ᠨᠠᠢᠮᠠᠳᠤᠭᠠᠷ ᠬᠤᠭᠤᠴᠠᠭᠠᠨ ᠤ ᠠᠽᠢᠶ᠎ᠠ ᠨᠣᠮᠣᠬᠠᠨ ᠳᠠᠯᠠᠢ ᠶᠢᠨ ᠤᠷᠤᠨ ᠤ ᠠᠷᠠᠯᠵᠢᠶ᠎ᠠ ᠬᠤᠳᠠᠯᠳᠤᠭᠠᠨ ᠤ ᠰᠤᠷᠭᠠᠭᠤᠯᠢ ᠶᠢᠨ ᠡᠯᠡᠰᠦ ᠲᠤᠭᠤᠯᠬᠤ ᠤᠷᠤᠯᠳᠤᠭᠠᠨ ᠵᠢᠴᠢ 2019 ᠤᠨ ᠤ ᠠᠯᠠᠱᠠ ᠶᠢᠨ ᠰᠤᠶᠤᠯ ᠵᠢᠭᠤᠯᠴᠢᠯᠠᠯ ᠤᠨ ᠤᠯᠠᠷᠢᠯ ᠡᠬᠢᠯᠡᠯ᠎ᠠ
ᠨᠡᠶᠢᠲᠡᠯᠡᠭᠰᠡᠨ ᠴᠠᠭ᠄
2019/4/30
         ᠵᠢᠷᠤᠭ ᠪᠤᠯ᠂ ᠲᠠᠮᠢᠷᠴᠢᠳ ᠠᠯᠠᠱᠠ ᠶᠢᠨ ᠲᠡᠭᠷᠢ ᠡᠯᠡᠰᠦ ᠶᠢ ᠲᠤᠭᠤᠯᠬᠤ ᠤᠷᠤᠯᠳᠤᠭᠠᠨ ᠢᠶᠠᠨ ᠡᠬᠢᠯᠡᠬᠦᠯᠦᠯ᠎ᠠ᠃ ︵ᠵᠸᠦ ᠲᠦᠡᠭ ᠰᠡᠬᠦᠳᠡᠷᠯᠡᠪᠡ︶                        4 ᠰᠠᠷ᠎ᠠ  ᠶᠢᠨ 28  ᠤ ᠡᠳᠦᠷ᠂ ᠨᠠᠢᠮᠠᠳᠤᠭᠠᠷ ᠬᠤᠭᠤᠴᠠᠭᠠᠨ  ᠤ ᠠᠽᠢᠶ᠎ᠠ ᠨᠣᠮᠣᠬᠠᠨ ᠳᠠᠯᠠᠢ ᠶᠢᠨ ᠤᠷᠤᠨ  ᠤ ᠠᠷᠠᠯᠵᠢᠶ᠎ᠠ ᠬᠤᠳᠠᠯᠳᠤᠭᠠᠨ  ᠤ ᠰᠤᠷᠭᠠᠭᠤᠯᠢ  ᠶᠢᠨ ᠡᠯᠡᠰᠦ ᠲᠤᠭᠤᠯᠬᠤ ᠤᠷᠤᠯᠳᠤᠭᠠᠨ ᠵᠢᠴᠢ 2019 ᠤᠨ  ᠤ ᠠᠯᠠᠱᠠ  ᠶᠢᠨ ᠰᠤᠶᠤᠯ ᠵᠢᠭᠤᠯᠴᠢᠯᠠᠯ  ᠤᠨ ᠤᠯᠠᠷᠢᠯ  ᠤᠨ ᠡᠬᠢᠯᠡᠯᠳᠠ  ᠶᠢᠨ ᠶᠤᠰᠤᠯᠠᠯ ᠠᠯᠠᠱᠠ  ᠶᠢᠨ ᠲᠡᠭᠷᠢ ᠡᠯᠡᠰᠦᠨ  ᠳᠤ ᠶᠠᠪᠤᠭᠳᠠᠵᠦ᠂ ᠠᠽᠢᠶ᠎ᠠ ᠨᠣᠮᠣᠬᠠᠨ ᠳᠠᠯᠠᠢ   ᠶᠢᠨ ᠤᠷᠤᠨ  ᠤ ᠠᠷᠠᠯᠵᠢᠶ᠎ᠠ ᠬᠤᠳᠠᠯᠳᠤᠭᠠᠨ  