ᠦᠢᠷ᠎ᠠ ᠶᠢᠨ ᠵᠢᠯ ᠠᠴᠠ ᠨᠠᠰᠢ᠂ ᠤᠯᠤᠰ ᠠᠴᠠ ᠬᠦᠦ ᠮᠦᠩᠭᠦ ᠶᠢᠨ ᠲᠦᠷᠦ ᠶᠢᠨ ᠪᠤᠳᠤᠯᠭ᠎ᠠ ᠳᠤ | ᠲᠤᠬᠢᠷᠠᠭᠤᠯᠤᠯᠳᠠ ᠬᠢᠭᠰᠡᠨ ᠠᠴᠠ ᠪᠤᠯᠵᠦ ᠮᠠᠯᠴᠢᠳ ᠪᠠᠭ᠎ᠠ ᠨᠤᠷᠮ᠎ᠠ ᠶᠢᠨ ᠢᠳᠡᠭᠡᠮᠵᠢ ᠶᠢᠨ ᠵᠢᠭᠡᠯᠡᠯᠭᠡ ᠤᠯᠬᠤ ᠳᠤ | ᠬᠦᠴᠢᠷᠳᠡᠭᠰᠡᠨ ᠤ ᠲᠡᠭᠡᠷ᠎ᠡ ᠮᠠᠯᠵᠢᠬᠤ ᠤᠷᠤᠨ ᠢᠶᠠᠷ ᠬᠤᠷ᠎ᠠ ᠪᠤᠷᠤᠭᠠᠨ ᠲᠡᠭᠰᠢ ᠦᠭᠡᠢ᠂ ᠭᠠᠩ ᠭᠠᠴᠢᠭ ᠬᠡᠴᠡᠭᠦᠳᠡᠵᠦ | ᠂ ᠮᠠᠯ ᠤᠨ ᠠᠰᠢᠭ ᠰᠢᠮ᠎ᠡ ᠶᠢᠨ ᠦᠨ᠎ᠡ ᠬᠠᠩᠰᠢ ᠪᠠᠭᠤᠷᠠᠭᠰᠠᠨ ᠵᠡᠷᠭᠡ ᠠᠴᠠ ᠰᠢᠯᠳᠠᠭᠠᠯᠠᠭᠳᠠᠵᠦ᠂ ᠢᠷᠭᠡᠨ ᠤ | ᠬᠤᠭᠤᠷᠤᠨᠳᠤᠬᠢ ᠵᠢᠭᠡᠯᠡᠯᠭᠡ ᠶᠢᠨ ᠠᠵᠢᠯᠯᠠᠭ᠎ᠠ ᠵᠢᠯ ᠠᠴᠠ ᠵᠢᠯ ᠤᠯᠠᠰᠢᠷᠠᠭᠰᠠᠨ ᠪᠠᠶᠢᠨ᠎ᠠ᠃ | ᠨᠢᠭᠡ᠂ ᠵᠠᠭᠠᠯᠳᠤᠭᠳᠠᠭᠴᠢ ᠨᠢ ᠦᠨᠡᠨᠬᠦ ᠵᠤᠭᠤᠰ ᠮᠦᠩᠭᠦ ᠡᠳ᠋ ᠬᠦᠷᠦᠩᠭᠡ ᠦᠭᠡᠢ ᠠᠴᠠ ᠪᠤᠯᠵᠦ | ᠵᠢᠭᠡᠯᠡᠭᠰᠡᠨᠵᠤᠭᠤᠰ ᠢᠶᠠᠨ ᠪᠤᠴᠠᠭᠠᠵᠦ ᠴᠢᠳᠠᠬᠤ ᠦᠭᠡᠢ᠃ | ᠬᠤᠶᠠᠷ᠂ ᠵᠠᠭᠠᠯᠳᠤᠭᠳᠠᠭᠴᠢ ᠨᠢ ᠵᠠᠭᠠᠯᠳᠤᠭᠴᠢ ᠳᠤ ᠵᠤᠭᠤᠰ ᠵᠢᠭᠡᠯᠡᠭᠰᠡᠨ ᠭᠡᠷᠡᠴᠢ ᠪᠢᠴᠢᠵᠦ ᠦᠭᠭᠦᠭᠰᠡᠨ | ᠪᠤᠯᠪᠠᠴᠤ ᠡᠯᠳᠡᠪ ᠤᠨ ᠰᠢᠯᠳᠠᠭᠠᠨ ᠠᠴᠠ ᠪᠤᠯᠵᠦ ᠵᠢᠭᠡᠯᠡᠭᠰᠡᠨ ᠵᠤᠭᠤᠰ ᠢᠶᠠᠨ ᠠᠪᠤᠭᠰᠠᠨ ᠦᠭᠡᠢ᠂ ᠵᠤᠭᠤᠰ ᠵᠢᠭᠡᠯᠡᠭᠰᠡᠨ | ᠭᠡᠷᠡᠴᠢ ᠪᠠᠶᠢᠪᠠᠴᠤ ᠵᠤᠭᠤᠰ ᠵᠢᠭᠡᠯᠡᠭᠰᠡᠨ ᠪᠤᠳᠠᠳᠤ ᠤᠴᠢᠷ ᠡᠭᠦᠰᠦᠭᠰᠡᠨ ᠦᠭᠡᠢ᠃ | ᠭᠤᠷᠪᠠ᠂ ᠵᠢᠭᠡᠯᠡᠯᠭᠡ ᠶᠢᠨ ᠬᠤᠭᠤᠴᠠᠭ᠎ᠠ ᠬᠡᠳᠦ ᠤᠷᠳᠤᠳᠠᠭᠰᠠᠨ ᠠᠴᠠ ᠪᠤᠯᠵᠦ ᠦᠷᠢ ᠦᠭᠴᠡᠭᠡ ᠲᠤᠳᠤᠷᠬᠠᠢ | ᠦᠭᠡᠢ ᠪᠤᠯᠤᠭᠰᠠᠨ᠃ | ᠲᠦᠷᠪᠡ᠂ ᠪᠠᠳᠤᠯᠠᠭᠴᠢ ᠶᠢᠨ ᠪᠠᠳᠤᠯᠠᠬᠤ ᠬᠤᠭᠤᠴᠠᠭᠠᠨ ᠳᠤ ᠦᠷᠢ ᠪᠠᠨ ᠨᠡᠬᠡᠭᠰᠡᠨ ᠪᠤᠯᠪᠠᠴᠤ ᠦᠷᠢ ᠨᠡᠬᠡᠵᠦ | ᠦᠩᠭᠡᠷᠡᠭᠰᠡᠨ ᠭᠡᠷᠡᠴᠢ ᠪᠠᠷᠢᠮᠳᠠ ᠦᠭᠡᠢ᠃ | ᠲᠠᠪᠦ᠂ ᠪᠠᠷᠢᠴᠠᠭᠠᠨ ᠤ ᠪᠤᠳᠠᠰ ᠤᠨ ᠲᠤᠬᠠᠶᠢᠳᠠᠢ ᠬᠡᠯᠡᠯᠴᠡᠵᠦ ᠲᠤᠭᠳᠠᠭᠰᠠᠨ ᠪᠤᠯᠪᠠᠴᠤ ᠪᠠᠷᠢᠴᠠᠭᠠᠯᠠᠬᠤ ᠪᠦᠷᠢᠨ | ᠭᠦᠢᠴᠡᠳᠭᠡᠯ ᠭᠢᠭᠰᠡᠨ ᠦᠭᠡᠢ᠃ | ᠵᠢᠷᠭᠤᠭ᠎ᠠ᠂ ᠵᠢᠭᠡᠯᠡᠯᠭᠡ ᠶᠢᠨ ᠭᠡᠷᠡᠴᠢ ᠪᠢᠴᠢᠬᠦ ᠳᠡᠭᠡᠨ ᠡᠬᠡ ᠮᠦᠩᠭᠦ ᠬᠦᠦ ᠮᠦᠩᠭᠦ ᠬᠤᠶᠠᠷ ᠢ ᠬᠠᠮᠳᠦ ᠳᠤᠨᠢ | ᠨᠡᠮᠡᠵᠦ ᠪᠢᠴᠢᠭᠡᠳ ᠬᠦᠦ ᠮᠦᠩᠭᠦ ᠠᠪᠬᠤ ᠪᠠᠷ ᠰᠠᠨᠠᠭᠠᠴᠢᠯᠠᠵᠦ ᠪᠠᠶᠢᠬᠤ᠃ | ᠲᠤᠯᠤᠭ᠎ᠠ᠂ ᠬᠤᠶᠠᠷ ᠲᠠᠯ᠎ᠠ ᠪᠠᠷ ᠢᠶᠠᠨ ᠬᠦᠦ ᠮᠦᠩᠭᠦ ᠶᠢᠨ ᠲᠤᠬᠠᠶᠢᠳᠠᠢ ᠬᠡᠯᠡᠯᠴᠡᠵᠦ ᠲᠤᠭᠳᠠᠭᠰᠠᠨ ᠪᠤᠯᠪᠠᠴᠤ | ᠭᠡᠷᠡᠴᠢ ᠪᠢᠴᠢᠭ ᠲᠡᠭᠡᠨ ᠲᠤᠳᠤᠷᠬᠠᠶᠢᠯᠠᠨ ᠪᠢᠴᠢᠭᠰᠡᠨ ᠦᠭᠡᠢ᠃ | ᠨᠠᠢᠮᠠ᠂ ᠰᠢᠨ᠎ᠡ ᠭᠡᠷᠡᠴᠢ ᠭᠠᠷᠭᠠᠵᠦ ᠦᠭᠭᠦᠭᠡᠳ ᠤᠤᠯ ᠤᠨ ᠭᠡᠷᠡᠴᠢ ᠪᠠᠨ ᠪᠤᠴᠠᠭᠠᠵᠦ ᠠᠪᠤᠭᠰᠠᠨ ᠦᠭᠡᠢ᠃ | ᠶᠢᠰᠦ᠂ ᠵᠢᠭᠡᠯᠡᠭᠰᠡᠨ ᠵᠤᠭᠤᠰ ᠢᠶᠠᠨ ᠪᠤᠴᠠᠭᠠᠭᠰᠠᠨ ᠪᠤᠯᠪᠠᠴᠤ ᠵᠢᠭᠡᠯᠡᠭᠦᠯᠦᠭᠴᠢ ᠪᠠᠷ ᠵᠤᠭᠤᠰ ᠬᠤᠷᠢᠶᠠᠨ | ᠤᠯᠤᠭᠰᠠᠨ ᠭᠡᠷᠡᠴᠢ ᠪᠢᠴᠢᠭᠦᠯᠦᠭᠰᠡᠨ ᠦᠭᠡᠢ᠃ | ᠲᠡᠭᠡᠷ᠎ᠡ ᠶᠠᠷᠢᠭᠰᠠᠨ ᠬᠡᠳᠦᠨ ᠠᠰᠠᠭᠤᠳᠠᠯ ᠨᠢ ᠤᠳᠤᠬᠠᠨ ᠤ ᠢᠷᠭᠡᠨ ᠤ ᠬᠤᠭᠤᠷᠤᠨᠳᠤᠬᠢ ᠵᠢᠭᠡᠯᠡᠯᠭᠡ ᠶᠢᠨ | ᠵᠢᠭᠤᠷᠭᠠᠨ ᠳᠤ ᠦᠷᠭᠦᠯᠵᠢ ᠤᠷᠤᠰᠢᠵᠦ ᠪᠠᠶᠢᠭ᠎ᠠ ᠮᠦᠷᠳᠡᠭᠡᠨ ᠵᠢᠭᠡᠯᠡᠯᠭᠡ ᠶᠢᠨ ᠬᠤᠶᠠᠷ ᠲᠠᠯ᠎ᠠ ᠶᠢᠨ ᠲᠤᠬᠠᠢ ᠶᠢᠨ | ᠬᠦᠮᠦᠨ ᠤ ᠠᠰᠢᠭ ᠲᠤᠰᠠ ᠲᠠᠢ ᠰᠢᠭᠤᠳ ᠬᠤᠯᠪᠤᠭᠳᠠᠯᠳᠠᠢ᠃ ᠮᠠᠯᠴᠢᠨ ᠲᠦᠮᠡᠨ ᠮᠢᠨᠢ ᠢᠷᠭᠡᠨ ᠤ ᠬᠤᠭᠤᠷᠤᠨᠳᠤᠬᠢ | ᠵᠢᠭᠡᠯᠡᠯᠭᠡ ᠶᠢᠨ ᠶᠠᠪᠤᠴᠠ ᠳᠠᠭᠠᠨ ᠲᠡᠭᠡᠷᠡᠬᠢ ᠬᠡᠳᠦᠨ ᠠᠰᠠᠭᠤᠳᠠᠯ ᠢ ᠰᠡᠳᠬᠢᠯ ᠳᠡᠭᠡᠨ ᠰᠢᠩᠭᠡᠭᠡᠵᠦ᠂ ᠦᠪᠡᠷ ᠤᠨ ᠡᠷᠬᠡ | ᠠᠰᠢᠭ ᠢᠶᠠᠨ ᠬᠠᠮᠠᠭᠠᠯᠠᠵᠦ ᠶᠠᠪᠤᠭᠠᠷᠠᠢ︕ | ᠨᠢᠭᠡ᠂ ᠵᠢᠭᠡᠯᠡᠯᠭᠡ ᠶᠢᠨ ᠭᠡᠷᠡᠴᠢ ᠪᠢᠴᠢᠭᠡᠳ ᠵᠤᠭᠤᠰ ᠢᠶᠠᠨ ᠠᠪᠤᠭᠰᠠᠨ ᠦᠭᠡᠢ ᠪᠤᠯ ᠲᠡᠷᠡ ᠲᠠᠷᠦᠢ ᠳᠤᠨᠢ | ᠵᠢᠭᠡᠯᠡᠯᠭᠡ ᠶᠢᠨ ᠭᠡᠷᠡᠴᠢ ᠪᠠᠨ ᠪᠤᠴᠠᠭᠠᠨ ᠠᠪᠤᠭᠠᠷᠠᠢ᠃ | ᠬᠤᠶᠠᠷ᠂ ᠪᠠᠷᠢᠴᠠᠭᠠᠨ ᠤ ᠪᠤᠳᠠᠰ ᠤᠨ ᠲᠤᠬᠠᠶᠢᠳᠠᠢ ᠬᠡᠯᠡᠯᠴᠡᠵᠦ ᠲᠤᠭᠳᠠᠭᠰᠠᠨ ᠪᠤᠯ ᠬᠠᠮᠢᠶ᠎ᠠ ᠪᠦᠬᠦᠢ ᠬᠠᠤᠯᠢ | ᠶᠤᠰᠤᠨ ᠤ ᠭᠠᠷ ᠭᠦᠢᠴᠡᠳᠭᠡᠯ ᠢᠶᠠᠨ ᠬᠢᠵᠦ ᠪᠠᠶᠢᠭᠠᠷᠠᠢ︕ | ᠭᠤᠷᠪᠠ᠂ ᠪᠠᠳᠤᠯᠠᠭᠴᠢ ᠠᠴᠠ ᠦᠷᠢ ᠨᠡᠬᠡᠵᠦ ᠦᠩᠭᠡᠷᠡᠭᠰᠡᠨ ᠪᠤᠯ ᠭᠡᠷᠡᠴᠢ ᠪᠠᠷᠢᠮᠳᠠ ᠦᠯᠡᠳᠡᠭᠡᠬᠦ ᠪᠠᠨ ᠪᠤᠤ | ᠮᠠᠷᠳᠠᠭᠠᠷᠠᠢ︕ | ᠲᠦᠷᠪᠡ᠂ ᠵᠤᠭᠤᠰ ᠵᠢᠭᠡᠯᠡᠭᠰᠡᠨ ᠭᠡᠷᠡᠴᠢ ᠪᠢᠴᠢᠬᠦ ᠳᠡᠭᠡᠨ ᠡᠬᠡ ᠮᠦᠩᠭᠦ ᠬᠢᠭᠡᠳ ᠬᠦᠦ ᠮᠦᠩᠭᠦ ᠶᠢ ᠬᠠᠮᠳᠦ ᠳᠤᠨᠢ | ᠪᠤᠤ ᠪᠢᠴᠢ᠂ ᠬᠠᠷᠢᠨ ᠡᠬᠡ ᠮᠦᠩᠭᠦ ᠪᠠᠨ ᠪᠢᠴᠢᠭᠰᠡᠨ ᠰᠠᠭᠤᠷᠢᠨ ᠲᠡᠭᠡᠷ᠎ᠡ ᠬᠦᠦ ᠮᠦᠩᠭᠦᠨ ᠤ ᠬᠠᠮᠢᠶᠠᠳᠠᠢ | ᠵᠦᠢᠯᠡᠰ ᠢᠶᠠᠨ ᠲᠤᠳᠤᠷᠬᠠᠶᠢᠯᠠᠨ ᠪᠢᠴᠢᠵᠦ ᠪᠠᠶᠢᠭᠠᠷᠠᠢ︕ | ᠲᠠᠪᠦ᠂ ᠰᠢᠨ᠎ᠡ ᠭᠡᠷᠡᠴᠢ ᠪᠢᠴᠢᠭ ᠪᠢᠴᠢᠭᠰᠡᠨ ᠪᠤᠯ ᠤᠤᠯ ᠤᠨ ᠭᠡᠷᠡᠴᠢ ᠪᠢᠴᠢᠭ ᠢᠶᠠᠨ ᠡᠭᠡᠭᠦᠯᠦᠨ ᠠᠪᠬᠤ ᠪᠠᠨ | ᠪᠤᠤ ᠮᠠᠷᠳᠠᠭᠠᠷᠠᠢ︕ | ᠵᠢᠷᠭᠤᠭ᠎ᠠ᠂ ᠵᠤᠭᠤᠰ ᠢᠶᠠᠨ ᠪᠤᠴᠠᠭᠠᠨ ᠦᠭᠭᠦᠭᠰᠡᠨ ᠪᠤᠯ ᠵᠢᠭᠡᠯᠡᠭᠦᠯᠦᠭᠴᠢ ᠪᠠᠷ ᠵᠤᠭᠤᠰ ᠬᠤᠷᠢᠶᠠᠨ ᠤᠯᠤᠭᠰᠠᠨ | ᠭᠡᠷᠡᠴᠢ ᠪᠢᠴᠢᠭᠦᠯᠬᠦ ᠪᠠᠨ ᠴᠡᠭᠡᠵᠢᠯᠡᠵᠦ ᠪᠠᠶᠢᠭᠠᠷᠠᠢ︕ |