| | ᠮᠠᠨ ᠤ ᠤᠷᠤᠨ ᠦᠨᠳᠦᠰᠦᠨ ᠨᠤᠳᠤᠭ ᠪᠡᠯᠴᠢᠭᠡᠷ ᠤᠨ ᠬᠠᠮᠠᠭᠠᠯᠠᠯᠳᠠ᠂ ᠪᠦᠳᠦᠭᠡᠨ ᠪᠠᠶᠢᠭᠤᠯᠤᠯᠳᠠ ᠪᠠ | ᠬᠠᠮᠢᠶᠠᠷᠤᠯᠳᠠ ᠶᠢ ᠴᠢᠨᠠᠭᠰᠢᠳᠠ ᠠᠬᠢᠭᠤᠯᠬᠤ᠂ ᠲᠠᠯ᠎ᠠ ᠨᠤᠳᠤᠭ ᠤᠨ ᠠᠮᠢ ᠠᠬᠤᠢ ᠶᠢᠨ ᠠᠮᠤᠷ ᠲᠦᠪᠰᠢᠨ ᠢ | ᠬᠠᠮᠠᠭᠠᠯᠠᠨ᠂ ᠮᠠᠨ ᠤ ᠤᠷᠤᠨ ᠤ ᠮᠠᠯ ᠠᠵᠤ ᠠᠬᠤᠢ ᠪᠠ ᠠᠵᠤ ᠠᠬᠤᠢ ᠶᠢᠨ ᠨᠡᠶᠢᠭᠡᠮ ᠤᠨ ᠦᠷᠭᠦᠯᠵᠢᠯᠡᠨ | ᠬᠦᠭᠵᠢᠬᠦ ᠶᠢ ᠪᠠᠳᠣᠯᠠᠬᠤ ᠶᠢᠨ ᠲᠦᠯᠦᠭᠡ᠂ ᠦᠪᠦᠷ ᠮᠤᠩᠭᠤᠯ ᠤᠨ ᠦᠪᠡᠷᠳᠡᠭᠡᠨ ᠵᠠᠰᠠᠬᠤ ᠤᠷᠤᠨ ᠤ ᠠᠷᠪᠠᠨ | ᠬᠤᠶᠠᠳᠤᠭᠠᠷ ᠬᠤᠭᠤᠴᠠᠭᠠᠨ ᠤ ᠠᠷᠠᠳ ᠤᠨ ᠲᠦᠯᠦᠭᠡᠯᠡᠭᠴᠢᠳ ᠤᠨ ᠶᠡᠭᠡ ᠬᠤᠷᠠᠯ ᠤᠨ ᠪᠠᠶᠢᠩᠭᠤ ᠶᠢᠨ ᠬᠤᠷᠢᠶ᠎ᠠ ᠶᠢᠨ | ᠬᠤᠷᠢᠨ ᠨᠢᠭᠡᠳᠦᠭᠡᠷ ᠬᠤᠷᠠᠯ ᠲᠡᠭᠡᠷ᠎ᠡ ︽ᠦᠪᠦᠷ ᠮᠤᠩᠭᠤᠯ ᠤᠨ ᠦᠪᠡᠷᠳᠡᠭᠡᠨ ᠵᠠᠰᠠᠬᠤ ᠤᠷᠤᠨ ᠤ ᠦᠨᠳᠦᠰᠦᠨ | ᠨᠤᠳᠤᠭ ᠪᠡᠯᠴᠢᠭᠡᠷ ᠢ ᠬᠠᠮᠠᠭᠠᠯᠠᠬᠤ ᠲᠦᠷᠢᠮ︾ ︵ᠲᠤᠷᠤᠭᠰᠢ ᠲᠦᠭᠦᠮᠴᠢᠯᠡᠭᠡᠳ ︽ᠲᠦᠷᠢᠮ︾ ᠭᠡᠨ᠎ᠡ︶ ᠳᠤ | ᠵᠠᠰᠠᠪᠤᠷᠢ ᠤᠷᠤᠭᠤᠯᠵᠠᠢ᠃ ᠰᠢᠨ᠎ᠡ ︽ᠲᠦᠷᠢᠮ︾ ᠤᠨ ᠲᠤᠳᠣᠷᠠᠬᠢ ᠠᠷᠪᠠᠨ ᠵᠢᠷᠭᠤᠳᠤᠭᠠᠷ ᠵᠦᠢᠯ ᠳᠤ ᠵᠠᠰᠠᠪᠤᠷᠢ | ᠤᠷᠤᠭᠤᠯᠤᠭᠠᠳ᠄ ᠭᠠᠮᠰᠢᠭ ᠤᠨ ᠪᠠᠴᠢᠮ ᠠᠪᠤᠷᠠᠯᠳᠠ᠂ ᠮᠠᠯᠴᠢᠳ ᠤᠨ ᠨᠡᠭᠦᠳᠡᠯ ᠰᠢᠯᠵᠢᠯᠳᠡ ᠶᠢᠨ ᠮᠠᠰᠢᠨ | ᠬᠦᠳᠡᠯᠭᠡᠭᠦᠷᠳᠦ ᠲᠡᠷᠭᠡ ᠤᠨᠤᠭ᠎ᠠ ᠠᠴᠠ ᠪᠤᠰᠣᠳ ᠮᠠᠰᠢᠨ ᠬᠦᠳᠡᠯᠭᠡᠭᠦᠷᠳᠦ ᠲᠡᠷᠭᠡ ᠤᠨᠤᠭ᠎ᠠ ᠵᠠᠮ ᠱᠣᠭᠤᠮ ᠠᠴᠠ | ᠵᠠᠶᠢᠳᠠᠵᠤ ᠦᠨᠳᠦᠰᠦᠨ ᠨᠤᠳᠤᠭ ᠪᠡᠯᠴᠢᠭᠡᠷ ᠲᠡᠭᠡᠷ᠎ᠡ ᠠᠶᠠᠯᠠᠬᠤ ᠶᠢ ᠬᠤᠷᠢᠭᠯᠠᠨ᠎ᠠ︔ ᠭᠡᠷᠪᠡ ᠭᠠᠵᠠᠷ ᠰᠢᠨᠵᠢᠯᠡᠭᠡᠨ ᠤ | ᠬᠠᠶᠢᠨ ᠪᠠᠶᠢᠴᠠᠭᠠᠯᠳᠠ᠂ ᠰᠢᠨᠵᠢᠯᠡᠬᠦ ᠤᠬᠠᠭᠠᠨ ᠤ ᠰᠣᠳᠣᠯᠭᠠᠨ ᠤ ᠠᠵᠢᠯ ᠤᠨ ᠱᠠᠭᠠᠷᠳᠠᠯᠭ᠎ᠠ ᠠᠴᠠ ᠪᠤᠯᠵᠤ ᠵᠠᠮ ᠠᠴᠠ | ᠵᠠᠶᠢᠳᠠᠵᠤ ᠲᠠᠯ᠎ᠠ ᠨᠤᠳᠤᠭ ᠲᠡᠭᠡᠷ᠎ᠡ ᠠᠶᠠᠯᠠᠬᠤ ᠴᠢᠬᠤᠯᠠ ᠲᠠᠢ ᠪᠤᠯ᠂ ᠲᠤᠬᠠᠢ ᠶᠢᠨ ᠭᠠᠵᠠᠷ ᠤᠷᠤᠨ ᠤ ᠬᠤᠰᠢᠭᠤᠨ ︵ | ᠰᠢᠶᠠᠨ︶ ᠤ ᠲᠡᠰ ᠤᠨ ᠠᠷᠠᠳ ᠤᠨ ᠵᠠᠰᠠᠭ ᠤᠨ ᠤᠷᠳᠤᠨ ᠤ ᠲᠠᠯ᠎ᠠ ᠨᠤᠳᠤᠭ ᠤᠨ ᠵᠠᠰᠠᠭ ᠵᠠᠬᠢᠷᠭᠠᠨ ᠤ ᠭᠤᠤᠯᠯᠠᠨ | ᠬᠠᠮᠢᠶᠠᠷᠴᠤ ᠪᠠᠶᠢᠭ᠎ᠠ ᠰᠠᠯᠠᠭ᠎ᠠ ᠮᠦᠴᠢᠷ ᠲᠤ ᠠᠶᠠᠯᠠᠯ ᠤᠨ ᠤᠷᠤᠨ ᠬᠡᠪᠴᠢᠶ᠎ᠡ ᠪᠠ ᠵᠠᠮ ᠱᠣᠭᠤᠮ ᠢᠶᠠᠨ ᠤᠷᠢᠳᠴᠢᠯᠠᠨ | ᠮᠡᠳᠡᠭᠦᠯᠪᠡᠯ ᠵᠤᠬᠢᠨ᠎ᠠ᠂ ᠲᠡᠷᠡ ᠮᠦᠷᠳᠡᠭᠡᠨ ᠮᠡᠳᠡᠭᠦᠯᠦᠭᠰᠡᠨ ᠠᠶᠠᠯᠠᠯ ᠤᠨ ᠬᠡᠪᠴᠢᠶ᠎ᠠ ᠪᠠ ᠵᠠᠮ ᠱᠣᠭᠤᠮ ᠤᠨ | ᠲᠠᠭᠠᠤ ᠳᠤ ᠠᠶᠠᠯᠠᠬᠤ ᠬᠡᠷᠡᠭᠳᠡᠢ ᠭᠡᠵᠡᠢ᠃ ᠭᠤᠴᠢᠨ ᠲᠦᠷᠪᠡᠳᠦᠭᠡᠷ ᠵᠦᠢᠯ ᠳᠤ ᠵᠠᠰᠠᠪᠤᠷᠢ ᠤᠷᠤᠭᠤᠯᠤᠭᠠᠳ᠄ ᠲᠤᠰ | ᠲᠦᠷᠢᠮ ᠤᠨ ᠠᠷᠪᠠᠨ ᠵᠢᠷᠭᠤᠳᠤᠭᠠᠷ ᠵᠦᠢᠯ ᠤᠨ ᠲᠤᠭᠳᠠᠭᠠᠯ ᠢ ᠵᠦᠷᠢᠴᠡᠨ᠂ ᠭᠠᠮᠰᠢᠭ ᠤᠨ ᠪᠠᠴᠢᠮ ᠠᠪᠤᠷᠠᠯᠳᠠ᠂ | ᠮᠠᠯᠴᠢᠳ ᠤᠨ ᠨᠡᠭᠦᠳᠡᠯ ᠰᠢᠯᠵᠢᠯᠳᠡ ᠶᠢᠨ ᠮᠠᠰᠢᠨ ᠬᠦᠳᠡᠯᠭᠡᠭᠦᠷᠳᠦ ᠲᠡᠷᠭᠡ ᠤᠨᠤᠭ᠎ᠠ ᠠᠴᠠ ᠪᠤᠰᠣᠳ ᠮᠠᠰᠢᠨ | ᠬᠦᠳᠡᠯᠭᠡᠭᠦᠷᠳᠦ ᠲᠡᠷᠭᠡ ᠤᠨᠤᠭ᠎ᠠ ᠵᠠᠮ ᠱᠣᠭᠤᠮ ᠠᠴᠠ ᠰᠠᠯᠵᠤ ᠦᠨᠳᠦᠰᠦᠨ ᠨᠤᠳᠤᠭ ᠪᠡᠯᠴᠢᠭᠡᠷ ᠲᠡᠭᠡᠷ᠎ᠡ ᠠᠶᠠᠯᠠᠬᠤ᠂ | ᠡᠰᠡᠭᠦᠯ᠎ᠡ ᠭᠠᠵᠠᠷ ᠰᠢᠨᠵᠢᠯᠡᠭᠡᠨ ᠤ ᠬᠠᠶᠢᠨ ᠪᠠᠶᠢᠴᠠᠭᠠᠯᠳᠠ᠂ ᠰᠢᠨᠵᠢᠯᠡᠬᠦ ᠤᠬᠠᠭᠠᠨ ᠤ ᠰᠣᠳᠣᠯᠭᠠᠨ ᠤ ᠠᠵᠢᠯ ᠤᠨ | ᠱᠠᠭᠠᠷᠳᠠᠯᠭ᠎ᠠ ᠠᠴᠠ ᠪᠤᠯᠵᠤ ᠵᠠᠮ ᠠᠴᠠ ᠵᠠᠶᠢᠳᠠᠵᠤ ᠲᠠᠯ᠎ᠠ ᠨᠤᠳᠤᠭ ᠲᠡᠭᠡᠷ᠎ᠡ ᠠᠶᠠᠯᠠᠬᠤ ᠳᠠᠭᠠᠨ ᠲᠤᠬᠠᠢ ᠶᠢᠨ ᠭᠠᠵᠠᠷ | ᠤᠷᠤᠨ ᠤ ᠬᠤᠰᠢᠭᠤᠨ ︵ᠰᠢᠶᠠᠨ︶ ᠤ ᠲᠡᠰ ᠤᠨ ᠠᠷᠠᠳ ᠤᠨ ᠵᠠᠰᠠᠭ ᠤᠨ ᠤᠷᠳᠤᠨ ᠤ ᠲᠠᠯ᠎ᠠ ᠨᠤᠳᠤᠭ ᠤᠨ ᠵᠠᠰᠠᠭ | ᠵᠠᠬᠢᠷᠭᠠᠨ ᠤ ᠭᠤᠤᠯᠯᠠᠨ ᠬᠠᠮᠢᠶᠠᠷᠴᠤ ᠪᠠᠶᠢᠭ᠎ᠠ ᠰᠠᠯᠠᠭ᠎ᠠ ᠮᠦᠴᠢᠷ ᠲᠤ ᠤᠷᠢᠳᠴᠢᠯᠡᠨ ᠡᠰᠡ ᠮᠡᠳᠡᠭᠦᠯᠦᠭᠰᠡᠨ ᠪᠤᠶᠤ | ᠮᠡᠳᠡᠭᠦᠯᠦᠭᠰᠡᠨ ᠠᠶᠠᠯᠠᠯ ᠤᠨ ᠤᠷᠤᠨ ᠬᠡᠪᠴᠢᠶ᠎ᠡ ᠪᠠ ᠵᠠᠮ ᠱᠣᠭᠤᠮ ᠢᠶᠠᠷ ᠢᠶᠠᠨ ᠡᠰᠡ ᠠᠶᠠᠯᠠᠵᠤ᠂ ᠲᠠᠯ᠎ᠠ ᠨᠤᠳᠤᠭ ᠤᠨ | ᠤᠷᠭᠤᠮᠠᠯ ᠬᠤᠴᠢᠯᠭ᠎ᠠ ᠳᠤ ᠡᠪᠳᠡᠯᠡᠭᠡ ᠤᠴᠠᠷᠠᠭᠤᠯᠤᠭᠰᠠᠨ ᠢ ᠬᠤᠰᠢᠭᠤᠨ ︵ᠰᠢᠶᠠᠨ︶ ᠤ ᠲᠡᠰ ᠤᠨ ᠲᠠᠯ᠎ᠠ | ᠨᠤᠳᠤᠭ ᠤᠨ ᠬᠢᠨᠠᠨ ᠬᠠᠮᠢᠶᠠᠷᠤᠯᠳᠠ ᠶᠢᠨ ᠪᠠᠶᠢᠭᠤᠯᠤᠮᠵᠢ ᠠᠴᠠ ᠲᠡᠳᠡᠭᠡᠷ ᠬᠠᠤᠯᠢ ᠶᠢ ᠵᠦᠷᠢᠴᠡᠭᠰᠡᠨ ᠠᠵᠢᠯᠯᠠᠭ᠎ᠠ ᠶᠢ | ᠵᠠᠷᠯᠢᠭᠳᠠᠨ ᠵᠤᠭᠰᠣᠭᠠᠵᠤ᠂ ᠬᠤᠭᠤᠴᠠᠭ᠎ᠠ ᠲᠤᠭᠳᠠᠭᠠᠨ ᠤᠷᠭᠤᠮᠠᠯ ᠬᠤᠴᠢᠯᠭ᠎ᠠ ᠶᠢ ᠰᠡᠷᠭᠦᠭᠡᠯᠭᠡᠨ᠎ᠡ᠂ ᠪᠠᠰᠠ ᠲᠠᠯ᠎ᠠ | ᠨᠤᠳᠤᠭ ᠤᠨ ᠤᠷᠭᠤᠮᠠᠯ ᠬᠤᠴᠢᠯᠭ᠎ᠠ ᠡᠪᠳᠡᠭᠳᠡᠬᠦ ᠠᠴᠠ ᠡᠮᠦᠨᠡᠬᠢ 3 ᠵᠢᠯ ᠤᠨ ᠲᠤᠮᠳᠠᠴᠢ ᠭᠠᠷᠤᠯᠳᠠ ᠶᠢᠨ | ᠦᠷᠳᠡᠭ ᠤᠨ 3 ᠲᠠᠬᠢᠨ ᠠᠴᠠ ᠲᠡᠭᠡᠭᠰᠢ 9 ᠲᠠᠬᠢᠨ ᠠᠴᠠ ᠲᠤᠷᠤᠭᠰᠢ ᠵᠤᠭᠤᠰ ᠢᠶᠠᠷ ᠲᠤᠷᠭᠠᠵᠤ ᠪᠤᠯᠤᠨ᠎ᠠ︔ | ᠨᠤᠳᠤᠭ ᠪᠡᠯᠴᠢᠭᠡᠷ ᠤᠨ ᠦᠮᠴᠢᠯᠡᠭᠴᠢ ᠪᠠ ᠬᠡᠷᠡᠭᠯᠡᠭᠴᠢ ᠳᠤ ᠬᠤᠬᠢᠷᠠᠯ ᠤᠴᠠᠷᠠᠭᠤᠯᠤᠭᠰᠠᠨ ᠪᠠᠶᠢᠪᠠᠯ᠂ ᠬᠠᠤᠯᠢ | ᠶᠤᠰᠣᠭᠠᠷ ᠲᠦᠯᠦᠪᠦᠷᠢᠯᠡᠬᠦ ᠬᠠᠷᠢᠭᠤᠴᠠᠯᠭ᠎ᠠ ᠡᠭᠦᠷᠭᠡᠯᠡᠬᠦ ᠬᠡᠷᠡᠭᠳᠡᠢ ᠭᠡᠵᠡᠢ᠃ | | | ︵ᠰᠣᠨᠢᠨ ᠠᠴᠠ ᠱᠦᠭᠦᠪᠡ︶ |