ᠤ 105 ᠰᠤᠷᠭᠠᠭᠤᠯᠢ  ᠶᠢᠨ 300 ᠭᠠᠷᠤᠢ ᠰᠤᠳᠤᠠᠴᠤᠳ ᠤᠷᠤᠯᠴᠠᠭᠰᠠᠨ ᠪᠠᠶᠢᠨ᠎ᠠ᠃        ᠠᠶᠢᠮᠠᠭ ᠤᠨ ᠨᠠᠮ ᠤᠨ ᠬᠤᠷᠢᠶᠠᠨ ᠤ ᠲᠡᠳ᠋ ᠱᠦᠵᠢ᠂ ᠠᠶᠢᠮᠠᠭ ᠤᠨ ᠲᠠᠷᠤᠭ᠎ᠠ ᠲᠠᠶᠢᠴᠢᠨ ᠡᠬᠢᠯᠡᠯᠳᠠ ᠶᠢᠨ ᠶᠤᠰᠤᠯᠠᠯ ᠳᠤ ᠤᠷᠤᠯᠴᠠᠬᠤ ᠶᠢᠨ ᠬᠠᠮᠲᠦ ᠤᠷᠤᠯᠳᠤᠭᠠᠨ ᠡᠬᠢᠯᠡᠭᠰᠡᠨ ᠢ ᠵᠡᠷᠯᠠᠪᠠ᠃ ᠠᠶᠢᠮᠠᠭ ᠤᠨ ᠤᠳᠤᠷᠢᠳᠤᠯᠭ᠎ᠠ ᠰᠢᠤᠢ ᠵᠢᠩ ᠴᠦᠨ᠂ ᠭᠧ ᠮᠢᠩ ᠶᠤᠰᠤᠯᠠᠯ ᠳᠤ ᠤᠷᠤᠯᠴᠠᠪᠠ᠃        ᠠᠽᠢᠶ᠎ᠠ ᠨᠣᠮᠣᠬᠠᠨ ᠳᠠᠯᠠᠢ ᠶᠢᠨ ᠤᠷᠤᠨ ᠤ ᠠᠷᠠᠯᠵᠢᠶ᠎ᠠ ᠬᠤᠳᠠᠯᠳᠤᠭᠠᠨ ᠤ ᠰᠤᠷᠭᠠᠭᠤᠯᠢ ᠶᠢᠨ ᠡᠯᠡᠰᠦ ᠲᠤᠭᠤᠯᠬᠤ ᠠᠩᠬᠠᠨ ᠤ ᠤᠷᠤᠯᠳᠤᠭᠠᠨ ᠢᠶᠠᠨ 2012 ᠤᠨ ᠠᠴᠠ ᠡᠬᠢᠯᠡᠨ ᠠᠯᠠᠱᠠ ᠶᠢᠨ ᠲᠡᠭᠷᠢ ᠡᠯᠡᠰᠦᠨ ᠳᠤ ᠶᠠᠪᠤᠭᠳᠠᠭᠤᠯᠵᠦ᠂ ᠤᠳᠤ ᠪᠤᠯᠳᠠᠯ᠎ᠠ ᠨᠢᠬᠡᠨᠳᠠ 7 ᠤᠳᠠᠭ᠎ᠠ ᠡᠷᠬᠢᠯᠡᠭᠰᠡᠨ ᠪᠠᠶᠢᠨ᠎ᠠ᠃ ᠤᠤᠯ ᠳᠠᠭᠠᠨ ᠵᠦᠪᠬᠡᠨ 16 ᠰᠤᠷᠭᠠᠭᠤᠯᠢ ᠨᠢᠬᠡᠴᠠ ᠶᠢᠨ ᠬᠢᠨ ᠤᠷᠤᠯᠴᠠᠵᠦ ᠪᠠᠶᠢᠭᠰᠠᠨ ᠪᠤᠯ ᠤᠳᠤ ᠨᠢᠬᠡᠨᠳᠠ 105 ᠰᠤᠷᠭᠠᠭᠤᠯᠢ ᠨᠢᠬᠡᠴᠠ ᠶᠢᠨ ᠬᠢᠨ ᠤᠷᠤᠯᠴᠠᠨ᠂ ᠤᠷᠤᠯᠳᠤᠭᠠᠨ ᠳᠤ ᠤᠷᠤᠯᠴᠠᠭᠰᠠᠨ ᠬᠦᠮᠦᠨ ᠤ ᠲᠤᠭ᠎ᠠ ᠨᠢᠬᠡᠨᠳᠠ 1 ᠲᠦᠮᠠ ᠶᠢ ᠲᠠᠪᠠᠵᠦ᠂ ᠪᠦᠬᠦ ᠲᠡᠯᠡᠬᠡᠢ ᠶᠢᠨ ᠬᠡᠪᠴᠢᠶᠠᠨ ᠳᠤ ᠴᠦ ᠬᠡᠰᠡᠨ ᠨᠦᠯᠦᠬᠡ ᠲᠤᠰᠬᠠᠯ ᠲᠠᠢ ᠡᠯᠡᠰᠦ ᠲᠤᠭᠤᠯᠬᠤ ᠤᠷᠤᠯᠳᠤᠭᠠᠨ ᠤ ᠶᠠᠪᠤᠳᠠᠯ ᠪᠤᠯᠵᠦ ᠬᠦᠭᠵᠢᠵᠠᠢ᠃ ᠲᠤᠰ ᠤᠳᠠᠭᠠᠨ ᠤ ᠤᠷᠤᠯᠳᠤᠭᠠᠨ ᠳᠤ ᠮᠠᠨ ᠤ ᠤᠯᠤᠰ᠂ ᠰᠢᠶᠠᠩᠭᠠᠡᠭ᠂ ᠤᠤᠮᠧᠨ ᠵᠡᠷᠬᠡ ᠭᠠᠵᠡᠷ ᠤᠷᠤᠨ ᠠᠴᠠ ᠭᠠᠳᠠᠨ᠎ᠠ ᠰᠢᠩᠭᠠᠫᠤᠷ᠂ ᠠᠦ᠋ᠰᠲᠷᠠᠯᠢᠶ᠎ᠠ᠂ ᠠᠮᠧᠷᠢᠺᠠ᠂ ᠠᠩᠭ᠍ᠯᠢ᠂ ᠲᠠᠢ ᠤᠯᠤᠰ ᠵᠡᠷᠬᠡ 40 ᠭᠠᠷᠤᠢ ᠤᠯᠤᠰ ᠤᠷᠤᠨ ᠤ ᠬᠢᠨ ᠤᠷᠤᠯᠴᠠᠵᠦ᠂ ᠤᠷᠤᠯᠴᠠᠬᠤ ᠬᠦᠷᠢᠶ᠎ᠠ ᠬᠡᠪᠴᠢᠶ᠎ᠠ ᠪᠠᠷ ᠬᠠᠮᠤᠭ ᠲᠤᠮᠤ᠂ ᠦᠷᠢᠰᠦᠯᠳᠦᠬᠡᠨ ᠢᠶᠠᠷ ᠬᠠᠮᠤᠭ ᠴᠢᠩᠭ᠎ᠠ ᠨᠢᠬᠡ ᠤᠳᠠᠭᠠᠨ ᠤ ᠤᠷᠤᠯᠳᠤᠭᠠᠨ ᠪᠤᠯᠵᠠᠢ᠃ ᠮᠦᠨᠴᠦ ᠡᠨᠡᠬᠦ ᠤᠷᠤᠯᠳᠤᠭᠠᠨ ᠤ ᠨᠡᠷ᠎ᠠ ᠨᠦᠯᠦᠬᠡ ᠶᠢ ᠠᠰᠢᠭᠯᠠᠨ᠂ ᠮᠠᠨ ᠤ ᠠᠶᠢᠮᠠᠭ 2019 ᠤᠨ ᠤ ᠵᠢᠭᠤᠯᠴᠢᠯᠠᠯ ᠤᠨ ᠤᠯᠠᠷᠢᠯ ᠢᠶᠠᠨ ᠡᠬᠢᠯᠡᠬᠦᠯᠥᠭᠰᠠᠨ ᠪᠠᠶᠢᠨ᠎ᠠ᠃              ᠲᠤᠰ ᠤᠷᠤᠯᠳᠤᠭᠠᠨ ᠨᠢ ᠡᠩ ᠤᠨ ᠮᠠᠷᠠᠽᠤᠨ ᠤᠷᠤᠯᠳᠤᠭᠠᠨ ᠲᠠᠢ ᠬᠠᠷᠢᠴᠠᠭᠤᠯᠪᠠᠯ ᠪᠠᠶᠢᠭᠠᠯᠢ ᠤᠷᠴᠢᠨ ᠤ ᠲᠠᠯ᠎ᠠ ᠪᠠᠷ ᠠᠳᠠᠯᠢ ᠪᠤᠰᠤ ᠮᠦᠷᠳᠡᠬᠡᠨ ᠤᠷᠤᠯᠳᠤᠭᠠᠨ ᠤ ᠺᠤᠮᠢᠰ ᠤᠨ ᠬᠢᠨ ᠲᠠᠮᠢᠷᠴᠢᠳ ᠤᠨ ᠠᠷᠤ ᠠᠴᠠ ᠲᠠᠭᠠᠵᠦ ᠶᠠᠪᠤᠬᠤ ᠦᠬᠡᠢ ᠪᠤᠯᠬᠤᠷ ᠬᠦᠴᠦ ᠲᠠᠮᠢᠷ ᠪᠤᠯᠤᠨ ᠤᠶᠤᠨ ᠤᠬᠠᠭᠠᠨ ᠢ ᠰᠢᠯᠭᠠᠬᠤ ᠤᠷᠤᠯᠳᠤᠭᠠᠨ ᠪᠤᠯᠤᠨ᠎ᠠ᠃ ᠲᠤᠰ ᠤᠳᠠᠭᠠᠨ ᠤ ᠤᠷᠤᠯᠳᠤᠭᠠᠨ ᠳᠤ᠂ AB ᠲᠤᠭᠤᠢᠢᠯᠡᠩ ᠤᠨ ᠨᠢᠬᠡᠳᠦᠬᠡᠷ ᠡᠳᠦᠷ ᠤᠨ ᠵᠠᠮ ᠢ 26 ᠺᠢᠯᠦᠮᠧᠲᠷ ᠢᠶᠠᠷ ᠲᠤᠭᠳᠠᠭᠠᠵᠦ᠂ ᠬᠤᠶᠠᠳᠤᠭᠠᠷ ᠡᠳᠦᠷ ᠤᠨ ᠵᠠᠮ ᠢ 32 ᠺᠢᠯᠦᠮᠧᠲᠷ ᠢᠶᠠᠷ ᠲᠤᠭᠳᠠᠭᠠᠨ᠂ ᠭᠤᠷᠪᠠᠳᠤᠭᠠᠷ ᠡᠳᠦᠷ ᠤᠨ ᠵᠠᠮ ᠢ 12 ᠺᠢᠯᠦᠮᠧᠲᠷ ᠢᠶᠠᠷ ᠲᠤᠭᠳᠠᠭᠠᠵᠠᠢ︔ C ᠲᠤᠭᠤᠢᠢᠯᠡᠩ ᠤᠨ ᠨᠢᠬᠡᠳᠦᠬᠡᠷ ᠡᠳᠦᠷ ᠤᠨ ᠵᠠᠮ ᠢ 11 ᠺᠢᠯᠦᠮᠧᠲᠷ ᠢᠶᠠᠷ ᠲᠤᠭᠳᠠᠭᠠᠵᠦ᠂ ᠬᠤᠶᠠᠳᠤᠭᠠᠷ ᠡᠳᠦᠷ ᠤᠨ ᠵᠠᠮ ᠢ 10 ᠺᠢᠯᠦᠮᠧᠲᠷ ᠢᠶᠠᠷ ᠲᠤᠭᠳᠠᠭᠠᠨ᠂ ᠭᠤᠷᠪᠠᠳᠤᠭᠠᠷ ᠡᠳᠦᠷ ᠤᠨ ᠵᠠᠮ ᠢ 12 ᠺᠢᠯᠦᠮᠧᠲᠷ ᠢᠶᠠᠷ ᠲᠤᠭᠳᠠᠭᠠᠵᠠᠢ᠃ ᠢᠷᠡᠬᠦ 3 ᠡᠳᠦᠷ ᠤᠨ ᠬᠤᠭᠤᠴᠠᠭᠠᠨ ᠳᠤ ᠤᠷᠤᠯᠳᠤᠭᠠᠨ ᠳᠤ ᠤᠷᠤᠯᠴᠠᠭᠰᠠᠳ ᠲᠡᠭᠷᠢ ᠡᠯᠡᠰᠦ ᠶᠢᠨ 70 ᠺᠢᠯᠦᠮᠧᠲᠷ ᠭᠠᠵᠡᠷ ᠢ ᠲᠤᠭᠤᠯᠬᠤ ᠪᠤᠯᠤᠨ᠎ᠠ᠃  
 
ᠢᠷᠡᠯᠲᠡ᠄ ᠠᠯᠠᠱᠠ ᠶᠢᠨ ᠮᠣᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号