ᠰᠦᠯᠢᠶᠤᠤ ᠫᠧᠩ ᠬᠡᠷᠡᠭᠯᠡᠬᠦ ᠳᠤ ᠠᠩᠬᠠᠷᠬᠤ ᠵᠥᠢᠯ
ᠨᠡᠶᠢᠲᠡᠯᠡᠭᠰᠡᠨ ᠴᠠᠭ᠄
2019/5/27
     ᠨᠢᠬᠡ᠂ ᠰᠠᠯᠬᠢ ᠴᠠᠰᠤ ᠶᠢ ᠰᠠᠷᠬᠡᠶᠢᠯᠠᠬᠦ᠄ ᠰᠦᠯᠢᠶᠤᠤ ᠫᠧᠩ ᠤᠨ ᠨᠢᠮᠬᠡᠨ ᠪᠥᠷᠬᠦᠬᠦᠯ ᠢ ᠰᠠᠶᠢᠨ ᠪᠠᠳᠤ ᠪᠠᠭᠢᠯᠢᠭ᠌ ᠪᠦᠳᠡᠬᠡᠵᠤ᠂ ᠶᠡᠭᠡ ᠰᠠᠯᠬᠢᠨ ᠳᠤ ᠬᠡᠶᠢᠰᠴᠤ ᠣᠨᠠᠭᠠᠤᠨ ᠲᠤᠯᠠᠭᠠᠨ ᠢ ᠨᠢᠬᠡᠯᠨ ᠲᠤᠤᠷ᠎ᠠ ᠪᠠᠭᠤᠷᠠᠭᠤᠯᠵᠤ᠂ ᠲᠠᠵᠢᠬᠡᠵᠤ ᠪᠠᠶᠢᠭ᠎ᠠ ᠮᠠᠯ ᠵᠢᠬᠦᠷᠳᠠᠨ ᠬᠡᠮᠳᠦᠬᠦ ᠠᠴᠠ ᠰᠠᠷᠬᠡᠶᠢᠯᠠᠨ᠎ᠠ᠃        ᠬᠤᠶᠠᠷ᠂ ᠵᠣᠬᠢᠰᠳᠠᠢ ᠣᠢᠶ᠎ᠠ ᠳᠤ ᠰᠠᠯᠬᠢ ᠨᠠᠪᠳᠠᠷᠠᠬᠦᠯᠵᠤ ᠠᠭᠠᠷ ᠰᠤᠯᠢᠬᠤ᠄ ᠰᠦᠯᠢᠶᠤᠤ ᠳᠤ ᠰᠠᠯᠬᠢ ᠨᠠᠪᠳᠠᠷᠠᠬᠦᠯᠵᠤ ᠠᠭᠠᠷ ᠰᠤᠯᠢᠬᠤ ᠳᠠᠭᠠᠨ ᠨᠠᠷᠨ ᠲᠠᠢ ᠰᠠᠯᠭᠢᠨ ᠦᠬᠡᠢ ᠦᠳᠠ ᠶᠢᠨ ᠴᠠᠭ ᠢᠶᠠᠷ ᠡᠬᠦᠳᠠ ᠨᠡᠬᠡᠬᠡᠵᠤ᠂ ᠣᠳᠠᠭ᠎ᠠ ᠪᠥᠷᠢ ᠬᠠᠭᠠᠰ ᠴᠠᠭ ᠠᠴᠠ ᠨᠢᠭᠡ ᠴᠠᠭ ᠰᠠᠯᠬᠢ ᠨᠠᠪᠳᠠᠷᠠᠬᠦᠯᠪᠠᠯ ᠰᠠᠶᠢᠨ᠃        ᠭᠤᠷᠪᠡ᠂ ᠰᠦᠯᠢᠶᠤᠤ ᠪᠥᠷᠬᠦᠬᠦᠯ ᠢ ᠲᠤᠬᠳᠠᠬᠰᠠᠨ ᠬᠤᠭᠤᠴᠠᠭ᠎ᠠ ᠳᠤ ᠴᠠᠪᠠᠷᠯᠠᠬᠦ᠄ ᠰᠦᠯᠢᠶᠤᠤ ᠪᠥᠷᠬᠦᠬᠦᠯ ᠲᠠᠬᠡᠷ᠎ᠠ ᠬᠥᠯᠳᠡᠭᠰᠡᠨ ᠮᠦᠰᠤ ᠪᠣᠶᠤ ᠬᠢᠷᠠᠭᠤ ᠶᠢ ᠴᠠᠭ ᠲᠠᠷᠤᠢ ᠨᠢ ᠠᠷᠢᠯᠭᠠᠵᠤ᠂ ᠰᠦᠯᠢᠶᠤᠤ ᠪᠥᠷᠬᠦᠬᠦᠯ ᠤᠨ ᠬᠡᠷᠠᠯ ᠨᠠᠪᠳᠠᠷᠠᠬᠦ ᠶᠢ ᠪᠠᠳᠤᠯᠠᠬᠤ ᠬᠡᠷᠡᠭᠳᠡᠢ᠃ ᠡᠩ ᠤᠨ ᠪᠠᠶᠢᠳᠠᠯ ᠲᠤᠤᠷ᠎ᠠ ᠰᠦᠯᠢᠶᠤᠤ ᠪᠥᠷᠬᠦᠬᠦᠯ ᠢ 2 ᠵᠢᠯ ᠬᠡᠷᠡᠭᠯᠡᠵᠤ ᠪᠣᠯᠳᠠᠭ᠃ ᠡᠶᠢᠮᠤ ᠠᠴᠠ ᠡᠯᠡᠭᠳᠡᠵᠤ ᠴᠤᠭᠤᠷᠠᠬᠰᠠᠨ ᠪᠠᠶᠢᠪᠠᠯ ᠲᠠᠷᠨ ᠲᠠᠷᠤᠢ ᠳᠤᠨᠢ ᠨᠦᠬᠦᠵᠤ ᠨᠠᠭᠠᠬᠤ ᠬᠡᠷᠡᠭᠳᠠᠢ᠃      ᠲᠦᠷᠪᠡ᠂ ᠬᠡᠮ ᠬᠢᠵᠢᠭ ᠢ ᠰᠠᠷᠬᠡᠶᠢᠯᠠᠵᠤ ᠵᠠᠰᠠᠬᠤ᠄ ᠮᠠᠯ ᠵᠢᠬᠦᠷᠳᠠᠨ ᠢ ᠰᠦᠯᠢᠶᠤᠤ ᠫᠧᠩ ᠳᠤ ᠣᠷᠤᠭᠤᠯᠵᠤ ᠲᠡᠵᠢᠬᠡᠬᠦ ᠠᠴᠠ ᠡᠮᠤᠨ᠎ᠠ ᠪᠥᠬᠦ ᠲᠠᠯ᠎ᠠ ᠶᠢᠨ ᠪᠠᠶ᠎ᠠ ᠶᠢᠨ ᠪᠠᠶᠢᠴᠠᠭᠠᠯᠳᠠ ᠬᠢᠵᠤ᠂ ᠡᠮᠳᠤ ᠣᠬᠢᠶᠠᠯᠭ᠎ᠠ ᠬᠢᠬᠦ᠂ ᠬᠤᠷᠤᠬᠠᠢ ᠬᠥᠬᠡᠬᠡᠬᠦ᠂ ᠰᠠᠷᠬᠡᠶᠢᠯᠠᠯᠳᠠ ᠶᠢᠨ ᠲᠠᠷᠢᠯᠭ᠎ᠠ ᠲᠠᠷᠢᠬᠤ ᠵᠡᠷᠬᠡ ᠶᠢ ᠭᠦᠢᠴᠡᠳᠬᠡᠭᠰᠡᠨ ᠪᠠᠶᠢᠬᠤ ᠬᠡᠷᠡᠭᠳᠠᠢ᠃ ᠰᠦᠯᠢᠶᠤᠤ ᠫᠧᠩ ᠳᠤ ᠠᠷᠠᠴᠢᠯᠠᠨ ᠲᠠᠵᠢᠬᠡᠬᠦ ᠶᠠᠪᠣᠴᠨ ᠳᠤ ᠮᠠᠯ ᠵᠢᠬᠦᠷᠳᠡᠨ ᠢ ᠨᠠᠷᠢᠯᠢᠬ ᠠᠵᠢᠭᠯᠠᠵᠤ᠂ ᠬᠡᠮ ᠬᠢᠵᠢᠭ ᠢᠯᠡᠷᠠᠪᠠᠯ ᠴᠠᠭ ᠲᠤᠬᠠᠢ ᠳᠤᠨᠢ ᠡᠮᠨᠡᠬᠦ ᠬᠡᠷᠡᠭᠳᠡᠢ᠃  
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号