ᠠᠷᠢᠶᠠᠳᠠᠨ ᠠᠮᠢᠲᠠᠠ ᠳᠤ ᠬᠠᠵᠠᠭᠳᠠᠵᠦ ᠰᠢᠷᠬᠠᠳᠤᠪᠠᠯ ᠡᠷᠬᠡ ᠠᠰᠢᠭ ᠢᠶᠠᠨ ᠶᠠᠭᠠᠬᠢᠵᠣ ᠬᠠᠮᠠᠭᠠᠯᠠᠬᠤ ᠪᠤᠢ︖
ᠨᠡᠶᠢᠲᠡᠯᠡᠭᠰᠡᠨ ᠴᠠᠭ᠄
2019/5/6
    ᠨᠢᠬᠡ᠂ ᠡᠩ ᠤᠨ ᠪᠠᠶᠢᠳᠠᠯ ᠳᠤ᠂ ᠲᠠ ᠬᠡᠷᠪᠡ ᠪᠤᠰᠤᠳ ᠤᠨ ᠲᠡᠵᠢᠭᠡᠵᠦ ᠪᠠᠶᠢᠭ᠎ᠠ ᠠᠮᠢᠲᠠᠨ ᠳᠤ ᠬᠠᠵᠠᠭᠳᠠᠨ ᠳᠠᠭᠠᠷᠢᠭᠳᠠᠭᠰᠠᠨ ᠠᠴᠠ ᠭᠡᠮᠲᠦᠵᠦ ᠰᠢᠷᠬᠠᠲᠤᠪᠠᠯ᠂ ᠠᠮᠢᠲᠠᠨ ᠢ ᠲᠡᠵᠢᠭᠡᠵᠦ ᠰᠤᠷᠭᠠᠵᠦ ᠪᠠᠶᠢᠭ᠎ᠠ ᠬᠦᠮᠦᠨ ᠪᠤᠶᠤ ᠬᠠᠮᠢᠶᠠᠷᠴᠤ ᠪᠠᠶᠢᠭ᠎ᠠ ᠬᠦᠮᠦᠨ ᠨᠢ ᠡᠷᠡᠭᠡᠯᠵᠡᠭᠡ ᠦᠭᠡᠢ ᠪᠠᠷ ᠬᠠᠷᠢᠭᠤᠴᠠᠯᠭ᠎ᠠ ᠡᠭᠦᠷᠭᠡᠯᠡᠨ᠎ᠠ᠃     ᠬᠤᠶᠠᠷ᠂ ᠬᠤᠬᠢᠷᠠᠯ ᠠᠮᠰᠠᠭᠴᠢ ᠶᠢᠨ ᠦᠪᠡᠷ ᠤᠨ ᠬᠢᠨᠢ ᠰᠢᠯᠲᠠᠭᠠᠨ ᠠᠴᠠ ᠪᠤᠯᠤᠭᠰᠠᠨ ᠬᠠᠷᠢᠭᠤᠴᠠᠯᠭ᠎ᠠ︔ ᠵᠢᠱᠢᠶᠡᠯᠡᠪᠡᠯ᠂ ᠲᠠ ᠬᠡᠷᠪᠡ ᠵᠤᠷᠢᠭᠤᠳᠠ ᠪᠤᠰᠤᠳ ᠤᠨ ᠨᠤᠬᠠᠢ ᠶᠢ ᠦᠳᠦᠭᠡᠵᠦ ᠪᠠᠶᠢᠭᠠᠳ ᠬᠤᠬᠢᠷᠠᠯ ᠠᠮᠰᠠᠪᠠᠯ ᠠᠮᠢᠲᠠᠨ ᠢ ᠲᠡᠵᠢᠭᠡᠵᠦ ᠰᠤᠷᠭᠠᠵᠦ ᠪᠠᠶᠢᠭ᠎ᠠ ᠬᠦᠮᠦᠨ ᠪᠤᠶᠤ ᠬᠠᠮᠢᠶᠠᠷᠴᠤ ᠪᠠᠶᠢᠭ᠎ᠠ ᠬᠦᠮᠦᠨ ᠨᠢ ᠬᠠᠷᠢᠭᠤᠴᠠᠯᠭ᠎ᠠ ᠦᠯᠦ ᠡᠭᠦᠷᠭᠡᠯᠡᠬᠦ ᠪᠤᠶᠤ ᠬᠠᠷᠢᠭᠤᠴᠠᠯᠭ᠎ᠠ ᠶᠢ ᠬᠦᠡᠭᠭᠡᠨ ᠡᠭᠦᠷᠭᠡᠯᠡᠨ᠎ᠠ᠃ ︽ᠡᠷᠬᠡ ᠳᠤ ᠬᠠᠯᠳᠠᠭᠰᠠᠨ ᠬᠠᠷᠢᠭᠤᠴᠠᠯᠭ᠎ᠠ ᠶᠢᠨ ᠬᠠᠤᠯᠢ︾ ᠶᠢᠨ ᠳᠠᠯᠠᠨ ᠨᠠᠢᠮᠠᠳᠤᠭᠠᠷ ᠵᠦᠢᠯ ᠤᠨ ᠲᠤᠭᠲᠠᠭᠠᠯ ᠳᠤ᠂ ︽ᠲᠡᠵᠢᠭᠡᠪᠦᠷᠢ ᠠᠮᠢᠲᠠᠨ ᠪᠤᠰᠤᠳ ᠲᠤ ᠬᠤᠬᠢᠷᠠᠯ ᠤᠴᠠᠷᠠᠭᠤᠯᠤᠭᠰᠠᠨ ᠪᠠᠶᠢᠪᠠᠯ᠂ ᠠᠮᠢᠲᠠᠨ ᠤ ᠲᠡᠵᠢᠭᠡᠭᠴᠢ ᠪᠤᠶᠤ ᠬᠠᠮᠢᠶᠠᠷᠤᠭᠴᠢ ᠨᠢ ᠡᠷᠬᠡ ᠳᠤ ᠬᠠᠯᠳᠠᠭᠰᠠᠨ ᠬᠠᠷᠢᠭᠤᠴᠠᠯᠭ᠎ᠠ ᠡᠭᠦᠷᠭᠡᠯᠡᠬᠦ ᠬᠡᠷᠡᠭᠲᠠᠢ᠂ ᠭᠡᠪᠡᠴᠤ ᠬᠤᠬᠢᠷᠠᠯ ᠨᠢ ᠡᠷᠬᠡ ᠳᠤ ᠬᠠᠯᠳᠠᠭᠳᠠᠭᠴᠢ ᠶᠢᠨ ᠵᠤᠷᠢᠭᠤᠳᠠ ᠠᠴᠠ ᠪᠤᠶᠤ ᠴᠢᠬᠤᠯᠠ ᠤᠰᠤᠯ ᠠᠴᠠ ᠪᠤᠯᠤᠭᠰᠠᠨ ᠢ ᠭᠡᠷᠡᠴᠢᠯᠡᠵᠦ ᠳᠡᠶᠢᠯᠪᠡᠯ᠂ ᠬᠠᠷᠢᠭᠤᠴᠠᠯᠭ᠎ᠠ ᠡᠭᠦᠷᠭᠡᠯᠡᠬᠦ ᠦᠭᠡᠢ ᠪᠤᠶᠤ ᠬᠠᠷᠢᠭᠤᠴᠠᠯᠭ᠎ᠠ ᠶᠢ ᠨᠢ ᠬᠦᠡᠭᠭᠡᠷᠡᠭᠦᠯᠵᠦ ᠪᠤᠯᠤᠨ᠎ᠠ︾ ᠭᠡᠵᠦ ᠲᠤᠭᠲᠠᠭᠠᠵᠠᠢ᠃     ᠭᠤᠷᠪᠠ᠂ ᠪᠤᠰᠤᠳ ᠬᠦᠮᠦᠨ ᠭᠦᠷᠢᠮ ᠦᠢᠯᠡᠳᠴᠤ ᠠᠮᠢᠲᠠᠨ ᠢ ᠦᠳᠦᠭᠡᠭᠰᠡᠨ ᠠᠴᠠ ᠲᠠ ᠬᠤᠬᠢᠷᠠᠯ ᠠᠮᠰᠠᠪᠠᠯ ᠶᠠᠭᠠᠬᠢᠳᠠᠭ ᠪᠤᠢ︖ ᠵᠢᠱᠢᠶᠡᠯᠡᠪᠡᠯ᠄ ᠵᠡᠷᠭᠡᠯᠡᠳᠡᠭᠡ ᠭᠡᠷ ᠤᠨ A ᠤᠪᠤᠭᠲᠤ ᠠᠴᠠ B ᠤᠪᠤᠭᠲᠤ ᠶᠢᠨ ᠲᠡᠵᠢᠭᠡᠭᠰᠡᠨ ᠨᠤᠬᠠᠢ ᠶᠢ ᠦᠳᠦᠭᠡᠵᠦ ᠬᠠᠯᠳᠠᠭᠰᠠᠨ ᠠᠴᠠ ᠪᠤᠯᠵᠦ ᠲᠠᠨ ᠢ ᠬᠠᠵᠠᠵᠦ ᠰᠢᠷᠬᠠᠳᠤᠭᠤᠯᠤᠭᠰᠠᠨ ᠪᠠᠶᠢᠪᠠᠯ ᠲᠠ B ᠤᠪᠤᠭᠲᠤ ᠶᠢ ᠡᠷᠢᠵᠦ ᠬᠤᠬᠢᠷᠠᠯ ᠢᠶᠠᠨ ᠲᠦᠯᠦᠭᠦᠯᠦᠭᠰᠡᠨ ᠴᠤ ᠪᠤᠯᠤᠨ᠎ᠠ᠂ A ᠤᠪᠤᠭᠲᠤ ᠶᠢ ᠡᠷᠢᠵᠦ ᠬᠤᠬᠢᠷᠠᠯ ᠢᠶᠠᠨ ᠲᠦᠯᠦᠭᠦᠯᠦᠭᠰᠡᠨ ᠴᠤ ᠪᠤᠯᠤᠨ᠎ᠠ᠃ ︽ᠡᠷᠬᠡ ᠳᠤ ᠬᠠᠯᠳᠠᠭᠰᠠᠨ ᠬᠠᠷᠢᠭᠤᠴᠠᠯᠭ᠎ᠠ ᠶᠢᠨ ᠬᠠᠤᠯᠢ︾ ᠶᠢᠨ ᠨᠠᠶᠠᠨ ᠭᠤᠷᠪᠠᠳᠤᠭᠠᠷ ᠵᠦᠢᠯ ᠤᠨ ᠲᠤᠭᠲᠠᠭᠠᠯ ᠳᠤ᠂ ︽ᠠᠮᠢᠲᠠᠨ ᠨᠢ ᠭᠤᠷᠪᠠᠳᠡᠬᠢ ᠬᠦᠮᠦᠨ ᠤ ᠤᠰᠤᠯ ᠠᠴᠠ ᠪᠤᠯᠵᠦ ᠪᠤᠰᠤᠳ ᠲᠤ ᠬᠤᠬᠢᠷᠠᠯ ᠤᠴᠠᠷᠠᠭᠤᠯᠤᠭᠰᠠᠨ ᠪᠠᠶᠢᠪᠠᠯ᠂ ᠡᠷᠬᠡ ᠳᠤ ᠬᠠᠯᠳᠠᠭᠳᠠᠭᠴᠢ ᠨᠢ ᠠᠮᠢᠲᠠᠨ ᠤ ᠲᠡᠵᠢᠭᠡᠭᠴᠢ ᠪᠤᠶᠤ ᠬᠠᠮᠢᠶᠠᠷᠤᠭᠴᠢ ᠠᠴᠠ ᠲᠦᠯᠦᠪᠦᠷᠢ ᠠᠪᠬᠤ ᠪᠠᠷ ᠭᠤᠶᠤᠴᠢᠯᠠᠵᠦ ᠪᠤᠯᠤᠨ᠎ᠠ᠂ ᠭᠤᠷᠪᠠᠳᠡᠬᠢ ᠬᠦᠮᠦᠨ ᠠᠴᠠ ᠲᠦᠯᠦᠪᠦᠷᠢ ᠠᠪᠬᠤ ᠪᠠᠷ ᠭᠤᠶᠤᠴᠢᠯᠠᠭᠰᠠᠨ ᠴᠤ ᠪᠤᠯᠤᠨ᠎ᠠ᠂ ᠠᠮᠢᠲᠠᠨ ᠤ ᠲᠡᠵᠢᠭᠡᠭᠴᠢ ᠪᠤᠶᠤ ᠬᠠᠮᠢᠶᠠᠷᠤᠭᠴᠢ ᠨᠢ ᠬᠤᠬᠢᠷᠠᠯ ᠢ ᠲᠦᠯᠦᠭᠰᠡᠨ ᠤ ᠪᠠᠨ ᠳᠠᠷᠠᠭ᠎ᠠ ᠭᠤᠷᠪᠠᠳᠡᠬᠢ ᠬᠦᠮᠦᠨ ᠢᠶᠠᠷ ᠨᠡᠬᠡᠮᠵᠢᠯᠡᠨ ᠲᠦᠯᠦᠭᠦᠯᠬᠦ ᠡᠷᠬᠡ ᠲᠠᠢ︾ ᠭᠡᠵᠦ ᠲᠤᠭᠲᠠᠭᠠᠪᠠ᠃     ᠲᠦᠷᠪᠡ᠂ ᠲᠡᠵᠢᠭᠡᠬᠦ ᠶᠢ ᠴᠠᠭᠠᠵᠠᠯᠠᠭᠰᠠᠨ ᠠᠶᠤᠯ ᠲᠠᠢ ᠠᠮᠢᠲᠠᠨ ᠬᠤᠬᠢᠷᠠᠯ ᠤᠴᠠᠷᠠᠭᠤᠯᠪᠠᠯ ᠶᠠᠭᠠᠬᠢᠳᠠᠭ ᠪᠤᠢ︖ ᠵᠢᠱᠢᠶᠡᠯᠡᠪᠡᠯ᠄ ᠵᠡᠷᠭᠡᠯᠡᠳᠡᠭᠡ ᠭᠡᠷ ᠤᠨ A ᠤᠪᠤᠭᠲᠤ ᠨᠢᠭᠡᠨ ᠲᠦᠪᠡᠳ ᠭᠠᠷᠵᠢ ᠨᠤᠬᠠᠢ ᠲᠡᠵᠢᠭᠡᠪᠡ᠃ ᠡᠨᠡ ᠭᠠᠷᠵᠢ ᠨᠤᠬᠠᠢ ᠨᠢ ᠳᠠᠷᠤᠢ ᠲᠡᠵᠢᠭᠡᠬᠦ ᠶᠢ ᠴᠠᠭᠠᠵᠠᠯᠠᠭᠰᠠᠨ ᠠᠶᠤᠯ ᠲᠠᠢ ᠠᠮᠢᠲᠠᠨ ᠳᠤ ᠬᠠᠷᠢᠶᠠᠯᠠᠭᠳᠠᠨ᠎ᠠ᠃ ᠬᠡᠷᠪᠡ ᠡᠨᠡ ᠬᠦ ᠲᠦᠪᠡᠳ ᠭᠠᠷᠵᠢ ᠨᠤᠬᠠᠢ ᠨᠢ ᠲᠠᠨ ᠢ ᠳᠠᠭᠠᠷᠢᠨ ᠰᠦᠷᠳᠡᠭᠦᠯᠵᠦ ᠬᠤᠬᠢᠷᠠᠯ ᠠᠮᠰᠠᠭᠤᠯᠬᠤ ᠳᠤ ᠯᠠ ᠬᠦᠷᠪᠡᠯ᠂ ᠲᠠᠨ ᠤ ᠤᠰᠤᠯ ᠠᠯᠳᠠᠭ᠎ᠠ ᠠᠴᠠ ᠪᠤᠯᠤᠭᠰᠠᠨ ᠴᠤ ᠭᠡᠰᠡᠨ A ᠤᠪᠤᠭᠲᠤ ᠠᠴᠠ ᠵᠠᠪᠠᠯ ᠲᠦᠯᠦᠪᠦᠷᠢᠯᠡᠬᠦ ᠬᠠᠷᠢᠭᠤᠴᠠᠯᠭ᠎ᠠ ᠡᠭᠦᠷᠭᠡᠯᠡᠬᠦ ᠬᠡᠷᠡᠭᠳᠡᠢ᠃ ︽ᠡᠷᠬᠡ ᠳᠤ ᠬᠠᠯᠳᠠᠭᠰᠠᠨ ᠬᠠᠷᠢᠭᠤᠴᠠᠯᠭ᠎ᠠ ᠶᠢᠨ ᠬᠠᠤᠯᠢ︾ ᠶᠢᠨ ᠨᠠᠶᠠᠳᠤᠭᠠᠷ ᠵᠦᠢᠯ ᠤᠨ ᠲᠤᠭᠲᠠᠭᠠᠯ ᠳᠤ᠂ ︽ᠲᠡᠵᠢᠭᠡᠬᠦ ᠶᠢ ᠴᠠᠭᠠᠵᠠᠯᠠᠭᠰᠠᠨ ᠳᠤᠭᠰᠢᠨ ᠨᠤᠬᠠᠢ ᠵᠡᠷᠭᠡ ᠠᠶᠤᠯ ᠲᠠᠢ ᠠᠮᠢᠲᠠᠨ ᠪᠤᠰᠤᠳ ᠲᠤ ᠬᠤᠬᠢᠷᠠᠯ ᠤᠴᠠᠷᠠᠭᠤᠯᠤᠭᠰᠠᠨ ᠪᠠᠶᠢᠪᠠᠯ᠂ ᠠᠮᠢᠲᠠᠨ ᠤ ᠲᠡᠵᠢᠭᠡᠭᠴᠢ ᠪᠤᠶᠤ ᠬᠠᠮᠢᠶᠠᠷᠤᠭᠴᠢ ᠨᠢ ᠡᠷᠬᠡ ᠳᠤ ᠬᠠᠯᠳᠠᠭᠰᠠᠨ ᠬᠠᠷᠢᠭᠤᠴᠠᠯᠭ᠎ᠠ ᠡᠭᠦᠷᠭᠡᠯᠡᠬᠦ ᠬᠡᠷᠡᠭᠲᠠᠢ︾ ᠭᠡᠵᠦ ᠲᠤᠭᠲᠠᠭᠠᠪᠠ᠃     ᠲᠠᠪᠤ᠂ ᠳᠡᠨᠤᠬᠦᠯ ᠨᠤᠬᠠᠢ ᠵᠡᠷᠭᠡ ᠡᠵᠡᠨ ᠦᠭᠡᠢ ᠠᠮᠢᠲᠠᠨ ᠬᠤᠬᠢᠷᠠᠯ ᠠᠮᠰᠠᠭᠤᠯᠤᠭᠰᠠᠨ ᠪᠠᠶᠢᠪᠠᠯ ᠶᠠᠭᠠᠬᠢᠳᠠᠭ ᠪᠤᠢ ︖ ᠬᠡᠷᠪᠡ ᠡᠵᠡᠨ ᠦᠭᠡᠢ ᠳᠡᠨᠤᠬᠦᠯ ᠨᠤᠬᠠᠢ ᠲᠠᠨ ᠢ ᠬᠠᠵᠠᠵᠦ ᠰᠢᠷᠬᠠᠳᠤᠭᠤᠯᠤᠭᠰᠠᠨ ᠪᠤᠯ ᠲᠠ ᠦᠪᠡᠷ ᠢ ᠪᠠᠨ ᠠᠵᠠ ᠦᠭᠡᠢ ᠪᠠᠷ ᠬᠠᠵᠠᠭᠳᠠᠵᠦ ᠰᠢᠷᠬᠠᠳᠤᠵᠠᠢ ᠭᠡᠳ ᠦᠡᠭᠭᠡᠷᠡᠭᠦᠯᠴᠢᠬᠡᠵᠦ ᠪᠤᠯᠬᠤ ᠦᠭᠡᠢ᠃ ︵1︶ ᠬᠡᠷᠪᠡ ᠳᠡᠨᠦᠬᠦᠯ ᠨᠤᠬᠠᠢ ᠳᠤ ᠤᠤᠯ ᠳᠠᠭᠠᠨ ᠡᠵᠡᠨ ᠲᠠᠢ ᠪᠤᠯ ᠳᠡᠷᠡ ᠬᠦ ᠡᠵᠡᠨ ᠢ ᠨᠢ ᠡᠷᠢᠵᠦ ᠬᠤᠬᠢᠷᠠᠯ ᠢᠶᠠᠨ ᠲᠦᠯᠦᠭᠦᠯᠪᠡᠯ ᠵᠤᠬᠢᠨ᠎ᠠ᠃ ︵2︶ ᠬᠡᠷᠪᠡ ᠳᠡᠨᠦᠬᠦᠯ ᠨᠤᠬᠠᠢ ᠶᠢᠨ ᠡᠵᠡᠨ ᠢ ᠨᠢ ᠡᠷᠢᠭᠡᠳ ᠤᠯᠤᠭᠰᠠᠨ ᠦᠭᠡᠢ᠂ ᠭᠡᠪᠡᠴᠤ ᠡᠨᠡ ᠬᠦ ᠳᠡᠨᠦᠬᠦᠯ ᠨᠤᠬᠠᠢ ᠶᠢ ᠬᠠᠶᠠ ᠳᠠᠭᠠᠨ ᠲᠡᠵᠢᠭᠡᠳᠡᠭ ᠬᠦᠮᠦᠨ ᠢ ᠨᠢ ᠡᠷᠢᠵᠦ ᠤᠯᠤᠭᠰᠠᠨ ᠪᠠᠶᠢᠪᠠᠯ᠂ ᠡᠭᠦᠷᠭᠡᠯᠡᠬᠦ ᠬᠠᠷᠢᠭᠤᠴᠠᠯᠭ᠎ᠠ ᠳᠤ ᠬᠤᠶᠠᠷ ᠵᠦᠯ ᠤᠨ ᠪᠠᠶᠢᠳᠠᠯ ᠲᠠᠢ᠄ ᠬᠡᠷᠪᠡ ᠳᠡᠨᠦᠬᠦᠯ ᠨᠤᠬᠠᠢ ᠳᠤ ᠦᠷᠭᠦᠯᠵᠢ ᠢᠳᠡᠰᠢ ᠬᠠᠨᠭ᠍ᠭᠠᠭᠰᠠᠨ ᠪᠠᠶᠢᠪᠠᠯ᠂ ᠦᠨᠡᠨ ᠳᠡᠭᠡᠨ ᠡᠨᠡ ᠨᠢ ᠨᠢᠭᠡᠨᠲᠡ ᠨᠢᠭᠡ ᠵᠦᠢᠯ ᠤᠨ ᠤᠨᠴᠠᠭᠠᠢ ᠲᠡᠵᠢᠭᠡᠬᠦ ᠬᠠᠷᠢᠴᠠᠭ᠎ᠠ ᠪᠤᠯᠵᠦ ᠪᠦᠷᠢᠯᠳᠦᠪᠡ᠂ ᠲᠡᠭᠡᠪᠡᠯ ᠲᠡᠵᠢᠭᠡᠭᠴᠢ ᠨᠢ ᠳᠠᠷᠤᠢ ᠬᠠᠮᠢᠶ᠎ᠠ ᠪᠦᠬᠦᠢ ᠬᠠᠷᠢᠭᠤᠴᠠᠯᠭ᠎ᠠ ᠶᠢ ᠡᠷᠬᠡᠪᠰᠢ ᠡᠭᠦᠷᠭᠡᠯᠡᠨ᠎ᠠ ︔ ᠬᠡᠷᠪᠡ ᠳᠡᠨᠦᠬᠦᠯ ᠨᠤᠬᠠᠢ ᠶᠢ ᠵᠦᠪᠬᠡᠨ ᠬᠠᠶᠠ ᠳᠠᠭᠠᠨ ᠪᠤᠶᠤ ᠲᠦᠷ ᠴᠠᠭ ᠲᠡᠵᠢᠭᠡᠭᠰᠡᠨ ᠪᠠᠶᠢᠪᠠᠯ ᠬᠠᠷᠢᠭᠤᠴᠠᠯᠭ᠎ᠠ ᠡᠭᠦᠷᠭᠡᠯᠡᠬᠦ ᠴᠢᠬᠤᠯᠠ ᠦᠭᠡᠢ᠃ ︵3︶ ᠬᠡᠷᠪᠡ ᠲᠠ ᠵᠤᠴᠢᠳ ᠤᠨ ᠪᠠᠭᠤᠳᠠᠯ᠂ ᠬᠤᠳᠠᠯᠳᠤᠭᠠᠨ ᠤ ᠲᠠᠯᠠᠪᠠᠢ᠂ ᠪᠠᠩᠬᠢ᠂ ᠲᠡᠷᠭᠡᠨ ᠦᠷᠲᠡᠭᠡ ᠵᠡᠷᠭᠡ ᠤᠯᠠᠠ ᠨᠡᠶᠢᠲᠡ ᠶᠢᠨ ᠲᠠᠯᠠᠪᠤᠷ ᠲᠤ ᠳᠡᠨᠦᠬᠦᠯ ᠨᠤᠬᠠᠢ ᠶᠢᠨ ᠳᠠᠭᠠᠷᠢᠯᠲᠠ ᠳᠤ ᠤᠴᠠᠷᠠᠭᠰᠠᠨ ᠪᠠᠶᠢᠪᠠᠯ᠂ ᠡᠳᠡᠭᠡᠷ ᠤᠯᠠᠨ ᠨᠡᠶᠢᠲᠡ ᠶᠢᠨ ᠲᠠᠯᠠᠪᠠᠢ ᠶᠢᠨ ᠬᠠᠮᠢᠶᠠᠷᠤᠭᠴᠢ ᠴᠤ ᠬᠤᠯᠪᠤᠭᠳᠠᠯ ᠪᠦᠬᠦᠢ ᠬᠠᠷᠢᠭᠤᠴᠠᠯᠭ᠎ᠠ ᠶᠢ ᠡᠭᠦᠷᠭᠡᠯᠡᠨ᠎ᠠ᠃ ᠵᠢᠱᠢᠶᠡᠯᠡᠪᠡᠯ᠄ ᠲᠠ ᠬᠤᠭᠤᠯᠠᠨ ᠭᠡᠷ ᠲᠤ ᠬᠤᠭᠤᠯᠠ ᠢᠳᠡᠵᠦ ᠪᠠᠶᠢᠲᠠᠯ᠎ᠠ ᠭᠡᠨᠡᠳᠲᠡ ᠳᠡᠨᠦᠬᠦᠯ ᠨᠤᠬᠠᠢ ᠳᠤ ᠬᠠᠵᠠᠭᠳᠠᠭᠰᠠᠨ ᠪᠠᠶᠢᠪᠠᠯ᠂ ᠡᠨᠡ ᠬᠦ ᠬᠤᠭᠤᠯᠠᠨ ᠭᠡᠷ ᠤᠨ ᠬᠠᠮᠢᠶᠠᠷᠤᠭᠴᠢ ᠶᠢ ᠡᠷᠢᠵᠦ ᠬᠤᠬᠢᠷᠠᠯ ᠢᠶᠠᠨ ᠲᠦᠯᠦᠭᠦᠯᠬᠦ ᠪᠠᠷ ᠱᠠᠭᠠᠷᠳᠠᠵᠦ ᠪᠤᠯᠤᠨ᠎ᠠ᠃ ︽ᠡᠷᠬᠡ ᠳᠤ ᠬᠠᠯᠳᠠᠭᠰᠠᠨ ᠬᠠᠷᠢᠭᠤᠴᠠᠯᠭ᠎ᠠ ᠶᠢᠨ ᠬᠠᠤᠯᠢ ︾ ᠶᠢᠨ ᠭᠤᠴᠢᠨ ᠳᠤᠯᠤᠳᠤᠭᠠᠷ ᠵᠦᠢᠯ ᠤᠨ ᠲᠤᠭᠲᠠᠭᠠᠯ ᠳᠤ᠂ ︽ᠵᠤᠴᠢᠳ ᠤᠨ ᠪᠠᠭᠤᠳᠠᠯ᠂ ᠬᠤᠳᠠᠯᠳᠤᠭᠠᠨ ᠤ ᠲᠠᠯᠠᠪᠠᠢ᠂ ᠪᠠᠩᠬᠢ᠂ ᠲᠡᠷᠭᠡᠨ ᠦᠷᠲᠡᠭᠡ᠂ ᠵᠤᠭ᠎ᠠ ᠴᠡᠩᠬᠡᠯ ᠤᠨ ᠭᠠᠵᠠᠷ ᠵᠡᠷᠭᠡ ᠤᠯᠠᠨ ᠨᠡᠶᠢᠲᠡ ᠶᠢᠨ ᠲᠠᠯᠠᠪᠠᠢ ᠶᠢᠨ ᠬᠠᠮᠢᠶᠠᠷᠤᠭᠴᠢ ᠪᠤᠶᠤ ᠤᠯᠠᠨ ᠲᠦᠮᠡᠨᠴᠢ ᠴᠢᠨᠠᠷᠲᠠᠢ ᠠᠵᠢᠯᠯᠠᠭ᠎ᠠ ᠶᠢᠨ ᠵᠤᠬᠢᠶᠠᠨ ᠪᠠᠶᠢᠭᠤᠯᠤᠭᠴᠢ ᠨᠢ ᠠᠮᠤᠷ ᠲᠦᠪᠰᠢᠨ ᠢ ᠪᠠᠲᠤᠯᠠᠬᠤ ᠡᠭᠦᠷᠭᠡ ᠪᠠᠨ ᠦᠯᠦ ᠭᠦᠢᠴᠡᠳᠭᠡᠵᠦ᠂ ᠪᠤᠰᠤᠳ ᠲᠤ ᠬᠤᠬᠢᠷᠠᠯ ᠤᠴᠠᠷᠠᠭᠤᠯᠤᠭᠰᠠᠨ ᠪᠠᠶᠢᠪᠠᠯ ᠂ ᠡᠷᠬᠡ ᠳᠤ ᠬᠠᠯᠳᠠᠭᠰᠠᠨ ᠬᠠᠷᠢᠭᠤᠴᠠᠯᠭ᠎ᠠ ᠡᠭᠦᠷᠭᠡᠯᠡᠬᠦ ᠬᠡᠷᠡᠭᠲᠠᠢ︔ ᠭᠤᠷᠪᠠᠳᠡᠬᠢ ᠬᠦᠮᠦᠨ ᠤ ᠠᠵᠢᠯᠯᠠᠭ᠎ᠠ ᠠᠴᠠ ᠪᠤᠯᠵᠦ ᠪᠤᠰᠤᠳ ᠲᠤ ᠬᠤᠬᠢᠷᠠᠯ ᠤᠴᠠᠷᠠᠭᠤᠯᠤᠭᠰᠠᠨ ᠪᠠᠶᠢᠪᠠᠯ᠂ ᠭᠤᠷᠪᠠᠳᠡᠬᠢ ᠬᠦᠮᠦᠨ ᠨᠢ ᠡᠷᠬᠡ ᠳᠤ ᠬᠠᠯᠳᠠᠭᠰᠠᠨ ᠬᠠᠷᠢᠭᠤᠴᠠᠯᠭ᠎ᠠ ᠡᠭᠦᠷᠭᠡᠯᠡᠨ᠎ᠠ︔ ᠬᠠᠮᠢᠶᠠᠷᠤᠭᠴᠢ ᠪᠤᠶᠤ ᠵᠤᠬᠢᠶᠠᠨ ᠪᠠᠶᠢᠭᠤᠯᠤᠭᠴᠢ ᠨᠢ ᠠᠮᠤᠷ ᠲᠦᠪᠰᠢᠨ ᠢ ᠪᠠᠲᠤᠯᠠᠬᠤ ᠡᠭᠦᠷᠭᠡ ᠪᠠᠨ ᠭᠦᠢᠴᠡᠳᠭᠡᠭᠰᠡᠨ ᠦᠭᠡᠢ ᠪᠠᠶᠢᠪᠠᠯ᠂ ᠬᠤᠯᠪᠤᠭᠳᠠᠯ ᠪᠦᠬᠦᠢ ᠵᠤᠬᠢᠬᠤ ᠬᠡᠮᠵᠢᠶᠡᠨ ᠤ ᠨᠦᠬᠦᠪᠦᠷᠢ ᠦᠭᠬᠦ ᠬᠠᠷᠢᠭᠤᠴᠠᠯᠭ᠎ᠠ ᠶᠢ ᠡᠭᠦᠷᠭᠡᠯᠡᠨ᠎ᠠ︾ ᠭᠡᠵᠦ ᠲᠤᠭᠲᠠᠭᠠᠪᠠ᠃ ︽ᠡᠷᠬᠡ ᠳᠤ ᠬᠠᠯᠳᠠᠭᠰᠠᠨ ᠬᠠᠷᠢᠭᠤᠴᠠᠯᠭ᠎ᠠ ᠶᠢᠨ ᠬᠠᠤᠯᠢ ︾ ᠶᠢᠨ ᠨᠠᠶᠠᠨ ᠬᠤᠶᠠᠳᠤᠭᠠᠷ ᠵᠦᠢᠯ ᠤᠨ ᠲᠤᠭᠲᠠᠭᠠᠯ ᠳᠤ᠂ ︽ᠬᠠᠶᠠᠭᠳᠠᠭᠰᠠᠨ᠂ ᠲᠤᠲᠠᠭᠠᠭᠰᠠᠨ ᠠᠮᠢᠲᠠᠨ ᠳᠤ ᠬᠠᠵᠠᠭᠳᠠᠭᠰᠠᠨ᠂ ᠲᠤᠲᠠᠭᠠᠭᠰᠠᠨ ᠬᠤᠭᠤᠴᠠᠭᠠᠨ ᠳᠠᠭᠠᠨ ᠪᠤᠰᠤᠳ ᠲᠤ ᠬᠤᠬᠢᠷᠠᠯ ᠤᠴᠠᠷᠠᠭᠤᠯᠤᠭᠰᠠᠨ ᠪᠠᠶᠢᠪᠠᠯ᠂ ᠠᠮᠢᠲᠠᠨ ᠤ ᠤᠤᠯ ᠤᠨ ᠲᠡᠵᠢᠭᠡᠭᠴᠢ ᠪᠤᠶᠤ ᠬᠠᠮᠢᠶᠠᠷᠤᠭᠴᠢ ᠨᠢ ᠡᠷᠬᠡ ᠳᠤ ᠬᠠᠯᠳᠠᠭᠰᠠᠨ ᠬᠠᠷᠢᠭᠤᠴᠠᠯᠭ᠎ᠠ ᠡᠭᠦᠷᠭᠡᠯᠡᠨ᠎ᠠ︾ ᠭᠡᠵᠦ ᠲᠤᠭᠲᠠᠭᠠᠵᠠᠢ᠃    ︵ᠡᠬᠡ ᠪᠢᠴᠢᠭ ᠢ ︽ᠬᠠᠤᠯᠢ ᠪᠠᠷ ᠵᠠᠰᠠᠬᠤ ᠰᠦᠯᠵᠢᠶ᠎ᠠ︾ ᠠᠴᠠ ᠤᠷᠴᠢᠭᠤᠯᠤᠨ ᠨᠠᠶᠢᠷᠠᠭᠤᠯᠵᠦ ᠠᠪᠤᠪᠠ︶
 
ᠢᠷᠡᠯᠲᠡ᠄ ᠲᠤᠮᠳᠠᠳᠤ ᠤᠯᠤᠰ ᠤᠨ ᠮᠤᠩᠭᠤᠯ ᠬᠡᠯᠡᠡ ᠤ ᠰᠤᠨᠢᠠ ᠮᠠᠳᠡᠭᠡ ᠶᠢᠨ ᠰᠦᠯᠵᠢᠶ᠎ᠠ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号