ᠠᠯᠠᠱᠨ ᠠᠶᠢᠮᠠᠭ  ᠤᠨ  ᠵᠠᠬᠢᠷᠭ᠎ᠠ  ᠶᠢᠨ  ᠤᠢ  ᠰᠢᠭᠤᠢ ᠨᠤᠲᠤᠭ ᠪᠠᠯᠴᠢᠭᠡᠷ  ᠤᠨ  ᠭᠠᠯ  ᠢ  ᠰᠡᠷᠭᠡᠶᠢᠯᠠᠬᠦ  ᠵᠠᠷᠯᠢᠭ
ᠨᠡᠶᠢᠲᠡᠯᠡᠭᠰᠡᠨ ᠴᠠᠭ᠄
2019/4/4
        ᠨᠢᠲᠤᠨ ᠡᠮᠤᠨ᠎ᠠ᠂ ᠪᠦᠬᠦ ᠠᠶᠢᠮᠠᠭ ᠨᠢᠭᠡᠨᠳᠡ ᠬᠠᠪᠤᠷ ᠤᠨ ᠤᠯᠠᠷᠢᠯ ᠤᠨ ᠤᠢ ᠰᠢᠭᠤᠢ ᠨᠤᠲᠤᠭ ᠪᠠᠯᠴᠢᠭᠡᠷ  ᠤᠨ ᠶᠡᠭᠡ ᠭᠠᠯ ᠤᠨ ᠠᠶᠤᠯᠲᠡᠢ ᠬᠤᠭᠤᠴᠠᠭᠠᠨ ᠳᠤ ᠤᠷᠤᠵᠦ᠂ ᠠᠯᠠᠱᠨ ᠠᠭᠤᠯᠨ᠂ ᠡᠵᠠᠨ᠎ᠠ ᠬᠤᠰᠢᠭᠤᠨ ᠤ ᠬᠤᠶᠠᠷ ᠳᠣᠮᠣ ᠤᠢ ᠶᠢᠨ ᠤᠷᠤᠨ ᠤ ᠭᠠᠯ ᠰᠡᠷᠭᠡᠶᠢᠯᠠᠬᠦ ᠠᠵᠢᠯ ᠤᠨ ᠪᠠᠶᠢᠳᠠᠯ ᠬᠦᠨᠲᠤ ᠨᠤᠴᠢᠲᠡᠢ ᠪᠠᠶᠢᠨ᠎ᠠ᠃ ᠪᠦᠬᠦ ᠠᠶᠢᠮᠠᠭ  ᠤᠨ ᠤᠢ ᠰᠢᠭᠤᠢ ᠨᠤᠲᠤᠭ ᠪᠠᠯᠴᠢᠭᠡᠷ ᠤᠨ ᠭᠠᠯ ᠰᠡᠷᠭᠡᠶᠢᠯᠠᠬᠦ ᠠᠵᠢᠯ ᠢ ᠦᠨ᠋ᠨᠨᠬᠦ ᠰᠠᠶᠢᠲᠤᠷ ᠠᠳᠬᠤᠬᠤ ᠶᠢᠨ ᠲᠤᠰᠠᠳᠠ᠂ ︽ᠪᠦᠬᠦᠳᠡ ᠨᠠᠶᠢᠷᠠᠮᠳᠠᠬᠤ ᠲᠤᠮᠳᠠᠲᠤ ᠠᠷᠠᠳ ᠤᠯᠤᠰ ᠤᠨ ᠤᠢ ᠰᠢᠭᠤᠢ ᠶᠢᠨ ᠬᠠᠤᠯᠢ︾᠂          ︽ᠪᠦᠬᠦᠳᠡ ᠨᠠᠶᠢᠷᠠᠮᠳᠠᠬᠤ ᠲᠤᠮᠳᠠᠲᠤ ᠠᠷᠠᠳ ᠤᠯᠤᠰ ᠤᠨ ᠨᠤᠲᠤᠭ ᠪᠠᠯᠴᠢᠭᠡᠷ ᠤᠨ ᠬᠠᠤᠯᠢ︾᠂ ︽ᠤᠢ ᠰᠢᠭᠤᠢ  ᠶᠢᠨ ᠭᠠᠯ ᠰᠡᠷᠭᠡᠶᠢᠯᠠᠬᠦ ᠲᠤᠭᠳᠠᠭᠠᠯ︾᠂ ︽ᠨᠤᠲᠤᠭ ᠪᠠᠯᠴᠢᠭᠡᠷ ᠤᠨ ᠭᠠᠯ ᠰᠡᠷᠭᠡᠶᠢᠯᠠᠬᠦ ᠲᠤᠭᠳᠠᠭᠠᠯ︾ ᠵᠡᠷᠭᠡ ᠬᠠᠮᠢᠶ᠎ᠠ ᠪᠦᠬᠦᠢ ᠲᠤᠭᠳᠠᠭᠠᠯ ᠢ ᠦᠨᠲᠤᠰᠦᠯᠠᠵᠦ᠂ ᠠᠶᠢᠮᠠᠭ ᠤᠨ ᠵᠠᠬᠢᠷᠭ᠎ᠠ ᠠᠴᠠ ᠪᠦᠬᠦ ᠠᠶᠢᠮᠠᠭ ᠤᠨ ᠭᠡᠪᠴᠢᠶᠠᠨ ᠲᠤᠲᠤᠷ᠎ᠠ ᠤᠢ ᠰᠢᠭᠤᠢ ᠨᠤᠲᠤᠭ ᠪᠠᠯᠴᠢᠭᠡᠷ ᠤᠨ ᠭᠠᠯ ᠰᠡᠷᠭᠡᠶᠢᠯᠠᠬᠦ ᠵᠠᠷᠯᠢᠭ ᠢ ᠴᠢᠩᠭ᠎ᠠ ᠭᠡᠷᠡᠭᠵᠢᠬᠦᠯᠬᠦ ᠪᠠᠷ ᠲᠤᠭᠳᠠᠭᠠᠵᠦ᠂ ᠤᠨᠴᠠᠭᠠᠶᠢᠯᠠᠨ ᠲᠤᠰ ᠭᠠᠯ ᠰᠡᠷᠭᠡᠶᠢᠯᠠᠬᠦ ᠵᠠᠷᠯᠢᠭ ᠢ ᠨᠠᠶᠢᠳᠠᠯᠠᠪᠠ᠃         ᠨᠢᠭᠡ ᠳᠤ᠂ ᠴᠢᠩᠭ᠎ᠠ ᠰᠡᠷᠭᠡᠶᠢᠯᠠᠬᠦ ᠬᠤᠭᠤᠴᠠᠭ᠎ᠠ  ᠄ 4 ᠰᠠᠷ᠎ᠠ ᠶᠢᠨ 1 ᠤ ᠡᠲᠤᠷ ᠠᠴᠠ 5 ᠰᠠᠷ᠎ᠠ ᠶᠢᠨ 1 ᠤ ᠡᠲᠤᠷ ᠬᠦᠷᠳᠡᠯ᠎ᠠ᠃         ᠬᠤᠶᠠᠷ ᠲᠤ᠂ ᠤᠢ ᠰᠢᠭᠤᠢ ᠨᠤᠲᠤᠭ ᠪᠠᠯᠴᠢᠭᠡᠷ ᠤᠨ ᠭᠠᠯ ᠢ ᠴᠢᠩᠭ᠎ᠠ ᠰᠡᠷᠭᠡᠶᠢᠯᠠᠬᠦ ᠬᠤᠭᠤᠴᠠᠭᠠᠨ ᠳᠤ᠂ ᠠᠯᠠᠱᠨ ᠠᠭᠤᠯᠨ᠂ ᠡᠵᠠᠨ᠎ᠠ ᠬᠤᠰᠢᠭᠤᠨ ᠤ ᠬᠤᠶᠠᠷ ᠳᠣᠮᠣ ᠤᠢ ᠶᠢᠨ ᠤᠷᠤᠨ ︵ᠲᠤᠤᠷ᠎ᠠ ᠤᠢ ᠶᠢᠨ ᠤᠷᠤᠨ ᠭᠡᠵᠦ ᠲᠦᠬᠦᠮᠴᠢᠯᠠᠨ᠎ᠠ︶ ᠳᠤ ᠭᠡᠭᠡᠷ᠎ᠠ ᠭᠠᠳᠠᠨ᠎ᠠ ᠠᠯᠢᠪᠠ ᠬᠠᠤᠯᠢ ᠪᠤᠰᠤ ᠪᠠᠷ ᠭᠠᠯ ᠭᠡᠷᠡᠭᠯᠡᠬᠦ ᠶᠢ ᠡᠷᠡᠰ ᠴᠠᠭᠠᠵᠠᠯᠠᠵᠦ᠂ ᠤᠢ ᠰᠢᠭᠤᠢ ᠨᠤᠲᠤᠭ ᠪᠠᠯᠴᠢᠭᠡᠷ ᠤᠨ ᠭᠠᠯ ᠤᠨ ᠠᠶᠤᠯ ᠢ ᠡᠬᠦᠰᠬᠡᠵᠦ ᠮᠡᠳᠡᠬᠦ ᠮᠠᠰᠢᠨ ᠪᠠ ᠰᠠᠭᠤᠭᠠᠯᠢ ᠠᠷᠠᠳ ᠤᠨ ᠠᠮᠢᠲᠤᠷᠠᠯ᠂ ᠦᠢᠯᠡᠳᠪᠤᠷᠢᠯᠠᠯ ᠲᠤᠮᠳᠠᠬᠢ ᠭᠠᠯ ᠭᠡᠷᠡᠭᠯᠡᠬᠦ ᠶᠢ ᠡᠷᠭᠡᠪᠰᠢ ᠴᠢᠩᠭ᠎ᠠ ᠬᠠᠮᠢᠶᠠᠷᠬᠤ ᠭᠡᠷᠡᠭᠲᠡᠢ᠃ ᠬᠤᠶᠠᠷ ᠲᠤᠮᠤ ᠤᠢ ᠶᠢᠨ ᠤᠷᠤᠨ ᠳᠤ ᠤᠷᠤᠬᠤ ᠨᠢᠭᠡᠴᠡ ᠪᠠ ᠬᠤᠪᠢ ᠬᠦᠮᠦᠨ ᠡᠷᠭᠡᠪᠰᠢ ᠠᠶᠢᠮᠠᠭ᠂ ᠬᠤᠰᠢᠭᠤᠨ ᠤ ᠤᠢ ᠰᠢᠭᠤᠢ ᠨᠤᠲᠤᠭ ᠪᠠᠯᠴᠢᠭᠡᠷ ᠤᠨ ᠭᠠᠯ ᠢ ᠰᠡᠷᠭᠡᠶᠢᠯᠠᠬᠦ ᠵᠢᠯᠤᠭᠤᠳᠬᠤ ᠭᠠᠵᠠᠷ ᠤᠨ ᠵᠦᠪᠰᠢᠶᠠᠷᠡᠯ ᠢ ᠤᠯᠤᠭᠰᠨᠨ ᠤ ᠲᠠᠷᠠᠭ᠎ᠠ ᠨᠡᠪᠳᠡᠷᠡᠬᠦ ᠦᠨᠠᠮᠯᠠᠯ ᠢᠶᠠᠨ ᠠᠪᠴᠦ ︵ᠲᠡᠷᠭᠡᠨ ᠳᠤ ᠭᠠᠯ ᠢ ᠰᠡᠷᠭᠡᠶᠢᠯᠠᠬᠦ  ᠪᠦᠷᠭᠦᠪᠴᠢ ᠶᠢ ᠤᠭᠰᠠᠷᠠᠨ᠎ᠠ︶᠂ ᠭᠠᠯ ᠢ ᠰᠡᠷᠭᠡᠶᠢᠯᠠᠬᠦ ᠠᠮᠤᠷ ᠲᠦᠪᠰᠢᠨ ᠤ  ᠬᠦᠮᠦᠵᠢᠯ ᠢ ᠬᠦᠷᠳᠡᠵᠦ᠂ ᠭᠠᠯ ᠰᠡᠷᠭᠡᠶᠢᠯᠠᠬᠦ ᠭᠡᠷ᠎ᠠ ᠶᠢ ᠲᠤᠭᠳᠠᠭᠠᠵᠦ᠂ ᠦᠪᠠᠷ ᠤᠨ ᠤᠬᠠᠮᠰᠠᠷ ᠠᠴᠠ ᠪᠠᠨ ᠤᠢ ᠰᠢᠭᠤᠢ ᠶᠢᠨ ᠲᠤᠲᠤᠭᠠᠲᠤ ᠶᠢ ᠬᠠᠮᠠᠭᠠᠯᠠᠬᠤ᠂ ᠵᠡᠪᠰᠡᠭᠲᠣ ᠴᠠᠭᠳᠠᠭᠠᠨ ᠤ ᠤᠢ  ᠰᠢᠭᠤᠢ ᠶᠢᠨ ᠴᠡᠷᠢᠭ ᠠᠩᠬᠢ᠂ ᠤᠢ ᠰᠢᠭᠤᠢ ᠶᠢ  ᠬᠠᠮᠠᠭᠠᠯᠠᠬᠤ ᠪᠠᠶᠢᠴᠠᠭᠠᠬᠤ ᠦᠷᠳᠡᠭᠡᠨ ᠤ ᠵᠢᠵᠢᠬᠦᠷᠯᠡᠭᠴᠢ  ᠶᠢᠨ ᠪᠠᠶᠢᠴᠠᠭᠠᠯᠳᠠ᠂ ᠬᠢᠨᠠᠯᠳᠠ ᠶᠢ ᠬᠦᠯᠢᠶᠠᠬᠦ ᠭᠡᠷᠡᠭᠲᠡᠢ᠃                 ᠭᠤᠷᠪᠠ   ᠳᠤ᠂ ᠤᠢ ᠰᠢᠭᠤᠢ ᠨᠤᠲᠤᠭ ᠪᠠᠯᠴᠢᠭᠡᠷ ᠤᠨ ᠭᠠᠯ ᠢ ᠴᠢᠩᠭ᠎ᠠ ᠰᠡᠷᠭᠡᠶᠢᠯᠠᠬᠦ ᠬᠤᠭᠤᠴᠠᠭᠠᠨ ᠳᠤ᠂ ᠤᠢ ᠰᠢᠭᠤᠢ ᠶᠢᠨ ᠤᠷᠤᠨ ᠤ ᠵᠢᠭᠤᠯᠴᠢᠯᠠᠯ ᠤᠨ ᠴᠡᠭ ᠲᠤ ᠲᠦᠳᠡᠭ ᠭᠠᠯ ᠤᠨ ᠦᠳᠡᠰᠢᠯᠡᠭᠡ᠂ ᠭᠡᠭᠡᠷ᠎ᠠ ᠲᠤᠭᠤᠭᠠᠯᠠᠬᠤ ᠵᠡᠷᠭᠡ ᠠᠵᠢᠯᠯᠠᠭ᠎ᠠ ᠦᠷᠨᠢᠬᠦᠯᠬᠦ ᠶᠢ ᠡᠷᠡᠰ ᠴᠠᠭᠠᠵᠠᠯᠠᠵᠦ᠂ ᠬᠠᠩᠰᠢ ᠶᠢᠨ ᠡᠲᠤᠷ ᠠᠭᠤᠯᠠᠨ ᠳᠤ ᠭᠠᠷᠴᠤ ᠲᠠᠬᠢᠯᠭ᠎ᠠ ᠳᠠᠬᠢᠵᠦ ᠴᠠᠭᠠᠰᠤ ᠲᠦᠯᠡᠬᠦ᠂ ᠬᠦᠵᠢ ᠵᠤᠯᠨ ᠠᠰᠠᠭᠠᠬᠤ ᠶᠢ ᠡᠷᠡᠰ ᠴᠠᠭᠠᠵᠠᠯᠠᠨ᠎ᠠ᠃ ᠤᠢ ᠰᠢᠭᠤᠢ  ᠶᠢᠨ ᠲᠤᠲᠤᠭᠠᠲᠤ ᠶᠢ ᠬᠠᠮᠠᠭᠠᠯᠠᠬᠤ᠂ ᠵᠡᠪᠰᠡᠭᠲᠣ ᠴᠠᠭᠳᠠᠭᠠᠨ ᠤ ᠤᠢ ᠰᠢᠭᠤᠢ ᠶᠢᠨ ᠴᠡᠷᠢᠭ ᠠᠩᠬᠢ᠂ ᠤᠢ ᠰᠢᠭᠤᠢ  ᠶᠢ ᠬᠠᠮᠠᠭᠠᠯᠠᠬᠤ ᠪᠠᠶᠢᠴᠠᠭᠠᠬᠤ ᠦᠷᠳᠡᠭᠡ ᠠᠭᠤᠯᠨ ᠶᠢ ᠴᠡᠪᠠᠷᠯᠠᠬᠦ᠂ ᠭᠤᠤ ᠵᠢᠯᠠᠭ᠎ᠠ ᠶᠢ ᠴᠡᠪᠠᠷᠯᠠᠬᠦ᠂ ᠬᠦᠳᠡᠭᠡ ᠶᠢ ᠴᠡᠪᠠᠷᠯᠡᠬᠦ ᠠᠵᠢᠯᠯᠠᠭ᠎ᠠ ᠶᠢ ᠲᠠᠬᠢᠨ ᠲᠠᠪᠳᠠᠨ ᠦᠷᠨᠢᠬᠦᠯᠵᠦ᠂ ᠴᠠᠭᠳᠠᠨ ᠪᠠᠶᠢᠴᠠᠭᠠᠬᠤ ᠨᠢᠭᠲᠠᠴᠠ ᠪᠠ ᠲᠤᠭ᠎ᠠ ᠨᠤᠷᠮ᠎ᠠ  ᠪᠠᠨ ᠲᠡᠭᠡᠭᠰᠢᠯᠡᠬᠦᠯᠵᠦ᠂ ᠠᠯᠢᠪᠠ ᠭᠠᠯ ᠤᠨ ᠤᠴᠢ ᠤᠢ ᠶᠢᠨ ᠤᠷᠤᠨ ᠳᠤ ᠤᠷᠤᠬᠤ ᠶᠢ ᠴᠢᠩᠭ᠎ᠠ ᠬᠤᠷᠢᠭᠯᠠᠨ᠂  ᠪᠣᠢ ᠪᠦᠬᠦᠢ ᠭᠠᠯ ᠤᠨ ᠠᠶᠤᠯ ᠤᠨ ᠲᠠᠯᠳᠠ ᠭᠡᠮ ᠢ ᠠᠷᠢᠯᠭᠠᠠᠬᠤ ᠭᠡᠷᠡᠭᠲᠡᠢ᠃         ᠲᠦᠷᠪᠠ ᠳᠤ  ᠂ ᠤᠢ ᠰᠢᠭᠤᠢ ᠨᠤᠲᠤᠭ ᠪᠠᠯᠴᠢᠭᠡᠷ ᠤᠨ ᠭᠠᠯ ᠢ ᠴᠢᠩᠭ᠎ᠠ ᠰᠡᠷᠭᠡᠶᠢᠯᠠᠬᠦ ᠬᠤᠭᠤᠴᠠᠭᠠᠨ ᠳᠤ᠂ ᠪᠦᠬᠦ ᠠᠶᠢᠮᠠᠭ ᠤᠨ ᠡᠯ᠎ᠠ ᠱᠠᠲᠤᠨ ᠤ ᠨᠠᠮ ᠵᠠᠰᠠᠭ ᠤᠨ ᠪᠠᠶᠢᠭᠤᠯᠤᠯᠭ᠎ᠠ᠂ ᠨᠠᠶᠢᠭᠡᠮ ᠤᠨ ᠪᠦᠯᠬᠦᠮ᠂ ᠠᠵᠤ ᠠᠬᠤᠶᠢᠯᠠᠯ ᠠᠵᠢᠯ ᠦᠢᠯᠡᠰ ᠤᠨ ᠨᠢᠭᠡᠴᠡ᠂ ᠠᠷᠠᠳ ᠤᠨ ᠴᠢᠯᠤᠭᠡᠯᠡᠬᠦ ᠴᠡᠷᠢᠭ  ᠂ ᠵᠡᠪᠰᠡᠭᠲᠤ ᠴᠠᠭᠳᠠᠭ᠎ᠠ ᠶᠢᠨ ᠴᠡᠷᠢᠭ ᠠᠩᠬᠢ ᠵᠢᠴᠢ ᠦᠷᠭᠡᠨ ᠤᠯᠠᠨ ᠺᠠᠳ᠋ᠷ ᠤᠯᠠᠨ ᠲᠦᠮᠠᠨ ᠪᠤᠯᠤᠨ ᠭᠠᠳᠠᠨ᠎ᠠ ᠠᠴᠠ ᠢᠷᠡᠭᠰᠡᠨ ᠬᠦᠮᠦᠰ ᠤᠨ ᠬᠤᠶᠠᠷ ᠲᠤᠮᠤ ᠤᠢ  ᠶᠢᠨ ᠤᠷᠤᠨ ᠳᠠᠬᠢ ᠠᠯᠢᠪᠠ ᠠᠵᠢᠯᠯᠠᠭ᠎ᠠ ᠡᠷᠭᠡᠪᠠᠢ ᠭᠠᠯ ᠢ ᠰᠡᠷᠭᠡᠶᠢᠯᠠᠬᠦ ᠠᠵᠢᠯ ᠤᠨ ᠶᠡᠭᠡ ᠲᠠᠯ᠎ᠠ ᠶᠢ ᠲᠠᠭᠠᠵᠦ᠂ ᠠᠶᠢᠮᠠᠭ᠂ ᠬᠤᠰᠢᠭᠤᠨ ᠤ ᠤᠢ ᠰᠢᠭᠤᠢ ᠨᠤᠲᠤᠭ ᠪᠠᠯᠴᠢᠭᠡᠷ ᠤᠨ ᠭᠠᠯ ᠢ ᠰᠡᠷᠭᠡᠶᠢᠯᠠᠬᠦ ᠭᠤᠤᠯ ᠬᠠᠮᠢᠶᠠᠷᠤᠯᠳᠠ ᠶᠢᠨ ᠰᠠᠯᠠᠭ᠎ᠠ ᠮᠦᠴᠢᠷ ᠤᠨ ᠨᠢᠭᠡᠲᠤᠯᠲᠡᠢ ᠳᠣᠬᠢᠷᠠᠭᠤᠯᠭ᠎ᠠ ᠪᠠᠶᠢᠷᠢᠯᠠᠭᠤᠯᠤᠯᠳᠠ ᠶᠢ ᠰᠤᠨᠤᠰᠬᠤ ᠭᠡᠷᠡᠭᠲᠡᠢ᠃ ᠠᠯᠢᠪᠠ ᠪᠠᠶᠢᠭᠤᠯᠤᠯᠭ᠎ᠠ ᠨᠢᠭᠡᠴᠡ ᠪᠠ ᠬᠤᠪᠢ ᠬᠦᠮᠦᠨ ᠤᠢ ᠰᠢᠭᠤᠢ ᠨᠤᠲᠤᠭ ᠪᠠᠯᠴᠢᠭᠡᠷ ᠤᠨ ᠭᠠᠯ ᠤᠨ ᠠᠶᠤᠯ ᠢ ᠰᠡᠷᠡᠵᠦ ᠮᠡᠳᠡᠪᠠᠯ ᠳᠠᠷᠣᠶᠢᠬᠠᠨ 12119  ᠤᠢ ᠰᠢᠭᠤᠢ ᠨᠤᠲᠤᠭ ᠪᠠᠯᠴᠢᠭᠡᠷ ᠤᠨ ᠭᠠᠯ ᠤᠨ ᠠᠶᠣᠯ ᠢ ᠮᠡᠳᠡᠬᠦᠯᠬᠦ ᠤᠳᠠᠰᠤ  ᠶᠢ ᠲᠦᠷᠭᠡᠨ ᠠᠪᠬᠤ ᠭᠡᠷᠡᠭᠲᠡᠢ᠂ ᠭᠠᠯ ᠢ ᠰᠡᠷᠭᠡᠶᠢᠯᠠᠬᠦ ᠵᠢᠯᠤᠭᠤᠳᠬᠤ ᠭᠠᠵᠠᠷ ᠤᠨ ᠠᠯᠪᠠᠨ ᠭᠡᠷ ᠰᠡᠷᠡᠮᠵᠢ ᠶᠢᠨ ᠤᠳᠠᠰᠤ ᠶᠢ ᠲᠤᠰᠤᠭᠰᠠᠨ ᠤ ᠳᠠᠷᠠᠭ᠎ᠠ᠂ ᠴᠠᠭ ᠲᠣᠬᠠᠢ ᠳᠤᠨᠢ ᠲᠤᠰ ᠭᠠᠵᠠᠷ ᠤᠷᠤᠨ ᠤ ᠠᠷᠠᠳ ᠤᠨ ᠵᠠᠰᠠᠭ ᠤᠨ ᠤᠷᠲᠤᠨ ᠵᠢᠴᠢ ᠬᠠᠮᠢᠶ᠎ᠠ ᠪᠦᠬᠦᠢ ᠰᠠᠯᠠᠭ᠎ᠠ ᠮᠦᠴᠢᠷ ᠲᠤ ᠮᠡᠳᠡᠭᠦᠯᠬᠦ ᠶᠢᠨ ᠬᠠᠮᠳᠣ᠂ ᠵᠣᠬᠢᠬᠤ ᠠᠷᠭ᠎ᠠ ᠭᠡᠮᠵᠢᠶ᠎ᠠ ᠠᠪᠴᠦ ᠢᠳᠡᠪᠬᠢᠳᠠᠢ ᠵᠤᠬᠢᠶᠠᠨ ᠪᠠᠶᠢᠭᠤᠯᠤᠨ ᠠᠪᠤᠷᠠᠬᠤ ᠭᠡᠷᠡᠭᠳᠡᠢ᠃         ᠲᠠᠪᠤ ᠳᠤ᠂  ︽ᠤᠷᠢᠳᠴᠢᠯᠠᠨ ᠰᠡᠷᠭᠡᠶᠢᠯᠠᠬᠦ ᠪᠠᠷ ᠭᠤᠤᠯᠯᠠᠭᠤᠯᠵᠦ᠂ ᠢᠳᠡᠪᠬᠢᠲᠡᠢ ᠣᠨᠳᠠᠷᠠᠭᠠᠬᠤ︾ ᠴᠢᠭᠯᠡᠯᠳᠠ ᠶᠢ ᠪᠠᠷᠢᠮᠳᠠᠯᠠᠵᠦ᠂ ᠭᠠᠯ ᠢ ᠣᠨᠳᠠᠷᠠᠭᠠᠬᠤ ᠪᠡᠯᠡᠳᠬᠡᠯ ᠲᠦᠰᠦᠪ ᠢᠶᠠᠨ ᠤᠯᠠᠮ ᠨᠢᠭᠡ ᠠᠯᠬᠤᠮ ᠲᠡᠬᠦᠯᠳᠡᠷᠵᠢᠬᠦᠯᠵᠦ᠂ ᠡᠳ᠋ ᠪᠠᠷᠠᠭ᠎ᠠ ᠶᠢ ᠨᠦᠭᠡᠴᠡᠯᠡᠬᠦ ᠠᠵᠢᠯ ᠢᠶᠠᠨ ᠴᠢᠩᠭᠠᠳᠬᠠᠨ᠂ ᠭᠠᠯ ᠢ ᠤᠨᠳᠠᠷᠠᠭᠠᠬᠤ ᠪᠠᠯᠡᠳᠭᠡᠯ  ᠢᠶᠠᠨ ᠬᠦᠢᠴᠡᠳ ᠰᠠᠶᠢᠨ ᠬᠢᠵᠦ᠂ ᠵᠡᠪᠰᠡᠭᠲᠣ ᠴᠠᠭᠳᠠᠭᠠᠨ ᠤ ᠤᠢ ᠰᠢᠭᠤᠢ ᠶᠢᠨ ᠴᠡᠷᠢᠭ ᠠᠩᠬᠢ  ᠂ ᠡᠯ᠎ᠠ ᠲᠤᠰᠬᠠᠢ ᠮᠠᠷᠭᠡᠵᠢᠯ᠂ ᠬᠠᠭᠠᠰ ᠲᠤᠰᠬᠠᠢ ᠮᠡᠷᠭᠡᠵᠢᠯ ᠤᠨ ᠭᠠᠯ ᠤᠨᠳᠠᠷᠠᠭᠠᠬᠤ ᠠᠩᠬᠢ ᠡᠷᠭᠡᠪᠰᠢ ᠲᠡᠭᠡᠲᠤ ᠭᠡᠮᠵᠢᠶ᠎ᠠ ᠪᠠᠷ ᠰᠡᠷᠭᠡᠶᠢᠯᠠᠬᠦ ᠪᠠᠶᠢᠳᠠᠯ ᠢᠶᠠᠨ ᠴᠠᠭ ᠢᠮᠠᠭᠳᠠ ᠪᠠᠷᠢᠮᠳᠠᠯᠠᠵᠦ᠂ ᠭᠠᠯ ᠤᠨ ᠠᠶᠤᠯ ᠢ ᠢᠯᠡᠷᠡᠬᠦᠯᠦᠭᠰᠡᠭᠡᠷ ᠲᠠᠷᠤᠢ ᠲᠦᠷᠭᠡᠨ ᠬᠦᠳᠡᠯᠤᠯᠴᠠᠵᠦ᠂ ᠭᠠᠯ ᠢ ᠡᠷᠳᠡᠭᠡᠨ ᠤᠨᠳᠠᠷᠠᠭᠠᠬᠤ ᠭᠡᠷᠡᠭᠲᠡᠢ᠃         ᠵᠢᠷᠭᠤᠭ᠎ᠠ ᠳᠤ᠂ ᠲᠡᠭᠡᠷ᠎ᠠ ᠲᠤᠷᠠᠲᠤᠭᠰᠠᠨ ᠴᠢᠩᠭ᠎ᠠ ᠰᠡᠷᠭᠡᠶᠢᠯᠠᠯᠳᠠ ᠶᠢᠨ ᠵᠠᠷᠯᠢᠭ ᠪᠠ ᠤᠢ ᠰᠢᠭᠤᠢ ᠨᠣᠲᠤᠭ ᠪᠡᠯᠴᠢᠭᠡᠷ ᠤᠨ ᠭᠠᠯ ᠢ ᠰᠡᠷᠭᠡᠶᠢᠯᠠᠬᠦ ᠬᠠᠣᠯᠢ ᠳᠦᠷᠢᠮ ᠳᠦᠷᠢᠮ ᠲᠤᠭᠳᠠᠭᠠᠯ ᠢ ᠵᠦᠷᠢᠴᠠᠨ ᠤᠢ ᠰᠢᠭᠤᠢ ᠨᠣᠲᠤᠭ ᠪᠡᠯᠴᠢᠭᠡᠷ ᠤᠨ ᠭᠠᠯ ᠤᠨ ᠠᠶᠤᠯ ᠢ ᠡᠬᠦᠰᠭᠡᠵᠦ ᠶᠠᠯ᠎ᠠ ᠬᠢᠭᠰᠡᠨ ᠪᠣᠯ ᠬᠠᠤᠯᠢ ᠶᠤᠰᠤᠭᠠᠷ ᠡᠷᠡᠬᠦᠦ ᠶᠢᠨ ᠭᠡᠷᠡᠭ  