| | ᠵᠢᠷᠭᠢᠶ᠎ᠠ ᠬᠡᠷᠡᠭᠯᠡᠭᠳᠡᠭᠰᠡᠨ ᠬᠡᠳᠣᠭᠡᠨ ᠵᠢᠯ ᠤᠨ ᠬᠤᠭᠤᠷᠣᠨᠳᠦ ᠪᠦᠬᠦ ᠤᠯᠤᠰ ᠤᠨ ᠳ᠋ᠦᠩᠰᠢᠭᠤᠷ ᠬᠦᠮᠦᠨ ᠤ | ᠡᠳᠦᠷ ᠳᠣᠲᠣᠮ ᠤᠨ ᠬᠠᠷᠢᠯᠴᠠᠭᠠᠨ ᠤ ᠪᠠᠭᠠᠵᠢ ᠪᠣᠯᠵᠤ᠂ ᠴᠢᠮᠡᠭᠡ ᠬᠤᠯᠪᠣᠭᠠᠨ ᠤ ᠴᠢᠬᠤᠯᠠ ᠵᠠᠭᠤᠴᠢᠯᠠᠭᠤᠷ | ᠪᠣᠯᠣᠭᠰᠠᠨ ᠶᠣᠮ᠃ ᠵᠢᠷᠭᠢᠶ᠎ᠠ ᠲᠦᠭᠡᠮᠡᠯᠵᠢᠭᠰᠡᠨ ᠠᠴᠠ ᠬᠦᠮᠦᠰ ᠤᠨ ᠬᠠᠷᠢᠯᠴᠠᠭ᠎ᠠ ᠶᠢᠨ ᠠᠷᠭ᠎ᠠ ᠬᠡᠯᠪᠡᠷᠢ ᠰᠢᠨ᠎ᠡ ᠨᠢᠭᠡ | ᠱᠠᠳᠣᠨ ᠳᠤ ᠣᠷᠣᠵᠣ᠂ ᠴᠢᠮᠡᠭᠡ ᠰᠣᠷᠠᠭ ᠢᠶᠠᠨ ᠣᠯᠣᠯᠴᠠᠬᠤ ᠳᠤ ᠲᠦᠢᠯ ᠤᠨ ᠲᠦᠭᠦᠮ ᠪᠣᠯᠣᠭᠰᠠᠨ ᠨᠢ ᠶᠠᠷᠢᠶᠠᠨ | ᠦᠭᠡᠢ᠂ ᠭᠡᠪᠡᠴᠦ ᠨᠦᠭᠦᠭᠡ ᠲᠠᠯ᠎ᠠ ᠪᠠᠷ ᠵᠢᠷᠭᠢᠶ᠎ᠠ ᠪᠠᠷ ᠲᠠᠮᠵᠢᠨ ᠬᠤᠳᠠᠯ ᠬᠠᠭᠤᠷᠮᠠᠭ ᠮᠡᠳᠡᠭᠡ ᠴᠢᠮᠡᠭᠡ ᠲᠠᠮᠵᠢᠭᠤᠯᠬᠤ᠂ | ᠪᠣᠰᠣᠳ ᠤᠨ ᠨᠡᠷ᠎ᠡ ᠲᠦᠷᠦ ᠶᠢ ᠭᠤᠳᠣᠭᠠᠬᠤ᠂ ᠭᠦᠳᠭᠡᠬᠦ᠂ ᠴᠢᠨᠠᠭᠰᠢᠯᠠᠨ ᠬᠠᠥᠯᠢ ᠪᠣᠰᠣ ᠵᠦᠢᠯ ᠢ ᠦᠢᠯᠡᠳᠬᠦ | ᠶᠠᠪᠣᠳᠠᠯ ᠴᠦ ᠲᠠᠰᠣᠷᠠᠯᠳᠡ ᠦᠭᠡᠢ ᠡᠭᠦᠰᠬᠦ ᠪᠣᠯᠵᠠᠢ᠃ ᠭᠠᠷ ᠣᠳᠠᠰᠣ ᠪᠤᠯ ᠮᠢᠨᠦᠬᠢ ᠶᠣᠮ᠃ ᠪᠢ ᠶᠠᠭᠤ ᠲᠠᠯᠪᠢᠬᠤ | ᠬᠡᠪᠠᠯ ᠶᠠᠭᠤ ᠲᠠᠯᠪᠢᠨ᠎ᠠ ᠬᠡᠵᠦ ᠪᠤᠯᠬᠤ ᠦᠬᠡᠢ ᠰᠢᠤ᠃ | ᠨᠢᠬᠡᠨ ᠵᠢᠱᠢᠶ᠎ᠡ ᠳᠤ᠂ 2017 ᠣᠨ ᠤ 5 ᠰᠠᠷ᠎ᠠ ᠶᠢᠨ 5 ᠤ ᠡᠳᠦᠷ᠂ A ᠠᠶᠢᠮᠠᠭ ᠤᠨ B ᠬᠤᠰᠢᠭᠤᠨ ᠤ | ᠲᠣᠳᠣᠭᠠᠳᠣ ᠶᠢ ᠬᠠᠮᠠᠭᠠᠯᠠᠬᠤ ᠲᠤᠪᠴᠢᠶ᠎ᠠ ︽ᠪᠣᠰᠣᠳ ᠬᠦᠮᠦᠨ ᠵᠢᠷᠭᠢᠶ᠎ᠠ ᠶᠢᠨ ᠬᠤᠯᠪᠣᠭᠠᠨ ᠳᠠᠭᠠᠨ ᠦᠨᠳᠣᠰᠣᠳᠡᠨ ᠤ | ᠬᠠᠭᠠᠴᠠᠯ᠂ ᠦᠨᠳᠣᠰᠣᠳᠡᠨ ᠤ ᠪᠦᠯᠬᠦᠮᠳᠡᠯ ᠳᠤ ᠠᠰᠢᠭ ᠦᠭᠡᠢ ᠴᠤᠤᠷᠬᠠᠯ ᠶᠠᠷᠢᠶ᠎ᠠ ᠲᠠᠷᠬᠠᠭᠠᠵᠦ᠂ ᠣᠯᠠᠨ ᠤ | ᠲᠣᠮᠳᠠ ᠮᠠᠭᠤ ᠲᠣᠰᠬᠠᠯ ᠭᠠᠷᠭᠠᠵᠦ ᠪᠠᠶᠢᠨ᠎ᠠ︾ ᠭᠡᠰᠡᠨ ᠬᠡᠷᠡᠭ ᠤᠨ ᠮᠡᠳᠡᠭᠦᠯᠦᠯᠳᠡ ᠶᠢ ᠲᠣᠰᠴᠠᠢ᠃ ᠲᠣᠳᠣᠭᠠᠳᠣ ᠶᠢ | ᠬᠠᠮᠠᠭᠠᠯᠠᠬᠤ ᠲᠣᠪᠴᠢᠶ᠎ᠠ ᠪᠠ ᠪᠣᠰᠣᠳ ᠬᠠᠮᠢᠶ᠎ᠠ ᠪᠦᠬᠦᠢ ᠰᠠᠯᠠᠭ᠎ᠠ ᠮᠦᠴᠢᠷ ᠤᠨ ᠬᠠᠮᠳᠣᠷᠠᠭᠰᠠᠨ ᠪᠠᠶᠢᠴᠠᠭᠠᠯᠳᠠ ᠪᠠᠷ | ᠲᠠᠮᠵᠢᠨ ᠬᠤᠣ ᠣᠪᠣᠭᠳᠣ ᠪᠠ ᠲᠣᠣ ᠣᠪᠣᠭᠳᠣ ᠬᠤᠶᠠᠭᠤᠯᠠ 5 ᠰᠠᠷ᠎ᠠ ᠶᠢᠨ 1 ᠪᠠ 2 ᠤᠨ ᠡᠳᠦᠷ ᠦᠪᠡᠷ ᠤᠨ | ᠵᠢᠷᠭᠢᠶ᠎ᠠ ᠶᠢᠨ ᠬᠤᠯᠪᠣᠭᠠᠨ ᠳᠠᠭᠠᠨ ᠦᠨᠳᠣᠰᠣᠳᠡᠨ ᠤ ᠬᠠᠭᠠᠴᠠᠭᠤᠯᠣᠯ᠂ ᠦᠨᠳᠣᠰᠣᠳᠡᠨ ᠤ ᠪᠦᠯᠬᠦᠮᠳᠡᠯ ᠳᠤ ᠠᠰᠢᠭ | ᠦᠭᠡᠢ ᠦᠭᠡ ᠶᠠᠷᠢᠶ᠎ᠠ ᠲᠠᠮᠵᠢᠭᠤᠯᠣᠨ ᠲᠠᠷᠬᠠᠭᠠᠭᠰᠠᠨ ᠢ ᠪᠠᠶᠢᠴᠠᠭᠠᠨ ᠨᠣᠳᠠᠯᠠᠵᠠᠢ᠃ ᠬᠤᠣ ᠣᠪᠣᠭᠳᠣ ᠪᠠ ᠲᠣᠣ | ᠣᠪᠣᠭᠳᠣ ᠶᠢᠨ ᠵᠢᠷᠭᠢᠶ᠎ᠠ ᠳᠡᠭᠡᠨ ᠨᠡᠶᠢᠳᠡᠯᠡᠭᠰᠡᠨ ᠠᠭᠤᠯᠭ᠎ᠠ ᠣᠯᠠᠨ ᠤ ᠲᠣᠮᠳᠠ ᠲᠠᠷᠬᠠᠵᠦ᠂ ᠨᠡᠶᠢᠭᠡᠮ ᠤᠨ ᠲᠣᠮᠳᠠ | ᠮᠠᠭᠤ ᠨᠦᠯᠦᠭᠡ ᠭᠠᠷᠭᠠᠭᠰᠠᠨ ᠪᠣᠯᠬᠤᠷ 15 ᠡᠳᠦᠷ ᠵᠠᠰᠠᠭ ᠵᠠᠬᠢᠷᠭᠠᠨ ᠢᠶᠠᠷ ᠲᠦᠷ ᠬᠤᠷᠢᠬᠤ ᠪᠠᠷ ᠰᠢᠳᠭᠡᠭᠳᠡᠵᠡᠢ᠃ | ᠪᠠᠰᠠ ᠨᠢᠬᠡ ᠵᠢᠱᠢᠶ᠎ᠡ ᠳᠤ᠂ 2016 ᠣᠨ ᠤ 7 ᠰᠠᠷ᠎ᠠ ᠳᠤ᠂ A ᠬᠤᠳᠠ ᠶᠢᠨ ᠬᠡᠳᠣᠨ ᠵᠢᠷᠭᠢᠶ᠎ᠠ ᠶᠢᠨ | ᠬᠤᠯᠪᠣᠭᠠᠨ ᠳᠤ ᠨᠢᠭᠡ ᠮᠡᠳᠡᠭᠡ ᠨᠡᠶᠢᠳᠡᠯᠡᠭᠳᠡᠵᠦ ᠣᠯᠠᠨ ᠭᠠᠵᠠᠷ ᠲᠠᠮᠵᠢᠭᠳᠠᠵᠠᠢ᠃ ᠲᠡᠭᠦᠨ ᠤ ᠠᠭᠤᠯᠭ᠎ᠠ ᠨᠢ ᠭᠡᠪᠡᠯ ︽ | ᠬᠦᠳᠡᠭᠡ ᠲᠣᠰᠬᠤᠨ ᠤ ᠠᠶᠣᠯᠳᠠᠢ ᠭᠡᠷ ᠪᠠᠶᠢᠰᠢᠩ ᠢ ᠵᠠᠰᠠᠨ ᠰᠢᠨᠡᠳᠭᠡᠬᠦ ᠢᠨᠵᠧᠨᠧᠷᠢᠩ ᠤᠨ ᠨᠦᠬᠦᠪᠦᠷᠢ ᠵᠣᠭᠤᠰ ᠢ | ᠣᠯᠣᠰ ᠠᠴᠠ ᠡᠷᠣᠬᠡ ᠪᠦᠷᠢ ᠳᠤ 55000 ᠲᠦᠭᠦᠷᠢᠭ ᠦᠭᠴᠡᠢ᠂ ᠭᠡᠳᠡᠯ᠎ᠡ ᠬᠤᠰᠢᠭᠤᠨ ᠤ ᠵᠠᠰᠠᠭ ᠤᠨ ᠣᠷᠳᠣᠨ | ᠦᠨᠡᠨ ᠪᠠᠶᠢᠳᠠᠯ ᠢ ᠣᠯᠠᠨ ᠲᠦᠮᠡᠨ ᠠᠴᠠ ᠨᠢᠭᠤᠨ ᠲᠠᠯᠳᠠᠯᠠᠵᠦ᠂ ᠮᠠᠯᠴᠢᠳ ᠢ ᠮᠡᠬᠡᠯᠡᠵᠦ ᠣᠯᠣᠰ ᠠᠴᠠ 13000 | ᠲᠦᠭᠦᠷᠢᠭ ᠦᠭᠴᠦ ᠪᠠᠶᠢᠨ᠎ᠠ ᠭᠡᠵᠦ ᠬᠡᠯᠡᠭᠰᠡᠨ ᠪᠦᠭᠡᠳ ᠮᠠᠯᠴᠢᠳ ᠤᠨ ᠪᠣᠳᠠᠳᠠᠢ ᠣᠯᠵᠦ ᠬᠦᠷᠳᠡᠭᠰᠡᠨ ᠨᠢ 9600 | ᠲᠦᠭᠦᠷᠢᠭ᠂ ᠣᠯᠣᠰ ᠪᠠ ᠭᠠᠵᠠᠷ ᠣᠷᠣᠨ ᠤ ᠲᠦᠷᠦ ᠶᠢᠨ ᠪᠣᠳᠣᠯᠭ᠎ᠠ ᠶᠠᠭᠠᠬᠢᠭᠠᠳ ᠠᠳᠠᠯᠢ ᠦᠭᠡᠢ ᠪᠣᠯᠪᠠ︖ | ᠲᠣᠰ ᠮᠡᠳᠡᠭᠡ ᠶᠢ ᠣᠯᠵᠦ ᠦᠵᠡᠭᠰᠡᠨ ᠮᠠᠯᠴᠢᠨ ᠲᠠᠷᠢᠶᠠᠴᠢᠨ ᠪᠣᠯᠭᠠᠨ ᠲᠠᠮᠵᠢᠭᠤᠯᠣᠭᠠᠷᠡᠢ︾ ᠭᠡᠰᠡᠨ ᠪᠠᠶᠢᠨ᠎ᠠ᠃ | ᠡᠨᠡ ᠨᠢ ᠦᠨᠡᠨᠳᠡᠭᠡᠨ ᠴᠣᠣᠷᠬᠠᠯ ᠶᠠᠷᠢᠶ᠎ᠠ ᠪᠠᠶᠢᠵᠦ᠂ ᠶᠠᠮᠠᠷᠴᠦ ᠦᠨᠳᠣᠰᠣ ᠪᠠᠷᠢᠮᠳᠠ ᠪᠠᠶᠢᠬᠤ ᠦᠭᠡᠢ᠃ | ᠲᠣᠳᠣᠭᠠᠳᠣ ᠶᠢ ᠬᠠᠮᠠᠭᠠᠯᠠᠬᠤ ᠲᠣᠪᠴᠢᠶ᠎ᠠ ᠨᠡᠬᠡᠮᠵᠢᠯᠡᠨ ᠪᠠᠶᠢᠴᠠᠭᠠᠵᠦ ᠴᠣᠣᠷᠬᠠᠯ ᠲᠠᠷᠬᠠᠭᠠᠭᠰᠠᠨ ᠬᠦᠮᠦᠨ ᠢ | ᠪᠠᠷᠢᠪᠴᠢᠯᠠᠵᠠᠢ᠃ ᠰᠦᠯᠵᠢᠶ᠎ᠡ ᠶᠢ ᠠᠰᠢᠬᠯᠯᠠᠨ ᠴᠣᠣᠷᠬᠠᠯ ᠵᠤᠬᠢᠶᠠᠬᠤ᠂ ᠭᠦᠳᠭᠡᠬᠦ ᠪᠣᠶᠣ ᠨᠡᠶᠢᠭᠡᠮ ᠨᠡᠶᠢᠲᠡ ᠳᠤ | ᠪᠣᠰᠣᠳ ᠬᠤᠣᠷ ᠬᠦᠨᠦᠭᠡᠯ ᠲᠠᠢ ᠰᠣᠷᠠᠭ ᠵᠠᠩᠬᠢ ᠶᠢ ᠨᠡᠶᠢᠳᠡᠯᠡᠬᠦ ᠪᠣᠶᠣ ᠲᠠᠮᠵᠢᠭᠤᠯᠵᠦ᠂ ᠲᠣᠣᠷᠠᠬᠢ ᠦᠢᠯᠡ | ᠪᠠᠶᠢᠳᠠᠯ ᠤᠨ ᠨᠢᠭᠡᠨ ᠳᠤ ᠨᠢ ᠬᠦᠷᠦᠭᠰᠡᠨ ᠪᠣᠯ ᠭᠤᠷᠪᠠᠨ ᠵᠢᠯ ᠠᠴᠠ ᠲᠣᠷᠣᠭᠰᠢ ᠬᠤᠭᠤᠴᠠᠭ᠎ᠠ ᠲᠠᠢ ᠬᠤᠷᠢᠬᠤ᠂ | ᠬᠤᠷᠢᠵᠦ ᠬᠦᠳᠡᠯᠮᠦᠷᠢᠯᠡᠬᠦᠯᠬᠦ᠂ ᠵᠠᠬᠢᠷᠣᠨ ᠬᠠᠮᠢᠶᠠᠷᠬᠤ ᠪᠣᠶᠣ ᠣᠯᠣᠰ ᠲᠦᠷᠦ ᠶᠢᠨ ᠡᠷᠬᠡ ᠶᠢ ᠨᠢ ᠬᠠᠰᠣᠬᠤ ᠪᠠᠷ | ᠰᠢᠳᠭᠡᠨ᠎ᠡ᠃ ᠡᠬᠦᠨ ᠳᠤ ᠠᠳᠠᠯᠢ ᠨᠢᠭᠡ ᠭᠦᠳᠭᠡᠯ ᠤᠨ ᠴᠢᠨᠠᠷᠳᠡᠢ ᠰᠣᠷᠠᠭ ᠵᠠᠩᠬᠢ ᠶᠢ ᠲᠠᠪᠣᠨ ᠮᠢᠩᠭ᠎ᠠ ᠠᠴᠠ | ᠲᠡᠭᠡᠭᠰᠢ ᠣᠳᠠᠭ᠎ᠠ ᠬᠦᠮᠦᠰ ᠲᠤ ᠣᠩᠰᠢᠭᠳᠠᠭᠰᠠᠨ᠂ ᠡᠰᠡᠬᠦᠯ᠎ᠡ ᠲᠠᠪᠣᠨ ᠵᠠᠭᠤ ᠠᠴᠠ ᠲᠡᠭᠡᠭᠰᠢ ᠣᠳᠠᠭ᠎ᠠ ᠰᠢᠯᠵᠢᠭᠦᠯᠦᠨ | ᠨᠡᠶᠢᠳᠡᠯᠡᠭᠳᠡᠭᠰᠠᠡ᠃ ᠭᠦᠳᠭᠡᠯ ᠤᠨ ᠠᠭᠤᠯᠭ᠎ᠠ ᠨᠢ ᠬᠤᠬᠢᠷᠡᠯ ᠠᠮᠰᠠᠭᠴᠢ ᠪᠣᠶᠣ ᠲᠡᠭᠦᠨ ᠤ ᠲᠦᠷᠦᠯ ᠰᠠᠳᠣᠨ ᠢ ᠨᠢ | ᠰᠣᠯᠢᠶᠠᠷᠠᠭᠤᠯᠬᠤ᠂ ᠵᠡᠮᠳᠡᠭ ᠪᠣᠯᠭᠠᠬᠤ᠂ ᠪᠡᠶ᠎ᠡ ᠪᠠᠨ ᠬᠤᠣᠷᠯᠠᠭᠰᠠᠨ ᠵᠡᠷᠭᠡ ᠦᠷ᠎ᠡ ᠨᠦᠯᠦᠭᠡ ᠭᠠᠷᠭᠠᠭᠰᠠᠨ᠃ | ᠪᠣᠰᠣᠳ ᠢ ᠭᠦᠳᠭᠡᠵᠦ ᠵᠠᠰᠠᠭ ᠵᠠᠬᠢᠷᠭᠠᠨ ᠤ ᠲᠣᠷᠭᠠᠭᠤᠯᠢ ᠣᠯᠣᠭᠠᠳ ᠬᠤᠶᠡᠷ ᠵᠢᠯ ᠤᠨ ᠲᠣᠳᠣᠷ᠎ᠠ ᠲᠠᠬᠢᠨᠳᠠ | ᠦᠭᠡᠷ᠎ᠡ ᠬᠦᠮᠦᠨ ᠢ ᠭᠦᠳᠭᠡᠬᠦ ᠬᠡᠷᠡᠭ ᠲᠤ ᠬᠤᠯᠪᠣᠭᠳᠠᠭᠰᠠᠨ᠃ ᠪᠣᠰᠣᠳ ᠦᠢᠯᠡ ᠠᠵᠢᠯᠯᠠᠭ᠎ᠠ ᠨᠢ ᠬᠦᠨᠳᠣ ᠨᠣᠴᠢᠳᠠᠢ | ᠠᠵᠢᠯᠯᠠᠭ᠎ᠠ ᠡᠭᠦᠰᠭᠡᠭᠰᠡᠨ ᠵᠡᠷᠭᠡ ᠪᠠᠭᠳᠠᠨ᠎ᠠ᠃ | 2017 ᠣᠨ ᠤ 9 ᠰᠠᠷ᠎ᠠ ᠶᠢᠨ 7 ᠤ ᠡᠳᠦᠷ᠂ ᠣᠯᠣᠰ ᠤᠨ ᠰᠦᠯᠵᠢᠶᠡᠨ ᠤ ᠮᠡᠳᠡᠭᠡ ᠵᠠᠩᠬᠢ ᠶᠢᠨ ᠠᠯᠪᠠᠨ | ᠭᠡᠷ ᠪᠠᠰᠠ ᠵᠢᠷᠭᠢᠶ᠎ᠠ ᠶᠢᠨ ᠬᠤᠯᠪᠤᠭ᠎ᠠ ᠶᠢ ᠬᠠᠮᠢᠶᠠᠷᠬᠤ ᠰᠢᠨ᠎ᠡ ᠲᠣᠭᠳᠠᠭᠠᠯ ᠭᠠᠷᠭᠠᠵᠦ ᠡᠨᠡᠬᠦ ᠰᠢᠨ᠎ᠡ ᠲᠣᠭᠳᠠᠭᠠᠯ ᠳᠤ | ᠵᠢᠷᠭᠢᠶ᠎ᠠ ᠶᠢᠨ ᠬᠤᠯᠪᠤᠭ᠎ᠠ ᠪᠠᠶᠢᠭᠤᠯᠣᠭᠰᠠᠨ ᠬᠤᠯᠪᠤᠭ᠎ᠠ ᠶᠢᠨ ᠠᠬᠠᠯᠠᠭᠴᠢ ᠬᠠᠥᠯᠢ ᠲᠦᠷᠢᠮ ᠢ ᠰᠠᠬᠢᠬᠤ ᠦᠵᠡᠯᠳᠡ ᠪᠠᠨ | ᠲᠡᠭᠡᠭᠰᠢᠯᠡᠬᠦᠯᠬᠦ ᠶᠢ ᠣᠨᠴᠠᠭᠠᠶᠢᠯᠠᠨ ᠴᠢᠬᠤᠯᠠᠴᠢᠯᠠᠭᠰᠠᠨ ᠶᠣᠮ᠃ ᠡᠶᠢᠮᠤ ᠠᠴᠠ ᠵᠢᠷᠬᠢᠶ᠎ᠠ ᠪᠠᠷ ᠬᠤᠳᠠᠯ ᠬᠠᠭᠤᠷᠮᠠᠭ | ᠮᠡᠳᠡᠭᠡ ᠲᠠᠮᠵᠢᠭᠤᠯᠪᠠᠯ ᠬᠠᠷᠢᠭᠤᠴᠠᠯᠭ᠎ᠠ ᠨᠡᠬᠡᠮᠵᠢᠯᠡᠵᠦ᠂ ᠬᠠᠤᠯᠢ ᠶᠤᠰᠤᠭᠠᠷ ᠰᠢᠳᠭᠡᠭᠳᠠᠨᠠ ᠰᠢᠤ᠃ | | | ᠮᠠᠨᠳᠠᠵᠠᠪ | | |