢᠳᠠᠢ ᠵᠤᠴᠢᠯᠠᠭ᠎ᠠ ᠪᠠᠷ ᠢᠶᠠᠨ ᠲᠠᠪᠤᠨ ᠵᠦᠭ ᠤᠨ ᠭᠡᠶᠢᠴᠢᠨ ᠵᠤᠴᠢᠨ ᠢᠶᠠᠨ ᠤᠭᠳᠤᠵᠦ᠂ ᠬᠥᠭᠵᠢᠶᠠᠨ ᠨᠠᠷᠬᠢᠶᠠᠨ ᠢᠶᠠᠷ ᠪᠢᠯᠬᠠᠨ᠎ᠠ᠃ ᠵᠢᠷᠭᠤᠭᠠᠠ ᠰᠠᠷ᠎ᠠ ᠶᠢᠨ ᠨᠢᠭᠡᠨ ᠤ ᠭᠡᠤᠭᠡᠳ‌‍ᠤᠨ ᠪᠠᠶᠠᠷ ᠪᠤᠯᠤᠬᠰᠠᠠ ᠪᠤᠯᠬᠤᠷ ᠬᠦᠮᠦᠰ ᠠᠴᠢ ᠥᠷ᠎ᠠ᠂ ᠤᠮᠪᠤᠯᠤ ᠲᠤᠮᠪᠤᠯᠤ ᠲᠠᠢ ᠪᠠᠨ ᠬᠠᠮᠳᠤ ᠪᠠᠶᠠᠷ ᠤᠨ ᠡᠳᠦᠷ ᠢ ᠪᠡᠯᠭᠡᠯᠡᠵᠦ ᠬᠠᠮᠳᠤᠪᠠᠷ ᠨᠠᠷᠬᠢᠯᠳᠤᠨ᠎ᠠ᠃            ᠡᠨᠡᠬᠦ ᠬᠤᠭᠤᠯᠠᠠ ᠭᠡᠷ ᠤᠨ ᠡᠵᠡᠩᠨᠡᠭᠴᠢ ᠶᠢ ᠪᠠᠶᠠᠷ ᠭᠡᠳᠡᠭ᠂ ᠪᠠᠶᠠᠨᠬᠤᠳᠠ ᠪᠠᠯᠭᠠᠰᠤᠨ ᠤ ᠰᠠᠭᠤᠭᠠᠯᠢ ᠠᠷᠠᠳ᠃ ᠠᠵᠢᠯᠴᠢ ᠬᠥᠳᠡᠯᠮᠦᠷᠢᠴᠢ ᠬᠤᠶᠠᠷ ᠭᠠᠷ ᠢᠶᠠᠷ ᠢᠶᠠᠨ ᠠᠵᠤ ᠠᠮᠢᠳᠤᠷᠠᠯ ᠢᠶᠠᠨ ᠥᠭᠡᠳᠡ ᠳᠡᠳᠡᠵᠤ᠂ ᠪᠠᠶᠠᠠ ᠲᠠᠩᠰᠤᠬ ᠶᠠᠪᠤᠭ᠎ᠠ ᠠᠶᠢᠯ ᠤᠨ ᠨᠢᠭᠡᠨ ᠪᠢᠯᠡ᠃            ᠲᠡᠷᠡ 2001 ᠤᠨ ᠳᠤ ᠶᠠᠫᠤᠨ ᠤᠯᠤᠰ ᠤᠨ ᠠᠮᠠᠭᠠᠰᠠᠺᠢ ᠬᠤᠳᠠ ᠶᠢᠨ ᠤᠯᠠᠠ ᠤᠯᠤᠰ ᠤᠨ ᠶᠠᠫᠤᠨ ᠭᠡᠯᠡᠡ ᠤ ᠰᠤᠷᠭᠠᠭᠤᠯᠢ ᠳᠤ ᠰᠤᠷᠤᠯᠴᠠᠨ᠂ ᠬᠥᠭᠵᠢᠭᠰᠡᠡ‌ᠬᠠᠷᠢ ᠤᠯᠤᠰ ᠤᠨ ᠲᠥᠷᠭᠡᠨ ᠠᠶᠢᠵᠠᠮ ᠳᠤ  ᠬᠤᠷᠳᠤᠴᠡ ᠪᠠᠨ ᠨᠡᠶᠢᠯᠡᠬᠦᠯᠵᠤ᠂ ᠠᠶᠠᠠ ᠤ ᠬᠠᠳᠠᠭᠤ ᠵᠠᠮ ᠳᠤ ᠰᠡᠳᠬᠢᠯ ᠤᠨ ᠳᠡᠩᠭᠡᠭᠡ ᠵᠢᠷᠤᠭᠡᠨ ᠲᠠᠮᠢᠷ ᠢᠶᠠᠨ ᠰᠢᠪᠬᠠᠵᠤ᠂ ᠬᠠᠯᠠ ᠶᠢ ᠲᠤᠭᠤᠯᠵᠤ᠂ ᠪᠡᠶ᠎ᠠ ᠪᠠᠨ ᠳᠠᠭᠠᠭᠠᠬᠤ ᠴᠢᠳᠠᠪᠤᠷᠢ ᠪᠠᠨ ᠨᠡᠮᠡᠭᠳᠡᠬᠦᠯᠦᠭᠰᠡᠨ ᠪᠠᠶᠢᠨ᠎ᠠ᠃ ᠶᠠᠫᠤᠨ ᠳᠤ ᠪᠠᠶᠢᠬᠤ ᠳᠠᠭᠠᠨ ᠵᠢᠶᠦ᠋ᠤ ᠵᠸᠤ ᠬᠤᠳᠠ ᠶᠢᠨ ︽ᠴᠢᠩᠬᠢᠰ ᠬᠠᠭᠠᠠ ᠮᠤᠩᠭᠤᠯ ᠬᠤᠭᠤᠯᠠᠠ ᠭᠡᠷ︾ ᠬᠢᠵᠠᠭᠠᠷᠳᠤ ᠺᠤᠮᠫᠠᠨᠢ ᠳᠤ ᠲᠠᠪᠤᠨ ᠵᠢᠯ ᠲᠤᠭᠤᠭᠠᠴᠢ ᠪᠠᠷ ᠠᠵᠢᠯᠯᠠᠠ᠂ ᠶᠠᠫᠤᠨ ᠬᠤᠭᠤᠯᠠ᠂ ᠮᠤᠩᠭᠤᠯ ᠬᠤᠭᠤᠯᠠ ᠪᠥᠬᠦᠨ ᠢ ᠬᠢᠵᠤ ᠰᠤᠷᠴᠡᠢ᠃ ᠰᠡᠬᠦᠯᠡᠷ ᠨᠢ ᠭᠡᠷ ᠤᠨ ᠬᠥᠮᠦᠰ ᠲᠠᠢ ᠪᠠᠨ ᠬᠠᠮᠳᠤ ᠪᠠᠶᠢᠯᠴᠠᠬᠤ ᠶᠢᠨ ᠲᠥᠯᠦᠭᠡ᠂ ᠠᠯᠠᠱᠠ ᠨᠤᠳᠤᠭ ᠲᠠᠭᠠᠨ ᠬᠠᠷᠢᠵᠤ ᠢᠷᠡᠭᠡᠳ ᠤᠶᠢᠯᠡᠰ ᠡᠷᠬᠢᠯᠡᠵᠡᠢ᠃            ᠬᠠᠮᠤᠭ ᠠᠩᠬ᠎ᠠ ᠬᠤᠷᠢᠨ ᠲᠥᠮᠡᠡ ᠲᠥᠬᠦᠷᠢᠭ ᠤᠨ ᠪᠡᠯᠡ ᠤᠷᠤᠭᠤᠯᠤᠨ ︽ᠱᠤᠸᠠᠩ ᠶᠢᠩ ᠲᠡᠷᠭᠡ ᠭᠤᠸᠠᠵᠢᠭᠤᠯᠬᠤ ᠭᠠᠵᠠᠷ︾ ᠭᠠᠷᠭᠠᠵᠡᠢ᠃ ᠬᠤᠶᠠᠷ ᠵᠢᠯ ᠡᠷᠬᠢᠯᠡᠭᠡᠳ ᠠᠷᠠᠯᠵᠢᠶ᠎ᠠ ᠮᠠᠶᠢᠮᠠᠢ ᠳᠠᠮᠠᠢ ᠰᠠᠶᠢᠨ ᠥᠬᠡᠢ  ᠪᠤᠯᠬᠤᠷ ᠡᠬᠦᠳᠡ ᠪᠠᠨ ᠬᠠᠭᠠᠪᠠ᠃ 2014 ᠤᠨ ᠳᠤ ᠪᠠᠶᠠᠷ ᠥᠪᠠᠷ ᠤᠨ ᠲᠤᠷ᠎ᠠ ᠪᠠᠭ᠋ᠠᠳᠠᠢ ᠬᠤᠭᠤᠯᠠᠠ ᠭᠡᠷ ᠤᠨ ᠠᠵᠤ ᠤᠢᠢᠯᠡᠰ ᠡᠷᠬᠢᠯᠡᠬᠦ ᠪᠠᠷ᠂ ᠴᠠᠭᠠᠨ ᠲᠡᠮᠡᠭᠡ ᠲᠠᠢ ᠲᠤᠨᠤᠯᠵᠢᠨ ᠵᠠᠮ ᠤᠨ ᠤᠶᠢᠷ᠎ᠠ ᠬᠠᠪᠢ ᠪᠠᠷ ᠭᠡᠷ ᠲᠥᠷᠢᠶᠠᠰᠤᠯᠠᠠ᠂ 10 ᠲᠥᠮᠡᠡ ᠲᠥᠬᠦᠷᠢᠭ ᠤᠨ ᠪᠡᠯᠡ ᠮᠥᠡᠭᠬᠦ ᠤᠷᠤᠭᠤᠯᠵᠤ ︽ ᠶᠢᠨ ᠴᠠᠩ︾ ᠮᠤᠩᠭᠤᠯ ᠬᠤᠭᠤᠯᠠᠠ ᠭᠡᠷ ᠢ ᠡᠷᠬᠢᠯᠡᠵᠦ᠂ ᠬᠤᠭᠤᠯᠠᠠ ᠭᠡᠷ ᠡᠷᠬᠢᠯᠡᠬᠦ ᠠᠷᠭ᠎ᠠ ᠲᠤᠷᠰᠢᠯᠭ᠎ᠠ ᠬᠤᠷᠠᠮᠳᠤᠭᠤᠯᠤᠨ᠂ ᠬᠤᠭᠤᠯᠠ ᠵᠠᠭᠤᠰᠢ ᠶᠢᠨ ᠠᠮᠳᠠ ᠰᠢᠮᠳᠡ ᠨᠢ ᠪᠤᠰᠤᠳ ᠤᠨ ᠰᠠᠶᠢᠨ ᠥᠨᠡᠯᠡᠯᠳᠡ ᠶᠢ ᠤᠯᠤᠭᠰᠠᠨ ᠢᠶᠠᠷ ᠬᠤᠭᠤᠯᠠᠨ ᠬᠡᠷ ᠢᠶᠠᠨ ᠶᠡᠭᠡᠰᠬᠡᠬᠦ ᠪᠠᠷ ᠵᠤᠷᠢᠭ ᠰᠢᠭᠤᠳᠴᠡᠢ᠃ ᠢᠩᠬᠢᠭᠡᠳ 2017 ᠤᠨ ᠳᠤ 40 ᠲᠥᠮᠡᠡ ᠲᠥᠬᠦᠷᠢᠭ ᠤᠨ ᠪᠡᠯᠡ ᠤᠷᠤᠭᠤᠯᠵᠤ ᠤᠳᠤ ᠶᠢᠨ ᠲᠥᠷᠪᠡᠳᠤᠭᠡᠷ ᠲᠤᠮᠳᠠᠳᠤ ᠰᠤᠷᠭᠠᠭᠤᠯᠢ ᠶᠢᠨ ᠡᠮᠦᠨ᠎ᠠ ᠲᠠᠯ᠎ᠠ ᠳᠤ ᠪᠠᠶᠢᠷᠢᠯᠠᠭ᠎ᠠ 600 ᠲᠡᠭᠰᠢ ᠲᠥᠷᠪᠡᠯᠵᠢᠨ‌ᠮᠧᠲᠷ ᠤᠨ ᠳᠠᠯᠠᠪᠠᠢ ᠪᠦᠬᠦᠢ ᠬᠤᠶᠠᠷ ᠲᠠᠪᠬᠤᠷ ᠠᠰᠠᠷ ᠢ ᠲᠥᠷᠢᠶᠠᠰᠤᠯᠠᠠ ᠠᠪᠴᠤ᠂ ︽ ᠶᠢᠨ ᠬᠤᠤ ᠠᠷᠢᠬᠢᠨ ᠳᠠᠬᠳᠤ︾ ᠭᠡᠬᠦ ᠨᠡᠯᠢᠶᠠᠳ ᠲᠤᠮᠤ ᠭᠡᠪᠴᠢᠶᠠᠨ ᠤ ᠬᠤᠭᠤᠯᠠᠠ ᠭᠡᠷ ᠡᠷᠬᠢᠯᠡᠭᠰᠡᠨ ᠪᠠᠶᠢᠨ᠎ᠠ᠃ ᠤᠳᠤ ᠮᠤᠩᠭᠤᠯ ᠤᠨᠴᠠᠯᠢᠬ ᠲᠠᠢ ᠬᠤᠷᠬᠤᠬ᠂ ᠪᠠᠩᠰᠢ᠂ ᠲᠤᠯᠭ᠎ᠠ ᠴᠠᠢ ᠁ ᠢᠷᠭᠡᠨ‌ᠤᠨᠴᠠᠯᠢᠬ ᠲᠠᠢ ᠬᠠᠭᠤᠷᠤᠯᠭ᠎ᠠ ᠬᠠᠭᠠᠷᠢᠯᠭ᠎ᠠ ᠵᠡᠷᠭᠡ ᠤᠯᠠᠠ ᠲᠥᠷᠦᠯ ᠤᠨ ᠬᠤᠭᠤᠯᠠ ᠤᠮᠳᠠ ᠶᠢ ᠪᠠᠵᠠᠭᠠᠵᠤ᠂ ᠰᠢᠯᠢᠳᠡᠭ ᠰᠠᠶᠢᠨ ᠤᠢᠢᠯᠡᠴᠢᠯᠡᠭᠡ ᠪᠠᠷ ᠢᠶᠠᠨ ᠤᠯᠠᠠ ᠤ ᠢᠳᠡᠭᠡᠯ ᠢ ᠤᠯᠤᠬᠰᠠᠠ ᠠᠵᠢ᠃            ᠬᠥᠮᠦᠰ ᠤᠨ ᠠᠮᠢᠳᠤᠷᠠᠯ ᠤᠨ ᠬᠢᠷᠢ ᠲᠦᠪᠰᠢᠨ ᠲᠡᠭᠡᠭᠰᠢᠯᠡᠭᠰᠡᠨ ᠠᠴᠠ ᠬᠤᠭᠤᠯᠠ ᠵᠠᠭᠤᠰᠢ ᠢᠳᠡᠬᠦ ᠳᠡᠭᠡᠨ ᠴᠤ ᠭᠤᠸ᠎ᠠ ᠰᠠᠶᠢᠬᠠᠠ ᠤᠷᠴᠢᠨ ᠲᠤᠭᠤᠷᠢᠨ ᠢ ᠬᠥᠭᠡᠭᠡᠴᠡᠯᠳᠤᠳᠡᠭ ᠪᠤᠯᠤᠭᠰᠠᠨ ᠢ ᠠᠵᠢᠵᠦ ᠮᠡᠳᠡᠭᠰᠡᠨ ᠪᠠᠶᠠᠷ ᠬᠤᠶᠠᠷ ᠵᠢᠯ ᠳᠤ ᠨᠢᠭᠡ ᠤᠳᠠᠭ᠎ᠠ ᠭᠡᠷᠡᠮ ᠬᠠᠨ᠎ᠠ ᠪᠠᠨ ᠰᠢᠨᠡᠳᠭᠡᠨ ᠭᠤᠸᠠᠯᠢᠬᠵᠢᠭᠤᠯᠵᠤ᠂ ᠰᠢᠷᠡᠭᠡ ᠰᠠᠨᠳᠠᠯᠢ ᠪᠠᠨ ᠴᠤ ᠰᠢᠨᠡᠳᠭᠡᠨ 10 — 30 ᠬᠥᠮᠦᠨ ᠪᠠᠭᠳᠠᠬᠤ ᠪᠠᠭ᠎ᠠ᠂ ᠲᠤᠮᠳᠠ᠂ ᠲᠤᠮᠤ ᠭᠡᠯᠪᠡᠷᠢ ᠶᠢᠨ ᠵᠤᠴᠢᠨ ᠤ ᠥᠷᠦᠭᠡ ᠲᠤᠬᠢᠷᠠᠭᠤᠯᠤᠭᠰᠠᠨ ᠪᠠᠶᠢᠨ᠎ᠠ᠃            ︽ᠡᠳᠡᠨ ᠤ ᠬᠤᠭᠤᠯᠠᠠ ᠭᠡᠷ ᠤᠨ ᠬᠤᠭᠤᠯᠠ ᠵᠠᠭᠤᠰᠢ ᠶᠢᠨ ᠠᠮᠳᠠ ᠰᠢᠮᠳᠡ ᠨᠢ ᠪᠠᠶᠠᠨᠬᠤᠳᠠ ᠶᠢᠨ ᠭᠡᠳᠤᠨ ᠮᠤᠩᠭᠤᠯ ᠬᠤᠭᠤᠯᠠᠠ ᠭᠡᠷ ᠤᠨ ᠲᠡᠷᠢᠬᠦᠨ ᠪᠠᠶᠢᠷᠢᠨ ᠳᠤ ᠪᠠᠶᠢᠨ᠎ᠠ ᠬᠡᠵᠦ ᠪᠢ ᠪᠤᠳᠤᠳᠠᠭ᠃ ᠨᠤᠭᠤᠭ᠎ᠠ ᠵᠠᠭᠤᠰᠢ ᠨᠢ ᠮᠠᠰᠢ ᠰᠠᠶᠢᠬᠠᠠ ᠠᠮᠳᠠ ᠲᠠᠢ᠂ ᠮᠢᠬ᠎ᠠ ᠨᠢ ᠴᠤ ᠪᠦᠷ ᠬᠤᠶᠢᠳᠤ ᠪᠡᠶ᠎ᠡ ᠶᠢᠨ ᠬᠥᠳᠡᠭᠡ ᠶᠢᠨ ᠮᠠᠯ ᠤᠨ ᠮᠢᠬ᠎ᠠ ᠶᠢ ᠭᠡᠷᠡᠭᠯᠡᠳᠡᠭ ᠪᠤᠯᠬᠤᠷ ᠪᠢᠳᠡ ᠰᠠᠨᠠᠭ᠎ᠠ ᠠᠮᠤᠷ ᠢᠳᠡᠵᠦ᠂ ᠵᠢᠯ ᠴᠠᠭᠠᠠ ᠰᠠᠷ᠎ᠠ᠂ ᠪᠠᠶᠠᠷ ᠲᠤᠷᠠᠰᠬᠠᠯ ᠤᠨ ᠡᠳᠦᠷ ᠲᠥᠷᠦᠯ ᠰᠠᠳᠤᠨ ᠲᠠᠢ ᠪᠠᠨ ᠪᠠᠶᠢᠡᠭᠭᠤ ᠶᠢᠨ ᠬᠤᠤ ᠬᠤᠭᠤᠯᠠᠠ ᠭᠡᠷ ᠲᠤ ᠢᠷᠡᠳᠡᠭ ᠰᠢᠤ︾ ᠭᠡᠵᠤ ᠵᠤᠴᠢᠨ ᠪᠤᠷᠤᠬᠦᠦ ᠰᠤᠷᠪᠤᠯᠵᠢᠯᠠᠬᠴᠢ ᠳᠤ ᠶᠠᠷᠢᠯ᠎ᠠ᠃      ᠪᠠᠶᠠᠷ ᠠᠯᠪᠠᠨ ᠭᠡᠷ ᠲᠤ ᠰᠠᠭᠤᠵᠤ ᠤᠯᠤᠰ ᠤᠨ ᠠᠯᠪᠠᠳᠠᠨ ᠪᠤᠯᠤᠬᠰᠠᠠ ᠥᠬᠡᠢ ᠪᠤᠯᠪᠠᠴᠤ᠂ ᠥᠪᠡᠷ ᠤᠨ ᠢᠶᠠᠨ ᠬᠠᠮᠤᠬ ᠤᠨ ᠲᠤᠷᠠᠳᠠᠢ ᠠᠵᠤ ᠤᠢᠢᠯᠡᠰ ᠢᠶᠠᠨ ᠡᠷᠬᠢᠯᠡᠡ᠂ ᠵᠢᠯ ᠳᠡᠭᠡᠨ ᠲᠠᠪᠢᠭᠠᠳ ᠲᠥᠮᠡᠡ  ᠲᠥᠬᠦᠷᠢᠭ ᠤᠨ ᠴᠡᠪᠡᠷ ᠤᠷᠤᠯᠭ᠎ᠠ ᠡᠬᠦᠳᠴᠤ᠂ ᠳᠠᠪᠠᠳᠠᠢ ᠰᠠᠶᠢᠬᠠᠠ ᠠᠮᠢᠳᠤᠷᠠᠵᠤ᠂ ᠵᠠᠯᠠᠭᠤᠴᠤᠳ ᠢᠳᠡᠷᠴᠤᠳ ᠤᠨ ᠲᠤᠮᠳᠠ ᠪᠠᠨ ᠪᠠᠶ᠎ᠠ ᠪᠠᠨ ᠲᠠᠭᠠᠭᠠᠵᠤ ᠤᠶᠢᠯᠡᠰ ᠪᠤᠰᠬᠠᠭᠰᠠᠨ ᠳᠠᠭᠤᠷᠢᠶᠠᠯ ᠪᠤᠯᠵᠤ᠂ ᠠᠮᠢᠳᠤᠷᠠᠯ ᠳᠠᠭᠠᠨ ᠡᠵᠡᠨ ᠨᠢ ᠪᠤᠯᠵᠤ ᠵᠢᠷᠭᠠᠨ᠎ᠠ᠃  
 
ᠢᠷᠡᠯᠲᠡ᠄ ᠠᠯᠠᠱᠠ ᠶᠢᠨ ᠮᠤᠩᠭᠤᠯ ᠰᠦᠯᠵᠢᠶ᠎ᠠ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号