ᠤᠨ ᠬᠠᠷᠢᠭᠤᠴᠠᠯᠭ᠎ᠠ ᠨᠡᠭᠡᠮᠵᠢᠯᠠᠨ᠎ᠠ᠃ ᠶᠠᠯ᠎ᠠ ᠪᠤᠯᠤᠭᠰᠠᠨ ᠦᠭᠡᠢ ᠪᠤᠯ ︽ᠤᠢ ᠰᠢᠭᠤᠢ ᠶᠢᠨ ᠭᠠᠯ ᠢ ᠰᠡᠷᠭᠡᠶᠢᠯᠠᠬᠦ ᠲᠤᠭᠳᠠᠭᠠᠯ︾᠂ ︽ᠨᠤᠲᠤᠭ ᠪᠠᠯᠴᠢᠭᠡᠷ ᠤᠨ ᠭᠠᠯ ᠰᠡᠷᠭᠡᠶᠢᠯᠠᠬᠦ ᠲᠤᠭᠳᠠᠭᠠᠯ︾ ᠤᠨ ᠬᠠᠮᠢᠶ᠎ᠠ ᠪᠦᠬᠦᠢ ᠲᠤᠭᠳᠠᠭᠠᠯ ᠶᠤᠰᠤᠭᠠᠷ ᠲᠤᠷᠭᠠᠨ ᠰᠢᠳᠭᠡᠨ᠎ᠠ᠃ ᠬᠢᠨᠠᠯᠳᠠ ᠬᠠᠮᠢᠶᠠᠷᠤᠯᠳᠠ ᠴᠢᠩᠭ᠎ᠠ ᠪᠤᠰᠤ᠂ ᠠᠵᠢᠯ ᠤᠨ ᠬᠠᠷᠢᠭᠤᠴᠠᠯᠭ᠎ᠠ ᠪᠠᠨ ᠠᠯᠮᠠᠶᠢᠷᠠᠭᠤᠯᠵᠦ᠂ ᠭᠠᠯ ᠤᠨᠳᠠᠷᠠᠭᠠᠬᠤ ᠳᠣᠬᠢᠶᠠᠯ ᠢ ᠰᠠᠭᠠᠳᠠᠭᠤᠯᠵᠦ᠂ ᠵᠢᠯᠣᠭᠤᠳᠣᠯᠭ᠎ᠠ ᠮᠡᠬᠦᠰ᠂ ᠲᠤᠰᠢᠶᠠᠯ ᠬᠠᠷᠢᠭᠤᠴᠠᠯᠭ᠎ᠠ ᠪᠠᠨ ᠬᠦᠨᠲᠤ ᠨᠤᠴᠢᠲᠡᠢ ᠠᠯᠳᠠᠭᠰᠠᠨ ᠬᠤᠯᠪᠤᠭᠳᠠᠯ ᠪᠦᠬᠦᠢ ᠬᠠᠷᠢᠭᠤᠴᠠᠯᠭᠠᠳᠠᠨ ᠪᠠ ᠭᠠᠯ ᠤᠨᠳᠠᠷᠠᠭᠠᠬᠤ ᠵᠢᠯᠤᠭᠤᠲᠤᠭᠴᠢ ᠶᠢᠨ ᠬᠠᠷᠢᠭᠤᠴᠠᠯᠭ᠎ᠠ ᠶᠢ ᠦᠨᠲᠤᠰᠦᠯᠠᠨ ᠰᠢᠢᠳᠪᠤᠷᠢᠯᠠᠵᠦ᠂ ᠬᠦᠨᠲᠤ ᠪᠠᠷ ᠰᠢᠳᠭᠡᠨ᠎ᠡ᠃                                    2019 ᠤᠨ ᠤ  3 ᠰᠠᠷ᠎ᠠ ᠶᠢᠨ  28   ᠤ  ᠡᠲᠤᠷ
 
ᠢᠷᠡᠯᠲᠡ᠄ ᠠᠯᠠᠱᠠ ᠠᠶᠢᠮᠠᠭ ᠤᠨ ᠵᠠᠬᠢᠷᠭ᠎ᠠ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号