ᠮᠢᠩᠭᠠᠨ ᠱᠠᠪᠢ ᠲᠠᠢ ᠪᠠᠷᠢᠶᠠᠴᠢ
ᠨᠡᠶᠢᠲᠡᠯᠡᠭᠰᠡᠨ ᠴᠠᠭ᠄
2019/4/3
         ᠮᠠᠤ ᠪᠠᠭᠠᠨ᠎ᠠ ᠠᠵᠢᠯ ᠤᠨ ᠭᠠᠵᠠᠷ ᠲᠠᠭᠠᠨ ᠡᠮᠴᠢᠯᠡᠭᠡ ᠬᠢᠵᠤ ᠪᠠᠶᠢᠨ᠎ᠠ᠃ ︵ᠰᠠᠴᠠᠨ ᠰᠡᠬᠦᠳᠡᠷᠯᠡᠪᠡ︶                 — ᠪᠠᠷᠢᠶᠠᠴᠢ ᠮᠠᠤ ᠪᠠᠭᠠᠨ᠎ᠠ ᠶᠢᠨ ᠠᠮᠢᠳᠤᠷᠠᠯ ᠤᠶᠢᠯᠡᠰ ᠢ ᠲᠡᠮᠳᠡᠭᠯᠡᠪᠡ              ᠬᠤᠯᠠᠳᠠᠬᠢᠨ ᠢ ᠲᠤᠭᠳᠠᠭᠠᠭᠴᠢ ᠬᠤᠷᠢᠶᠠᠨ ᠤ ᠬᠦᠷᠢᠶᠡᠨ ᠳᠠᠬᠢ ᠵᠠᠮᠳᠡᠭᠴᠦᠳ ᠤᠨ ᠡᠷᠡᠬᠦᠯᠵᠢᠬᠦ ᠢᠯᠢᠯᠭᠡ ᠴᠢᠳᠠᠪᠤᠷᠢ ᠶᠢᠨ ᠪᠤᠯᠪᠠᠰᠤᠷᠠᠯ ᠤᠨ ᠰᠠᠭᠤᠷᠢᠨ ᠭᠠᠵᠠᠷ ᠲᠤ ᠮᠠᠤ ᠪᠠᠭᠠᠨ᠎ᠠ ᠬᠡᠳᠡᠭ ᠬᠠᠷᠠᠭ᠎ᠠ ᠮᠠᠭᠤᠳᠠᠢ ᠪᠠᠷᠢᠶᠠᠴᠢ ᠢᠯᠢᠵᠦ ᠨᠤᠬᠤᠯᠠᠬᠤ ᠡᠮᠴᠢᠯᠡᠭᠡ ᠬᠢᠵᠦ ᠪᠤᠢ᠃ ᠦᠷᠯᠦᠭᠡ ᠡᠷᠳᠡ ᠶᠢᠨ ᠲᠤᠯᠤᠭᠠᠨ ᠴᠠᠭ ᠠᠴᠠ ᠤᠷᠤᠢ ᠶᠢᠨ ᠨᠠᠢᠮᠠᠨ ᠴᠠᠭ ᠬᠦᠷᠳᠡᠯ᠎ᠡ ᠡᠳᠡᠨᠡᠶᠢᠬᠢᠨ ᠳᠤ ᠢᠯᠢᠵᠦ ᠨᠤᠬᠤᠯᠠᠭᠤᠯᠬᠤ ᠱᠠᠭᠠᠷᠳᠠᠯᠭ᠎ᠠ ᠲᠠᠢ ᠡᠪᠡᠳᠴᠢᠳᠡᠨ ᠲᠠᠰᠤᠷᠠᠳᠠᠭ ᠦᠭᠡᠢ᠃        ᠡᠳᠡᠭᠡᠷ ᠡᠪᠡᠳᠴᠢᠳᠡᠨ ᠤ ᠲᠤᠳᠤᠷ᠎ᠠ ᠬᠦᠵᠦᠬᠦᠦ ᠨᠢᠷᠤᠭᠤᠨ ᠤ ᠬᠡᠮ ᠠᠷᠬᠠᠭ ᠲᠠᠢ᠂ ᠬᠤᠳᠤᠭᠤᠳᠤ ᠰᠦᠰᠦᠨ ᠤ ᠡᠪᠡᠳᠴᠢᠨ ᠲᠠᠢ᠂ ᠴᠢᠰᠤᠨ ᠤ ᠲᠠᠭᠯᠠᠷᠠᠯ ᠤᠨ ᠡᠪᠡᠳᠴᠢᠳᠡᠨ᠂ ᠬᠡᠤᠬᠡᠳ ᠤᠯᠳᠠᠬᠤ ᠦᠭᠡᠢ ᠵᠦᠳᠡᠷᠡᠵᠦ ᠪᠠᠶᠢᠭ᠎ᠠ ᠬᠦᠮᠦᠰ ᠵᠡᠷᠭᠡ ᠵᠦᠢᠯ ᠪᠦᠷᠢ ᠶᠢᠨ ᠡᠪᠡᠳᠴᠢᠨ ᠤ ᠲᠠᠷᠴᠢᠯᠭᠠᠯ ᠳᠤ ᠵᠦᠳᠡᠷᠡᠭᠰᠡᠨ ᠬᠦᠮᠦᠰ ᠢᠷᠡᠵᠦ ᠡᠮᠴᠢᠯᠡᠭᠡ ᠬᠦᠰᠡᠳᠡᠭ᠃ ᠬᠠᠶᠠ ᠪᠠᠰᠠ ᠪᠡᠶ᠎ᠡ ᠶᠢᠨ ᠡᠪᠡᠳᠴᠢᠨ ᠢᠶᠠᠨ ᠲᠦᠷ ᠵᠠᠭᠤᠷ᠎ᠠ ᠴᠤ ᠪᠤᠯᠤᠭᠰᠠᠨ ᠬᠦᠩᠭᠡᠷᠡᠬᠦᠯᠵᠦ ᠰᠦᠨᠢ ᠳᠡᠭᠡᠨ ᠨᠦᠢᠷ ᠲᠠᠢ ᠬᠤᠨᠤᠬᠤ ᠶᠢ ᠬᠦᠰᠡᠭᠰᠡᠨ ᠬᠦᠮᠦᠰ ᠴᠤ ᠪᠤᠢ᠃ ᠮᠠᠤ ᠪᠠᠭᠠᠨ᠎ᠠ ᠲᠡᠳᠡᠨᠡᠷ ᠤᠨ ᠡᠪᠡᠳᠴᠢᠨ ᠵᠤᠪᠠᠯᠠᠩ ᠢ ᠨᠢ ᠬᠦᠩᠭᠡᠷᠡᠬᠦᠯᠵᠦ᠂ ᠡᠷᠳᠡ ᠨᠢᠭᠡᠨ ᠡᠳᠦᠷ ᠡᠷᠡᠬᠦᠯᠵᠢᠬᠦ ᠶᠢ ᠵᠤᠷᠢᠭᠰᠠᠭᠠᠷ ᠪᠠᠷᠢᠶᠠᠴᠢ ᠶᠢᠨ ᠠᠵᠢᠯ ᠢ ᠨᠠᠰᠤᠨ ᠤ ᠤᠶᠢᠯᠡᠰ ᠢᠶᠠᠨ ᠪᠤᠯᠭᠠᠨ ᠰᠢᠮᠳᠠᠭᠰᠠᠭᠠᠷ ᠢᠷᠡᠵᠡᠢ᠃              ᠮᠠᠤ ᠪᠠᠭᠠᠨ᠎ᠠ ᠪᠤᠯ ᠠᠯᠠᠱᠠ ᠵᠡᠬᠦᠨ ᠬᠤᠰᠢᠭᠤᠨ ᠤ ᠤᠨᠳᠤᠷᠤᠯᠳᠤ ᠪᠠᠯᠭᠠᠰᠤᠨ ᠤ ᠵᠠᠬᠠᠳᠤᠯᠤᠭᠠᠨ ᠭᠠᠴᠠᠭᠠᠨ ᠤ ᠤᠤᠭᠠᠯ᠃ 1992 ᠤᠨ ᠠᠴᠠ ᠪᠠᠷᠢᠶᠠᠴᠢ ᠶᠢᠨ ᠠᠵᠢᠯ ᠢᠶᠠᠨ ᠡᠬᠢᠯᠡᠬᠦᠯᠦᠭᠰᠡᠨ ᠠᠴᠠ ᠦᠨᠦ ᠪᠤᠯᠳᠠᠯ᠎ᠠ ᠲᠤᠭ᠎ᠠ ᠲᠤᠮᠰᠢ ᠦᠭᠡᠢ ᠤᠯᠠᠨ ᠡᠪᠡᠳᠴᠢᠳᠡᠨ ᠳᠤ ᠢᠯᠢᠵᠦ ᠪᠠᠷᠢᠬᠤ ᠡᠮᠴᠢᠯᠡᠭᠡ ᠬᠠᠩᠭᠠᠵᠦ ᠦᠭᠬᠦᠭᠰᠡᠨ ᠢᠶᠠᠷ ᠪᠠᠷᠠᠬᠤ ᠦᠭᠡᠢ ᠠᠯᠠᠱᠠ ᠵᠡᠬᠦᠨ ᠬᠤᠰᠢᠭᠤᠨ ᠤ ᠠᠵᠢᠯ ᠤᠯᠭᠤᠬᠤ ᠲᠤᠪᠴᠢᠶᠠᠨ ᠤ ᠬᠠᠮᠳᠤᠷᠠᠯᠴᠠᠭ᠎ᠠ ᠪᠠᠷ ᠠᠯᠠᠱᠠ ᠶᠢᠨ ᠵᠡᠮᠳᠡᠭᠴᠦᠳ ᠤᠨ ᠡᠷᠡᠬᠦᠯᠵᠢᠬᠦ ᠢᠯᠢᠯᠭᠡ ᠴᠢᠳᠠᠪᠤᠷᠢ ᠶᠢᠨ ᠪᠤᠯᠪᠠᠰᠤᠷᠠᠯ ᠤᠨ ᠰᠠᠭᠤᠷᠢᠨ ᠭᠠᠵᠠᠷ ᠡᠷᠬᠢᠯᠡᠵᠦ᠂ ᠤᠷᠤᠨ ᠤ ᠲᠤᠳᠤᠨ᠎ᠠ ᠭᠠᠳᠠᠨ᠎ᠠ ᠳᠠᠭᠠᠨ ᠲᠠᠪᠤᠨ ᠵᠠᠭᠤ ᠭᠠᠷᠤᠢ ᠱᠠᠪᠢ ᠬᠦᠮᠦᠵᠢᠬᠦᠯᠦᠭᠰᠡᠨ ᠴᠢᠳᠠᠪᠤᠷᠢᠳᠠᠢ ᠪᠠᠷᠢᠶᠠᠴᠢ ᠶᠤᠮ᠃        ᠬᠠᠷᠠᠭ᠎ᠠ ᠮᠠᠭᠤᠳᠠᠭᠰᠠᠨ ᠪᠠ ᠢᠷᠡᠭᠡᠳᠦᠢ ᠪᠠᠨ ᠤᠯᠵᠦ ᠬᠠᠷᠠᠭᠰᠠᠨ ᠨᠢ              ᠮᠠᠤ ᠪᠠᠭᠠᠨ᠎ᠠ 1982 ᠤᠨ ᠳᠤ ᠠᠩᠬ᠎ᠠ ᠲᠤᠮᠳᠠᠳᠤ ᠳᠤ ᠰᠤᠷᠤᠯᠴᠠᠵᠦ ᠪᠠᠶᠢᠬᠤ ᠳᠠᠭᠠᠨ ᠨᠢᠭᠡ ᠤᠳᠠᠭᠠᠨ ᠤ ᠬᠡᠨᠳᠡᠯ ᠢᠶᠠᠷ ᠬᠠᠷᠠᠭ᠎ᠠ ᠪᠠᠨ ᠬᠡᠮᠳᠦᠬᠡᠵᠡᠢ᠃ ᠡᠷ᠎ᠡ ᠬᠦᠴᠦ ᠪᠦᠷᠢᠳᠴᠦ ᠪᠠᠶᠢᠭ᠎ᠠ ᠵᠠᠯᠠᠭᠤ ᠽᠠᠨᠳᠠᠨ ᠨᠠᠰᠤᠨ ᠳᠤ ᠬᠠᠷᠠᠭ᠎ᠠ ᠮᠠᠭᠤᠳᠠᠴᠢᠬᠠᠨ᠎ᠠ ᠬᠡᠵᠦ ᠦᠨᠡᠭᠡᠷ ᠬᠠᠷᠠᠰᠠᠯᠳᠠᠢ ᠤᠴᠢᠷ ᠪᠤᠯᠵᠦ ᠮᠠᠤ ᠪᠠᠭᠠᠨ᠎ᠠ ᠶᠢᠨ ᠰᠡᠳᠬᠢᠯ ᠳᠤ ᠮᠠᠰᠢ ᠶᠡᠭᠡ ᠰᠢᠨᠠᠯᠤᠯᠳᠠ ᠪᠤᠯᠤᠭᠰᠠᠨ ᠪᠠᠶᠢᠨ᠎ᠠ᠃ ᠬᠡᠪᠡᠴᠦ ᠡᠷᠬᠢᠯᠳᠡ ᠦᠭᠡᠢ ᠤᠷᠴᠢᠯᠠᠩ ᠳᠤ ᠪᠤᠴᠠᠵᠦ ᠴᠢᠳᠠᠬᠤ ᠦᠭᠡᠢ᠂ ᠵᠤᠭᠰᠤᠵᠦ ᠴᠤ ᠪᠤᠯᠳᠠᠭ ᠦᠭᠡᠢ ᠨᠢ ᠠᠮᠢᠳᠤᠷᠠᠯ ᠤᠨ ᠶᠤᠰᠤ ᠤᠴᠢᠷ ᠠᠴᠠ ᠤᠷᠤᠭᠰᠢᠯᠠᠵᠦ ᠯᠠ ᠶᠠᠪᠤᠬᠤ ᠬᠡᠷᠡᠭᠳᠡᠢ ᠪᠤᠯᠵᠦ᠂ ᠰᠤᠷᠭᠠᠭᠤᠯᠢ ᠠᠴᠠ ᠪᠠᠨ ᠲᠤᠷᠭᠤᠨ ᠵᠤᠭᠰᠤᠭᠠᠳ ᠬᠦᠮᠦᠨ ᠲᠠᠢ ᠬᠠᠮᠳᠤᠷᠠᠨ ᠬᠦᠳᠡᠭᠡ ᠨᠤᠳᠤᠭ ᠢᠶᠠᠷ ᠨᠤᠤᠰᠤ ᠨᠤᠯᠤᠤᠷ᠂ ᠠᠷᠠᠰᠤ ᠤᠩᠭᠠᠰᠤ ᠬᠤᠷᠢᠶᠠᠬᠤ ᠠᠷᠠᠯᠵᠢᠶ᠎ᠠ ᠬᠢᠵᠦ ᠶᠠᠪᠤᠵᠡᠢ᠃ ᠲᠡᠭᠡᠬᠦ ᠳᠡᠭᠡᠨ ᠤᠯᠵᠠ ᠤᠮᠤᠭ ᠲᠠᠢ ᠬᠡᠳᠡᠶᠢᠵᠦ ᠶᠠᠪᠤᠭᠰᠠᠨ ᠤᠳᠠᠭ᠎ᠠ ᠪᠤᠢ᠂ ᠮᠠᠶᠢᠮᠠᠢ ᠱᠦᠬᠦᠭᠳᠡᠵᠦ ᠪᠠᠶᠢᠳᠠᠭ ᠢᠶᠠᠨ ᠦᠬᠡᠶᠢᠬᠢᠭᠰᠡᠨ ᠤᠳᠠᠭ᠎ᠠ ᠴᠤ ᠪᠤᠢ᠃              ᠠᠷᠠᠰᠤ ᠨᠤᠤᠰᠤ ᠬᠤᠷᠢᠶᠠᠬᠤ ᠠᠷᠠᠯᠵᠢᠶ᠎ᠠ ᠬᠢᠬᠦ ᠨᠢ ᠬᠠᠷᠠᠭ᠎ᠠ ᠮᠠᠭᠤᠳᠠᠢ ᠲᠡᠬᠦᠨ ᠳᠤ ᠠᠷᠠᠢ ᠬᠦᠴᠢᠷᠳᠡᠢ ᠰᠠᠨᠠᠭᠳᠠᠭᠰᠠᠨ ᠪᠤᠯᠬᠤᠷ ᠰᠡᠬᠦᠯᠡᠷ ᠨᠢ ᠪᠠᠭ᠎ᠠ ᠰᠠᠭ᠎ᠠ ᠰᠤᠯᠠ ᠠᠵᠢᠯ ᠬᠢᠵᠦ ᠪᠠᠶᠢᠭᠠᠳ ᠬᠦᠷᠭᠡᠨ ᠠᠬ᠎ᠠ ᠠᠴᠠ ᠪᠠᠨ ᠠᠯᠠᠱᠠ ᠵᠡᠬᠦᠨ ᠬᠤᠰᠢᠭᠤᠨ ᠤ ᠠᠵᠢᠯ  ᠣᠯᠭᠤᠯᠳᠠ ᠶᠢᠨ ᠲᠤᠪᠴᠢᠶᠠᠨ ᠠᠴᠠ ᠵᠡᠮᠳᠡᠭᠴᠦᠳ ᠲᠤ ᠵᠤᠷᠢᠭᠤᠯᠤᠭᠰᠠᠨ ᠢᠯᠪᠢᠨ ᠵᠠᠰᠠᠬᠤ ᠡᠮᠨᠡᠯᠭᠡ ᠶᠢᠨ ᠮᠡᠷᠭᠡᠵᠢᠯ ᠢᠶᠠᠷ ᠰᠤᠷᠤᠭᠴᠢ ᠡᠯᠰᠡᠵᠦ ᠪᠠᠶᠢᠬᠤ ᠴᠢᠮᠡᠭᠡ ᠶᠢ ᠤᠯᠵᠦ ᠰᠤᠨᠤᠰᠤᠭᠠᠳ      ︽ᠡᠨᠡ ᠯᠠ ᠨᠠᠳᠠᠳᠤ ᠲᠤᠬᠢᠷᠠᠬᠤ ᠠᠵᠢᠯ ᠪᠠᠶᠢᠨ᠎ᠠ︾ ᠬᠡᠵᠦ ᠪᠤᠳᠤᠮᠠᠭᠴᠠ ᠪᠠᠷᠢᠨ ᠲᠤᠤᠷ᠎ᠠ ᠪᠠᠨ ᠤᠴᠢᠵᠤ ᠨᠡᠷ᠎ᠡ ᠮᠡᠳᠡᠬᠦᠯᠵᠡᠢ᠃ ᠲᠡᠭᠡᠭᠡᠳ ᠯᠠ ᠬᠠᠭᠠᠰ ᠰᠠᠷ᠎ᠠ ᠪᠤᠯᠤᠯ ᠦᠭᠡᠢ ᠬᠦᠬᠡᠬᠤᠳᠠ ᠳᠤ ᠬᠦᠷᠴᠦ ᠡᠮᠨᠡᠯᠭᠡ ᠶᠢᠨ ᠲᠤᠰᠬᠠᠢ ᠮᠡᠷᠬᠡᠵᠢᠯ ᠤᠨ ᠰᠤᠷᠭᠠᠭᠤᠯᠢ ᠳᠤ ᠬᠤᠶᠠᠷ ᠵᠢᠯ ᠤᠨ ᠰᠤᠷᠤᠯᠴᠠᠯᠭ᠎ᠠ ᠪᠠᠨ ᠡᠬᠢᠯᠡᠬᠦᠯᠵᠡᠢ᠃ ᠰᠠᠶ᠋ᠢᠬᠠᠨ ᠠᠶᠢᠯ ᠬᠡᠷ ᠪᠤᠯᠵᠦ᠂ ᠡᠬᠡᠨᠡᠷ ᠨᠢ ᠰᠠᠷ᠎ᠠ ᠠᠴᠠ ᠭᠠᠷᠴᠤ ᠪᠠᠶᠢᠭ᠎ᠠ ᠲᠡᠬᠦᠨ ᠳᠤ ᠵᠠᠷᠤᠯᠭ᠎ᠠ ᠮᠦᠩᠬᠦ ᠮᠠᠰᠢ ᠬᠤᠮᠰᠠ ᠪᠠᠶᠢᠭᠰᠠᠨ ᠪᠤᠯᠪᠠᠴᠤ ᠬᠤᠶᠠᠷ ᠵᠢᠯ ᠤᠨ ᠬᠤᠭᠤᠴᠠᠭᠠᠨ ᠳᠤ ᠡᠮᠡᠭᠳᠡᠢ ᠶᠢᠨ ᠰᠠᠯᠠᠭ᠎ᠠ᠂ ᠰᠤᠳᠠᠰᠤᠨ ᠤ ᠰᠠᠯᠠᠭ᠎ᠠ᠂ ᠲᠤᠳᠤᠷ ᠰᠠᠯᠠᠭ᠎ᠠ᠂ ᠬᠢᠳᠡᠳ ᠮᠤᠩᠭᠤᠯ ᠡᠮᠨᠡᠯᠭᠡ ᠵᠡᠷᠭᠡ ᠡᠮᠴᠢᠯᠡᠭᠡᠨ ᠤ ᠮᠡᠷᠬᠡᠵᠢᠯ ᠢ ᠲᠦᠢᠯᠪᠤᠷᠢᠳᠠᠢ ᠰᠤᠷᠤᠯᠴᠠᠵᠦ᠂ ᠪᠠᠷᠢᠶᠠᠴᠢ ᠶᠢᠨ ᠮᠡᠷᠭᠡᠵᠢᠯ ᠤᠨ ᠡᠮᠴᠢᠯᠡᠭᠡᠨ ᠤ ᠦᠨᠡᠮᠯᠠᠯ ᠢᠶᠠᠨ ᠭᠠᠷᠳᠠᠭᠠᠳ᠂ ᠬᠡᠳᠦᠨ ᠠᠯᠬᠤᠮ ᠠᠴᠠ ᠴᠠᠰᠢ ᠲᠤᠳᠤ ᠤᠯᠵᠦ ᠬᠠᠷᠠᠬᠤ ᠦᠭᠡᠢ ᠪᠦᠳᠡᠬᠢ ᠬᠠᠷᠠᠩᠭᠤᠢ ᠶᠢᠨ ᠲᠤᠮᠳᠠ ᠠᠮᠢᠳᠤᠷᠠᠵᠦ ᠪᠠᠶᠢᠭᠰᠠᠨ ᠬᠦᠮᠦᠨ ᠲᠠᠬᠢᠨ ᠬᠠᠷᠠᠭ᠎ᠠ ᠪᠠᠨ ᠤᠯᠤᠭᠰᠠᠨ ᠰᠢᠤᠬᠠᠨ ᠪᠤᠯᠵᠦ ᠨᠤᠳᠤᠭ ᠲᠠᠭᠠᠨ ᠪᠤᠴᠠᠵᠦ ᠢᠷᠡᠵᠡᠢ᠃             ᠢᠯᠢᠯᠭᠡ ᠶᠢᠨ ᠠᠵᠢᠯ ᠢ ᠰᠢᠮᠳᠠᠵᠦ ᠵᠢᠳᠬᠦᠬᠦ ᠤᠶᠢᠯᠡᠰ ᠢᠶᠠᠨ ᠪᠤᠯᠭᠠᠭᠰᠠᠨ ᠨᠢ             ᠮᠠᠤ ᠪᠠᠭᠠᠨ᠎ᠠ ᠢᠯᠢᠯᠭᠡ ᠶᠢᠨ ᠭᠠᠵᠠᠷ ᠡᠷᠬᠢᠯᠡᠬᠦ ᠳᠤ ᠠᠯᠠᠱᠠ ᠳᠤ ᠢᠯᠢᠯᠭᠡ ᠶᠢᠨ ᠠᠵᠢᠯ ᠡᠷᠬᠢᠯᠡᠳᠡᠭ ᠬᠦᠮᠦᠨ ᠠᠯᠠᠭ᠎ᠠ ᠪᠠᠶᠢᠵᠡᠢ᠃ ᠲᠡᠶᠢᠮᠤ ᠳᠡᠭᠡᠨ ᠢᠯᠢᠯᠭᠡ ᠬᠢᠯᠭᠡᠳᠡᠭ ᠬᠦᠮᠦᠨ ᠴᠤ ᠲᠤᠩ ᠴᠦᠭᠡᠨ᠂ ᠬᠠᠶᠠ ᠨᠢᠭᠡ ᠡᠪᠡᠳᠴᠢᠳᠡᠨ ᠢᠷᠡᠵᠦ ᠪᠠᠷᠢᠭᠤᠯᠬᠤ ᠳᠤ ᠨᠢᠭᠡ ᠴᠠᠭ ᠪᠠᠷᠢᠵᠦ ᠦᠭᠬᠦᠭᠡᠳ ᠬᠤᠶᠠᠷ ᠵᠤᠭᠤᠰ ᠬᠤᠷᠢᠶᠠᠳᠠᠭ ᠪᠠᠶᠢᠵᠡᠢ᠃ ᠤᠯᠠᠩᠬᠢ ᠬᠦᠮᠦᠰ ᠬᠠᠷᠠᠭ᠎ᠠ ᠮᠠᠭᠤᠳᠠᠢ ᠬᠦᠮᠦᠨ ᠢᠯᠢᠯᠭᠡ ᠪᠠᠷ ᠲᠠᠮᠵᠢᠨ ᠡᠪᠡᠳᠴᠢᠨ ᠡᠳᠡᠭᠡᠷᠡᠬᠦᠯᠦᠨ᠎ᠡ ᠬᠡᠳᠡᠭ ᠢ ᠢᠳᠡᠭᠡᠬᠦ ᠦᠭᠡᠢ᠂ ᠬᠠᠭᠠᠰ ᠡᠳᠦᠷ ᠤᠯᠠᠨ ᠲᠠᠪᠤᠨ ᠵᠦᠢᠯ ᠢ ᠠᠰᠠᠭᠤᠵᠦ ᠰᠤᠷᠠᠭᠯᠠᠴᠢᠬᠠᠭᠠᠳ ᠪᠤᠴᠠᠬᠤ ᠨᠢ ᠤᠯᠠᠨ᠃ ᠵᠠᠷᠢᠮ ᠤᠴᠢᠷ ᠮᠡᠳᠡᠬᠦ ᠦᠭᠡᠢ ᠨᠤᠳᠤᠭ ᠤᠨ ᠬᠦᠮᠦᠰ ᠨᠢ ︽ᠰᠠᠶ᠋ᠢᠬᠠᠨ ᠠᠷᠠᠰᠤ ᠤᠩᠭᠠᠰᠤ ᠬᠤᠷᠢᠶᠠᠭᠠᠳ ᠶᠠᠪᠤᠵᠦ ᠪᠠᠶᠢᠭᠰᠠᠨ ᠵᠠᠯᠠᠭᠤ ᠬᠡᠨᠡᠳᠳᠡ ᠭᠠᠷ ᠲᠤᠨᠢ ᠡᠷᠳᠡᠮ ᠤᠷᠤᠴᠢᠬᠠᠨ᠎ᠠ ᠬᠡᠳᠡᠭ ᠯᠠᠪᠳᠠᠢ ᠬᠦᠮᠦᠨ ᠮᠡᠭᠡᠯᠡᠭᠰᠡᠨ ᠠᠵᠢᠯ ᠬᠢᠵᠦ ᠪᠠᠶᠢᠨ᠎ᠠ︾ ᠬᠡᠵᠦ ᠴᠤ ᠶᠠᠷᠢᠳᠠᠭ ᠪᠠᠶᠢᠵᠡᠢ᠃             ᠨᠢᠭᠡ ᠤᠳᠠᠭ᠎ᠠ ᠲᠡᠭᠷᠢ ᠡᠯᠡᠰᠦᠨ ᠳᠤ ᠨᠤᠳᠤᠭᠳᠠᠢ ᠳ᠋ᠠᠰᠢ ᠬᠡᠰᠡᠨ ᠡᠪᠦᠭᠡᠨ ᠲᠠᠶᠠᠭ ᠲᠤᠯᠴᠢᠬᠠᠭᠰᠠᠨ ᠲᠡᠬᠦᠨ ᠤ ᠲᠡᠷᠭᠡᠳᠡ ᠢᠷᠡᠭᠡᠳ ᠬᠠᠭᠠᠰ ᠢᠳᠡᠭᠡᠵᠦ ᠬᠠᠭᠠᠰ ᠰᠡᠵᠢᠭᠯᠡᠭᠰᠡᠨ ᠪᠠᠶᠢᠳᠠᠯ ᠲᠠᠢ ᠠᠷᠪᠠᠭᠠᠳ ᠡᠳᠦᠷ ᠪᠠᠷᠢᠭᠤᠯᠤᠭᠠᠳ ᠲᠠᠶᠠᠭ ᠢᠶᠠᠨ ᠬᠠᠶᠠᠴᠢᠬᠠᠭᠠᠳ ᠶᠠᠪᠤᠭᠰᠠᠨ ᠳᠤ ᠬᠦᠮᠦᠰ ᠰᠠᠶ᠋ᠢ ᠲᠡᠬᠦᠨ ᠤ ᠡᠷᠬᠢᠯᠡᠵᠦ ᠪᠠᠶᠢᠭ᠎ᠠ ᠤᠶᠢᠯᠡᠰ ᠢ ᠲᠠᠨᠢᠵᠦ ᠮᠡᠳᠡᠷᠡᠵᠦ ᠡᠬᠢᠯᠡᠭᠰᠡᠨ ᠪᠠᠶᠢᠨ᠎ᠠ᠃             ᠲᠡᠬᠦᠨ ᠠᠴᠠ ᠬᠤᠶᠢᠰᠢ ᠲᠡᠬᠦᠨ ᠤ ᠢᠯᠢᠵᠦ ᠪᠠᠷᠢᠬᠤ ᠠᠵᠢᠯ ᠤᠨ ᠦᠷᠦᠭᠡᠨ ᠳᠤ ᠢᠷᠡᠵᠦ ᠡᠪᠡᠳᠴᠢᠨ ᠢᠶᠠᠨ ᠬᠦᠩᠭᠡᠷᠡᠬᠦᠯᠬᠦ ᠬᠦᠮᠦᠨ ᠤᠯᠠᠰᠢᠷᠠᠵᠡᠢ᠃ ᠮᠠᠤ ᠪᠠᠭᠠᠨ᠎ᠠ ᠬᠤᠶᠠᠷ ᠵᠢᠯ ᠤᠨ ᠬᠤᠭᠤᠴᠠᠭ᠎ᠠ ᠲᠠᠢ ᠡᠮᠨᠡᠯᠭᠡ ᠶᠢᠨ ᠢᠯᠢᠯᠭᠡ ᠶᠢᠨ ᠮᠡᠷᠬᠡᠵᠢᠯ ᠢ ᠲᠤᠳᠤᠷ ᠰᠠᠯᠠᠭ᠎ᠠ᠂ ᠬᠦᠮᠦᠨ ᠤ ᠪᠡᠶ᠎ᠡ ᠶᠢᠨ ᠵᠠᠳᠠᠯᠬᠤᠢ ᠤᠬᠠᠭᠠᠨ᠂ ᠬᠢᠳᠡᠳ ᠡᠮᠨᠡᠯᠭᠡ ᠲᠠᠢ ᠤᠶᠠᠯᠳᠤᠭᠤᠯᠤᠨ ᠰᠤᠷᠤᠯᠴᠠᠭᠰᠠᠨ ᠮᠦᠷᠳᠡᠭᠡᠨ ᠬᠠᠷᠠᠭ᠎ᠠ ᠮᠠᠭᠤᠳᠠᠢ ᠬᠦᠮᠦᠨ ᠤ ᠬᠤᠷᠤᠭᠤᠨ ᠤ ᠮᠡᠳᠡᠷᠡᠮᠵᠢ ᠨᠢ ᠡᠩ ᠤᠨ ᠬᠦᠮᠦᠰ ᠠᠴᠠ ᠰᠠᠶᠢᠨ ᠪᠠᠶᠢᠳᠠᠭ ᠪᠤᠯᠬᠤᠷ ᠡᠪᠡᠳᠴᠢᠳᠡᠨ ᠤ ᠰᠤᠳᠠᠰᠤᠨ ᠤ ᠪᠡᠯᠴᠢᠷ ᠤᠯᠬᠤ ᠳᠠᠭᠠᠨ ᠰᠦᠷᠡᠬᠡᠢ᠃ ᠬᠤᠷᠢ ᠭᠠᠷᠤᠢ ᠵᠢᠯ ᠤᠨ ᠨᠢᠷᠤᠭᠤᠨ ᠲᠠᠪᠠᠭ ᠮᠥᠯᠳᠤᠷᠠᠬᠦ᠂ ᠬᠦᠵᠦᠬᠦᠨ ᠲᠠᠪᠠᠭ ᠤᠨ ᠮᠦᠯᠳᠦᠷᠦᠯ᠂ ᠦᠶ᠎ᠡ ᠬᠡᠰᠢᠬᠦᠨ ᠳᠤ ᠮᠦᠭᠡᠷᠰᠦ ᠤᠷᠭᠤᠬᠤ ᠮᠡᠳᠦ ᠶᠢᠨ ᠦᠶ᠎ᠡ ᠬᠡᠰᠢᠬᠦᠨ ᠤ ᠡᠪᠡᠳᠴᠢᠳᠡᠨ ᠳᠤ ᠤᠯᠠᠨᠳᠠ ᠡᠮᠴᠢᠯᠡᠭᠡ ᠬᠢᠭᠰᠡᠨ ᠢᠶᠠᠷ ᠪᠠᠷᠠᠬᠤ ᠦᠭᠡᠢ ᠬᠠᠶᠠ ᠪᠠᠰᠠ ᠰᠠᠪᠠ ᠬᠠᠵᠠᠶᠢᠭᠰᠠᠨ᠂ ᠰᠠᠪᠠ ᠨᠢ ᠲᠤᠷᠤᠭᠰᠢ ᠰᠠᠭᠤᠭᠰᠠᠨ᠂ ᠰᠠᠪᠠ ᠰᠡᠷᠢᠬᠦᠳᠡᠭᠰᠡᠨ ᠠᠴᠠ ᠪᠤᠯᠤᠭᠰᠠᠨ ᠬᠡᠤᠬᠡᠳ ᠤᠯᠳᠠᠬᠤ ᠦᠭᠡᠢ ᠵᠦᠳᠡᠷᠡᠵᠦ ᠪᠠᠶᠢᠭ᠎ᠠ ᠡᠮᠡᠭᠳᠡᠶᠢᠴᠦᠳ᠂ ᠬᠤᠳᠤᠭᠤᠳᠤ ᠰᠦᠰᠦ᠂ ᠴᠢᠰᠤᠨ ᠤ ᠲᠠᠭᠯᠠᠷᠠᠯ᠂ ᠴᠢᠰᠦ ᠦᠳᠭᠡᠷᠡᠬᠦ ᠵᠡᠷᠭᠡ ᠠᠴᠠ ᠪᠤᠯᠤᠭᠰᠠᠨ ᠡᠪᠡᠳᠴᠢᠳᠡᠨ ᠴᠤ ᠲᠡᠬᠦᠨ ᠢ ᠡᠷᠢᠵᠦ ᠢᠷᠡᠬᠦ ᠪᠤᠯᠤᠭᠰᠠᠨ ᠪᠠᠶᠢᠨ᠎ᠠ᠃ ᠡᠳᠡᠭᠡᠷ ᠤᠨ ᠲᠤᠳᠤᠷ᠎ᠠ ᠠᠷᠪᠠᠨ ᠬᠡᠳᠦᠨ ᠡᠳᠦᠷ ᠪᠠᠷᠢᠭᠤᠯᠴᠢᠬᠠᠭᠠᠳ ᠡᠳᠡᠭᠡᠷᠡᠵᠦ ᠪᠤᠴᠠᠭᠰᠠᠨ ᠬᠦᠮᠦᠰ ᠪᠤᠢ᠃ ᠤᠳᠠᠭᠠᠨ ᠴᠢᠨᠠᠷᠳᠠᠢ ᠡᠪᠡᠳᠴᠢᠨ ᠢᠶᠠᠨ ᠠᠷᠪᠠᠨ ᠬᠡᠳᠦᠨ ᠵᠢᠯ ᠢᠶᠠᠷ ᠲᠡᠬᠦᠨ ᠤ ᠲᠡᠨᠳᠡ ᠲᠤᠭᠳᠠᠭᠰᠠᠨ ᠬᠤᠭᠤᠴᠠᠭ᠎ᠠ ᠲᠠᠢ ᠡᠮᠴᠢᠯᠡᠭᠡ ᠬᠢᠵᠤ ᠪᠠᠶᠢᠭ᠎ᠠ ᠬᠥᠮᠤᠰ ᠴᠤ ᠪᠤᠢ᠃ ᠴᠢᠰᠤᠨ ᠤ ᠲᠠᠭᠯᠠᠷᠠᠯ ᠠᠴᠠ ᠪᠤᠯᠵᠦ ᠰᠠᠶᠢᠨ ᠠᠯᠬᠤᠵᠦ ᠴᠢᠳᠠᠬᠤ ᠦᠭᠡᠢ ᠪᠠᠶᠢᠭᠰᠠᠨ ᠬᠦᠮᠦᠨ ᠰᠠᠷ᠎ᠠ ᠭᠠᠷᠤᠢ ᠪᠠᠷᠢᠭᠤᠯᠴᠢᠬᠠᠭᠠᠳ ᠦᠪᠡᠷ ᠲᠡᠭᠡᠨ ᠠᠯᠬᠤᠵᠦ ᠬᠢᠰᠬᠢᠬᠦ ᠪᠤᠯᠤᠭᠰᠠᠨ ᠵᠢᠱᠢᠶ᠎ᠡ ᠴᠣ᠋ ᠮᠤᠩᠳᠠᠬᠤ ᠦᠭᠡᠢ᠃             ᠡᠷᠳᠡᠮ ᠢᠶᠠᠨ ᠤᠯᠠᠮᠵᠢᠯᠠᠵᠦ ᠵᠦᠳᠡᠷᠡᠭᠰᠡᠨ ᠢ ᠲᠤᠰᠠᠯᠠᠭᠰᠠᠨ ᠪᠤᠶᠠᠨ ᠤ ᠮᠦᠷ             ᠮᠠᠤ ᠪᠠᠭᠠᠨ᠎ᠠ ᠭᠠᠷ ᠤᠨ ᠱᠠᠪᠢ ᠭᠡᠳᠤᠢ ᠪᠤᠯᠤᠬᠰᠠᠨ ᠢᠶᠠᠨ ᠲᠤᠭᠠᠯᠠᠬᠤ ᠳᠤ ᠪᠡᠷᠭᠡ᠃ ᠥᠡᠭᠭᠡᠷᠡᠭᠰᠡᠨ ᠳᠤ 500 ᠱᠠᠪᠢ ᠲᠠᠢ ᠭᠡᠵᠤ ᠪᠠᠶᠢᠬᠰᠠᠨ᠃ ᠲᠡᠬᠦᠨ ᠤ ᠵᠠᠮᠳᠡᠭᠴᠦᠳ ᠤᠨ ᠡᠷᠡᠬᠦᠯᠵᠢᠬᠦ ᠢᠯᠢᠯᠭᠡ ᠴᠢᠳᠠᠪᠤᠷᠢ ᠶᠢᠨ  ᠪᠤᠯᠪᠠᠰᠤᠷᠠᠯ ᠤᠨ ᠰᠠᠭᠤᠷᠢᠨ ᠭᠠᠵᠠᠷ ᠲᠤ ᠪᠤᠯᠪᠠᠰᠤᠷᠠᠯ ᠬᠦᠷᠳᠡᠵᠦ᠂ ᠮᠡᠷᠬᠡᠵᠢᠯ ᠤᠨ ᠦᠨᠡᠮᠯᠠᠯ ᠠᠪᠤᠭᠰᠠᠨ ᠬᠦᠮᠦᠨ ᠤ ᠲᠤᠭ᠎ᠠ ᠮᠢᠩᠭᠠᠭᠠᠳ ᠬᠦᠷᠴᠦ᠂ ᠡᠬᠦᠨ ᠳᠤ ᠮᠤᠩᠭᠤᠯ ᠤᠯᠤᠰ ᠤᠨ ᠱᠠᠪᠢ ᠪᠤᠢ᠂ ᠰᠧᠴᠤᠸᠠᠨ ᠵᠡᠷᠭᠡ ᠭᠠᠳᠠᠨ᠎ᠠ ᠮᠤᠵᠢ ᠤᠷᠤᠨ ᠠᠴᠠ ᠢᠷᠡᠵᠦ ᠪᠠᠭᠰᠢ ᠪᠠᠷᠢᠭᠰᠠᠨ ᠬᠦᠮᠦᠨ ᠴᠤ ᠪᠤᠢ᠃ ᠪᠠᠰᠠ ᠤᠷᠳᠤᠰ᠂ ᠪᠠᠶᠠᠨᠨᠠᠭᠤᠷ ᠵᠡᠷᠭᠡ ᠵᠡᠷᠭᠡᠯᠡᠳᠡᠭᠡ ᠠᠶᠢᠮᠠᠭ ᠬᠤᠳᠠ ᠠᠴᠠ ᠢᠷᠡᠵᠦ ᠢᠯᠢᠯᠭᠡ ᠶᠢᠨ ᠮᠡᠷᠭᠡᠵᠢᠯ ᠢ ᠨᠢ ᠰᠤᠷᠤᠯᠴᠠᠳᠠᠭ ᠪᠠᠶᠢᠨ᠎ᠠ᠃ ᠠᠯᠠᠱᠠ ᠶᠢᠨ ᠭᠤᠷᠪᠠᠨ ᠬᠤᠰᠢᠭᠤ᠂ ᠬᠤᠶᠠᠷ ᠤᠷᠤᠨ ᠳᠤ ᠢᠯᠢᠯᠭᠡ ᠶᠢᠨ ᠭᠠᠵᠠᠷ ᠡᠷᠬᠢᠯᠡᠵᠦ ᠪᠠᠶᠢᠭ᠎ᠠ ᠶᠢᠨ ᠤᠯᠠᠩᠬᠢ ᠨᠢ ᠲᠡᠬᠦᠨ ᠤ ᠭᠠᠷ ᠤᠨ ᠱᠠᠪᠢ ᠶᠤᠮᠰᠠᠨ᠃ ᠮᠠᠤ ᠪᠠᠭᠠᠨ᠎ᠠ ᠶᠢᠨ ᠱᠠᠪᠢᠨᠡᠷ ᠤᠨ ᠲᠤᠳᠤᠷ᠎ᠠ ᠠᠵᠢᠯ ᠤᠨ ᠪᠠᠶᠢᠷᠢᠨ ᠠᠴᠠ ᠪᠠᠨ ᠡᠷᠳᠡ ᠪᠠᠭᠤᠭᠰᠠᠨ ᠬᠦᠮᠦᠰ᠂ ᠮᠠᠯᠵᠢᠬᠤ ᠶᠢ ᠵᠤᠭᠰᠤᠭᠠᠭᠰᠠᠨ ᠠᠴᠠ ᠬᠤᠳᠠ ᠤᠷᠤᠭᠰᠠᠨ ᠮᠠᠯᠴᠢᠳ᠂ ᠡᠰᠡᠬᠦᠯ᠎ᠡ ᠬᠠᠷᠠᠭ᠎ᠠ ᠦᠭᠡᠢ ᠵᠡᠮᠳᠡᠭ ᠬᠦᠮᠦᠰ ᠤᠯᠠᠨ ᠪᠠᠶᠢᠳᠠᠭ᠃ ᠲᠡᠷᠡ ᠦᠷᠬᠦᠯᠵᠢ ᠱᠠᠪᠢᠨᠠᠷ ᠲᠠᠭᠠᠨ ︽ᠡᠨᠡ ᠮᠡᠷᠭᠡᠵᠢᠯ ᠢ ᠲᠦᠰᠢᠭᠡᠳ ᠪᠠᠶᠠᠨ ᠡᠷᠬᠢᠮᠰᠦᠭ ᠠᠮᠢᠳᠤᠷᠠᠵᠦ ᠴᠢᠳᠠᠬᠤ ᠦᠭᠡᠢ ᠴᠤ ᠬᠡᠰᠡᠨ ᠦᠪᠡᠷ ᠤᠨ ᠪᠡᠶ᠎ᠡ ᠪᠠᠨ ᠯᠠᠪᠳᠠᠢ ᠲᠡᠵᠢᠬᠡᠵᠦ ᠴᠢᠳᠠᠨ᠎ᠠ᠃ ᠡᠶᠢᠮᠤ ᠠᠴᠠ ᠮᠡᠷᠬᠡᠵᠢᠯ ᠰᠤᠷᠬᠤ ᠳᠠᠭᠠᠨ ᠰᠡᠳᠬᠢᠯ ᠲᠠᠯᠪᠢᠵᠦ ᠲᠦᠢᠯᠪᠤᠷᠢᠳᠠᠢ ᠰᠤᠷᠬᠤ ᠬᠡᠷᠡᠭᠳᠡᠢ︾ ᠬᠡᠵᠦ ᠨᠠᠭᠠᠳᠤ ᠵᠠᠬ᠎ᠠ ᠳᠠᠭᠠᠨ ᠵᠢᠯ ᠭᠠᠷᠤᠢ ᠲᠠᠭᠠᠭᠤᠯᠵᠦ ᠭᠠᠷᠳᠠᠨ ᠵᠢᠭᠠᠳᠠᠭ ᠪᠠᠶᠢᠨ᠎ᠠ᠃             ᠲᠡᠳᠡᠨ ᠤ ᠢᠯᠢᠯᠭᠡ ᠴᠢᠳᠠᠪᠤᠷᠢ ᠶᠢᠨ ᠰᠠᠭᠤᠷᠢᠨ ᠭᠠᠵᠠᠷ ᠲᠤ ᠤᠳᠤᠬᠠᠨ ᠳᠤ ᠨᠠᠢᠮᠠᠨ ᠬᠦᠮᠦᠨ ᠠᠵᠢᠯᠯᠠᠵᠦ ᠰᠤᠷᠤᠯᠴᠠᠨ᠂ ᠲᠤᠭᠳᠠᠭᠰᠠᠨ ᠠᠵᠢᠯᠯᠠᠬᠤ ᠡᠳᠦᠷ ᠲᠠᠢ ᠢᠷᠡᠵᠦ ᠡᠪᠡᠳᠴᠢᠳᠡᠨ ᠳᠤ ᠢᠯᠢᠯᠭᠡ ᠬᠢᠳᠡᠭ᠃ ︽ᠶᠡᠷᠡᠭᠡᠳ ᠤᠨ ᠤ ᠦᠶᠡᠰ ᠦᠶ᠎ᠡ ᠬᠡᠰᠢᠬᠦᠦ ᠶᠢᠨ ᠡᠪᠡᠳᠴᠢᠨ ᠤᠯᠬᠤ ᠨᠢ ᠤᠯᠠᠩᠬᠢ ᠳᠠᠭᠠᠨ ᠲᠠᠪᠢ ᠵᠢᠷᠠ ᠭᠠᠳᠤᠯᠤᠭᠰᠠᠨ ᠨᠠᠰᠤᠳᠠᠶᠢᠴᠤᠳ ᠪᠠᠶᠢᠳᠠᠭ ᠪᠠᠶᠢᠭᠰᠠᠨ᠂ ᠤᠳᠤ ᠬᠠᠷᠢᠨ ᠵᠠᠯᠠᠭᠤᠴᠤᠳ ᠪᠠᠭᠠᠴᠤᠳ ᠦᠶ᠎ᠡ ᠬᠡᠰᠢᠬᠦᠦ ᠶᠢᠨ ᠡᠪᠡᠳᠴᠢᠨ ᠳᠤ ᠪᠠᠷᠢᠭᠳᠠᠬᠤ ᠪᠤᠯᠵᠡᠢ᠃ ᠮᠠᠨ ᠤ ᠡ᠊ᠨᠳᠡ ᠡᠮᠴᠢᠯᠡᠭᠡ ᠬᠢᠵᠦ ᠪᠠᠶᠢᠭ᠎ᠠ ᠬᠤᠷᠢᠭᠠᠳ ᠨᠠᠰᠤᠨ ᠤ᠂ ᠭᠤᠴᠢᠭᠠᠳ ᠨᠠᠰᠤᠨ ᠤ ᠵᠠᠯᠠᠭᠤᠴᠤᠳ ᠡᠳᠦᠷ ᠢᠷᠡᠬᠦᠶ᠎ᠡ ᠤᠯᠠᠰᠢᠷᠠᠵᠦ ᠪᠠᠶᠢᠨ᠎ᠠ᠃ ᠵᠠᠷᠢᠮ ᠳᠠᠭᠠᠨ ᠡᠪᠡᠳᠴᠢᠳᠡᠨ ᠤᠯᠠᠰᠢᠷᠠᠭᠠᠳ ᠭᠠᠭᠴᠠ ᠬᠦᠮᠦᠨ ᠨᠢᠭᠡ ᠡᠳᠦᠷ ᠠᠷᠪᠠᠨ ᠬᠡᠳᠦᠨ ᠬᠦᠮᠦᠨ ᠳᠤ ᠪᠠᠷᠢᠬᠤ ᠤᠴᠢᠷ ᠴᠤ ᠲᠤᠬᠢᠶᠠᠯᠳᠤᠬᠤ ᠪᠤᠯᠵᠡᠢ︾ ᠬᠡᠵᠦ ᠮᠠᠤ ᠪᠠᠭᠠᠨ᠎ᠠ ᠰᠤᠷᠪᠤᠯᠵᠢᠯᠠᠭᠴᠢ ᠳᠤ ᠶᠠᠷᠢᠵᠦ ᠪᠢᠯᠡ᠃             ᠬᠦᠮᠦᠰ ᠤᠨ ᠵᠤᠪᠠᠯᠠᠩ ᠢ ᠬᠦᠩᠭᠡᠯᠡᠵᠦ ᠦᠭᠬᠦ ᠠᠵᠢᠯ ᠪᠤᠯᠪᠠᠴᠤ ᠡᠷᠬᠢᠯᠡᠵᠦ ᠪᠠᠶᠢᠭ᠎ᠠ ᠤᠶᠢᠯᠡᠰ ᠲᠡᠭᠡᠨ ᠲᠦᠰᠢᠭᠯᠡᠨ ᠵᠤᠭᠤᠰ ᠮᠦᠩᠬᠦ ᠤᠯᠵᠦ ᠪᠠᠶᠢᠬᠤ ᠪᠤᠯᠬᠤᠷ ᠮᠠᠤ ᠪᠠᠭᠠᠨ᠎ᠠ ᠵᠦᠳᠡᠷᠡᠭᠰᠡᠨ ᠬᠦᠮᠦᠰ ᠲᠤ ᠲᠡᠮᠵᠢᠯᠭᠡ ᠦᠵᠡᠬᠦᠯᠬᠦ ᠲᠤᠷᠠᠳᠠᠢ᠃ ᠲᠡᠬᠦᠨ ᠤ ᠤᠳᠠᠭᠠᠨ ᠵᠢᠯ ᠤᠨ ᠡᠪᠡᠳᠴᠢᠳᠡᠨ ᠲᠤᠳᠤᠷ᠎ᠠ ᠨᠢᠭᠡ ᠬᠢᠷᠢᠰ ᠬᠤᠶᠠᠩ ᠳᠤ ᠨᠡᠷᠪᠡᠭᠳᠡᠭᠰᠡᠨ ᠨᠠᠰᠤᠳᠠᠨ ᠪᠤᠢ᠃ ᠬᠡᠳᠦ᠋ᠢᠪᠡᠷ ᠡᠪᠡᠳᠴᠢᠨ ᠨᠢ ᠲᠡᠩᠳᠡᠬᠦᠦ ᠬᠦᠨᠳᠦᠷᠡᠭᠰᠡᠨ ᠠᠴᠠ ᠪᠦᠷᠢᠮᠦᠰᠦᠨ ᠢᠯᠡᠷᠢᠰᠢᠬᠦ ᠪᠤᠯᠤᠮᠵᠢ ᠦᠭᠡᠢ ᠪᠤᠯᠪᠠᠴᠤ ᠨᠠᠰᠤᠳᠠᠨ ᠤ ᠪᠦᠬᠦ ᠪᠡᠶ᠎ᠡ ᠨᠢ ᠡᠪᠡᠳᠴᠦ ᠰᠢᠨᠠᠯᠤᠭᠠᠳ ᠵᠢᠯ ᠪᠤᠯᠭᠠᠨ ᠤ ᠬᠠᠪᠤᠷ ᠬᠤᠷᠢ ᠭᠠᠷᠤᠢ ᠡᠳᠦᠷ ᠤᠨ ᠢᠯᠢᠯᠭᠡ ᠬᠢᠯᠭᠡᠳᠡᠭ᠃ ᠨᠠᠰᠤᠳᠠᠨ ᠨᠢᠭᠡᠨᠳᠡ ᠬᠡᠪᠳᠡᠷᠢ ᠳᠤ ᠤᠷᠤᠭᠰᠠᠨ ᠢᠶᠠᠷ ᠮᠠᠤ ᠪᠠᠭᠠᠨ᠎ᠠ ᠵᠢᠯ ᠪᠤᠯᠭᠠᠨ ᠡᠩ ᠤᠨ ᠴᠠᠭ ᠤᠨ ᠡᠮᠴᠢᠯᠡᠭᠡᠨ ᠤ ᠰᠦᠢᠳᠭᠡᠯ ᠤᠨ ᠬᠠᠭᠠᠰ ᠠᠴᠠ ᠲᠤᠤᠷ᠎ᠠ ᠦᠨ᠎ᠡ ᠪᠠᠷ ᠨᠠᠰᠤᠳᠠᠨ ᠳᠤ ᠢᠯᠢᠯᠬᠡ ᠬᠢᠵᠦ ᠦᠭᠳᠡᠭ ᠪᠠᠶᠢᠨ᠎ᠠ᠃ ᠦᠪᠡᠷ ᠲᠡᠭᠡᠨ ᠴᠤ ᠬᠦᠳᠡᠯᠵᠦ ᠰᠠᠭᠤᠬᠤ ᠳᠠᠭᠠᠨ ᠲᠦᠬᠦᠮ ᠦᠭᠡᠢ ᠬᠠᠷᠠᠭ᠎ᠠ ᠮᠠᠭᠤᠳᠠᠢ ᠪᠤᠯᠪᠠᠴᠤ ᠡᠳᠦᠷ ᠪᠦᠷᠢ ᠲᠤᠭᠳᠠᠭᠰᠠᠨ ᠴᠠᠭ ᠢᠶᠠᠨ ᠶᠡᠷᠦ ᠠᠯᠳᠠᠳᠠᠭ ᠦᠭᠡᠢ ᠬᠡᠨ᠎ᠡ᠃       ︽ᠦᠨᠡᠨᠳᠡᠭᠡᠨ ᠦᠶ᠎ᠡ ᠬᠡᠰᠢᠬᠦᠦ ᠶᠢᠨ ᠡᠪᠡᠳᠴᠢᠨ ᠤᠯᠬᠤ ᠭᠤᠤᠯ ᠰᠢᠯᠳᠠᠭᠠᠨ ᠨᠢ ᠡᠪᠡᠳᠴᠢᠳᠡᠨ ᠤ ᠬᠤᠪᠢ ᠪᠡᠶ᠎ᠡ ᠶᠢᠨ ᠠᠮᠢᠳᠤᠷᠠᠯ ᠤᠨ ᠲᠠᠳᠬᠠᠯ ᠠᠴᠠ ᠪᠤᠯᠳᠠᠭ᠃ ᠬᠠᠭᠤᠴᠢᠨ ᠳᠤ ᠬᠦᠮᠦᠰ ᠠᠵᠢᠯ ᠬᠦᠳᠡᠯᠮᠦᠷᠢ ᠳᠤ ᠢᠳᠡᠪᠬᠢᠳᠡᠢ ᠤᠷᠤᠯᠴᠠᠨ᠎ᠠ᠃ ᠵᠦᠬᠡᠷ ᠨᠢᠭᠡ ᠬᠠᠶᠢᠰᠤ ᠪᠤᠳᠠᠭ᠎ᠠ ᠴᠢᠨᠠᠬᠤ ᠳᠤ ᠴᠤ ᠠᠷᠭᠠᠯ ᠲᠦᠯᠡᠭᠡ ᠪᠠᠨ  ᠤᠶᠢᠷᠠᠳᠤᠭᠤᠯᠵᠦ᠂ ᠤᠯᠠᠨ ᠵᠦᠢᠯ ᠤᠨ ᠲᠡᠰ ᠲᠠᠷᠠᠭᠠᠯᠠᠯ ᠢᠶᠠᠷ ᠬᠦᠳᠡᠯᠵᠦ ᠪᠠᠶᠢᠮᠠᠨ ᠰᠠᠶ᠋ᠢ ᠠᠮᠠᠨ ᠳᠤ ᠬᠦᠷᠦᠨ᠎ᠡ᠃ ᠤᠳᠤ ᠶᠠᠭᠤ ᠶᠢ ᠴᠤ ᠲᠦᠬᠦᠮᠴᠢᠯᠡᠬᠦ ᠪᠤᠯᠤᠭᠰᠠᠨ ᠠᠴᠠ ᠬᠦᠮᠦᠰ ᠤᠨ ᠬᠦᠳᠡᠯᠬᠦ ᠨᠢ ᠪᠠᠭᠠᠰᠴᠡᠢ᠃ ᠤᠤᠯ ᠨᠢ ᠵᠠᠮ ᠬᠦᠭᠡᠭᠡᠬᠦ ᠳᠡᠭᠡᠨ ᠲᠡᠮᠡᠭᠡ ᠮᠤᠷᠢ ᠤᠨᠤᠬᠤ ᠪᠤᠶᠤ ᠶᠠᠪᠠᠭᠠᠨ ᠠᠯᠬᠤᠳᠠᠭ ᠪᠠᠶᠢᠭᠰᠠᠨ᠂ ᠤᠳᠤ ᠬᠦᠳᠡᠯᠪᠡᠯ ᠲᠡᠷᠭᠡ ᠮᠠᠰᠢᠨ ᠪᠤᠯᠤᠭᠰᠠᠨ ᠠᠴᠠ ᠶᠠᠪᠠᠭᠠᠨ ᠠᠯᠬᠤᠵᠦ᠂ ᠬᠦᠶᠦᠵᠦ ᠬᠦᠳᠡᠯᠬᠦ ᠨᠢ ᠲᠤᠩ ᠴᠦᠭᠡᠨ ᠪᠤᠯᠵᠡᠢ᠃ ᠲᠡᠭᠡᠭᠡᠳ ᠪᠠᠰᠠ ᠰᠢᠨᠵᠢᠯᠡᠭᠡ ᠮᠡᠷᠬᠡᠵᠢᠯ ᠬᠦᠭᠵᠢᠭᠰᠡᠨ ᠠᠴᠠ ᠺᠤᠮᠫᠢᠤᠲ᠋ᠧᠷ᠂ ᠭᠠᠷ ᠤᠳᠠᠰᠤᠨ ᠠᠴᠠ ᠡᠳᠦᠷᠵᠢᠨ ᠰᠠᠯᠬᠤ ᠦᠭᠡᠢ ᠪᠤᠯᠬᠤᠷ ᠤᠳᠠᠭᠠᠨ ᠳᠠᠭᠠᠨ ᠦᠶ᠎ᠡ ᠬᠡᠰᠢᠬᠦᠨ ᠤ ᠡᠪᠡᠳᠴᠢᠨ ᠤᠯᠬᠤ ᠨᠢ ᠠᠷᠭ᠎ᠠ ᠦᠭᠡᠢ᠃ ᠬᠡᠯᠡᠯᠭᠡᠨ ᠦᠭᠡᠢ᠂ ᠪᠠᠰᠠ ᠪᠢᠳᠠᠨ ᠤ ᠡᠳᠦᠷ ᠲᠤᠳᠤᠮ ᠤᠨ ᠢᠳᠡᠭᠡᠨ ᠤᠮᠳᠠᠭᠠᠨ ᠠᠴᠠ ᠴᠤ ᠪᠤᠯᠤᠭᠰᠠᠨ ᠪᠠᠶᠢᠯᠬᠦᠢ︾ ᠬᠡᠵᠦ ᠦᠶ᠎ᠡ ᠬᠡᠰᠢᠬᠦᠨ ᠤ ᠡᠪᠡᠳᠴᠢᠨ ᠳᠤ ᠰᠢᠨᠠᠯᠬᠤ ᠬᠥᠮᠤᠨ ᠤᠯᠠᠰᠢᠷᠠᠬᠰᠠᠨ ᠳᠤ ᠮᠠᠤ ᠪᠠᠭᠠᠨ᠎ᠠ ᠭᠤᠸᠠᠢ ᠰᠠᠨᠠᠭᠠᠰᠢᠷᠠᠩᠭᠤᠢ ᠶᠠᠷᠢᠵᠦ ᠪᠠᠶᠢᠯ᠎ᠠ᠃       ᠬᠡᠳᠦᠨ ᠮᠧᠲᠷ ᠤᠨ ᠴᠠᠭᠠᠨ᠎ᠠ ᠪᠠᠶᠢᠭ᠎ᠠ ᠵᠦᠢᠯᠡᠰ ᠢ ᠦᠵᠡᠵᠦ ᠴᠢᠳᠠᠬᠤ᠂ ᠦᠩᠭᠡᠳᠦ ᠤᠷᠴᠢᠯᠠᠩ ᠤᠨ ᠬᠡᠬᠡᠨ ᠰᠠᠶᠢᠬᠠᠨ ᠢ ᠲᠠ ᠪᠢᠳᠠᠨ ᠤ ᠤᠯᠵᠦ ᠬᠠᠷᠠᠳᠠᠭ ᠲᠠᠢ ᠠᠳᠠᠯᠢ ᠪᠠᠷ ᠤᠯᠵᠦ ᠬᠠᠷᠠᠬᠤ ᠨᠦᠬᠦᠴᠡᠯ ᠦᠭᠡᠢ ᠪᠤᠯᠤᠭᠰᠠᠨ ᠬᠠᠷᠠᠭ᠎ᠠ ᠮᠠᠭᠤᠳᠠᠢ ᠪᠠᠷᠢᠶᠠᠴᠢ ᠶᠢᠨ ᠠᠮᠢᠳᠤᠷᠠᠯ ᠤᠶᠢᠯᠡᠰ ᠤᠨ ᠮᠦᠷ ᠨᠢ ᠡᠨᠡ ᠪᠢᠯᠡ᠃ ᠬᠡᠳᠦ᠋ᠢᠪᠡᠷ ᠠᠮᠢᠳᠤᠷᠠᠬᠤ ᠶᠢᠨ ᠲᠦᠯᠦᠭᠡ ᠬᠡᠵᠦ ᠡᠨᠡ ᠮᠡᠷᠬᠡᠵᠢᠯ ᠢ ᠰᠤᠩᠭᠤᠭᠰᠠᠨ ᠪᠤᠯᠪᠠᠴᠤ ᠦᠢ ᠤᠯᠠᠨ ᠡᠪᠡᠳᠴᠢᠳᠡᠨ ᠢ ᠡᠮᠴᠢᠯᠡᠵᠦ᠂ ᠦᠭᠭᠢᠶᠡᠮᠦᠷ ᠬᠠᠶᠢᠷ᠎ᠠ᠂ ᠠᠷᠢᠭᠤᠨ ᠬᠦᠳᠡᠯᠮᠦᠷᠢ ᠪᠠᠷ ᠢᠶᠠᠨ ᠲᠡᠭᠵᠢᠷᠡᠵᠦ᠂ ᠬᠢᠵᠦ ᠶᠠᠪᠤᠭ᠎ᠠ ᠤᠶᠢᠯᠡᠰ ᠢᠶᠠᠨ ᠬᠦᠨᠳᠦᠯᠡᠵᠦ ᠰᠢᠮᠳᠠᠵᠦ ᠶᠠᠪᠤᠭ᠎ᠠ ᠨᠢ ᠦᠨᠡᠭᠡᠷ ᠪᠢᠰᠢᠷᠡᠬᠦᠰᠢᠳᠡᠢ︕             ᠮᠠᠤ ᠪᠠᠭᠠᠨ᠎ᠠ ᠤᠳᠠᠭᠠᠨ ᠵᠢᠯ ᠤᠨ ᠡᠷᠡᠬᠦᠯᠵᠢᠬᠦ ᠢᠯᠢᠯᠭᠡ ᠬᠢᠭᠰᠡᠨ ᠲᠤᠷᠰᠢᠯᠭ᠎ᠠ ᠪᠠᠨ ᠦᠨᠳᠦᠰᠦᠯᠡᠵᠦ ᠤᠩᠰᠢᠭᠴᠢ ᠤᠯᠠᠨ ᠳᠤ ᠡᠶᠢᠨᠬᠦ ᠰᠠᠨᠠᠭᠤᠯᠤᠭᠰᠠᠨ ᠪᠠᠶᠢᠨ᠎ᠠ᠄ ᠬᠡᠷᠪᠡ ᠤᠷᠳᠤ ᠬᠤᠭᠤᠴᠠᠭ᠎ᠠ ᠪᠠᠷ ᠺᠤᠮᠫᠢᠤᠲ᠋ᠧᠷ ᠤᠨ ᠡᠮᠦᠨ᠎ᠡ ᠰᠠᠭᠤᠵᠦ ᠠᠵᠢᠯᠯᠠᠬᠤ ᠱᠠᠭᠠᠷᠳᠠᠯᠭ᠎ᠠ ᠲᠠᠢ ᠪᠤᠯ ᠨᠢᠭᠡ ᠴᠠᠭ ᠰᠠᠭᠤᠵᠦ ᠠᠵᠢᠯᠯᠠᠭᠰᠠᠨ ᠤ ᠲᠠᠷᠠᠭ᠎ᠠ ᠪᠤᠰᠴᠤ ᠲᠠᠪᠤᠨ ᠮᠢᠨᠦ᠋ᠲ ᠲᠠᠷᠢᠬᠢ ᠪᠠᠨ ᠠᠮᠠᠷᠠᠭᠠᠨ ᠨᠠᠰᠢ ᠴᠠᠰᠢ ᠠᠯᠬᠤᠬᠤ ᠪᠤᠶᠤ ᠤᠷᠤᠨ ᠳᠠᠭᠠᠨ ᠦᠶ᠎ᠡ ᠬᠡᠰᠢᠬᠦᠦ ᠪᠠᠨ ᠰᠤᠩᠭᠠᠬᠤ ᠲᠠᠮᠢᠷ ᠬᠢᠬᠦ ᠬᠡᠷᠡᠭᠳᠡᠢ᠃ ᠲᠠᠷᠠᠭ᠎ᠠ ᠨᠢ ᠬᠦᠵᠦᠬᠦᠦ ᠪᠠᠨ ᠡᠮᠦᠨᠡᠰᠢ ᠬᠤᠶᠢᠰᠢ᠂ ᠵᠡᠬᠦᠨᠰᠢ ᠪᠠᠷᠠᠭᠤᠨᠰᠢ ᠬᠦᠳᠡᠯᠬᠡᠵᠦ᠂ ᠮᠦᠷᠦ ᠪᠠᠨ ᠴᠤ ᠡᠮᠦᠨᠡᠰᠢ ᠬᠤᠶᠢᠰᠢ ᠠᠷᠪᠠᠭᠠᠳ ᠤᠳᠠᠭ᠎ᠠ ᠬᠦᠳᠡᠯᠭᠡᠨ᠎ᠡ᠃ ᠭᠠᠷ ᠤᠳᠠᠰᠤ ᠬᠠᠷᠠᠬᠤ ᠴᠠᠭ ᠢᠶᠠᠨ ᠠᠯᠢ ᠪᠤᠯᠬᠤ ᠪᠠᠷ ᠪᠠᠭᠠᠰᠬᠠᠬᠤ ᠬᠡᠷᠡᠭᠳᠡᠢ᠃ ᠬᠡᠷᠪᠡ ᠬᠦᠵᠦᠬᠦᠦ ᠮᠦᠷᠦᠨ ᠤ ᠡᠪᠡᠳᠴᠢᠨ ᠳᠤ ᠨᠡᠷᠪᠡᠭᠳᠡᠭᠰᠡᠨ ᠪᠤᠯ ᠴᠠᠭ ᠲᠤᠬᠠᠢ ᠳᠤᠨᠢ ᠡᠮᠨᠡᠯᠭᠡ ᠳᠤ ᠤᠴᠢᠵᠦ ᠦᠵᠡᠬᠦᠯᠦᠨ ᠬᠦᠨᠳᠦᠷᠡᠭᠡ ᠦᠭᠡᠢ ᠪᠠᠶᠢᠬᠤ ᠳᠤᠨᠢ ᠲᠤᠭᠳᠠᠭᠰᠠᠨ ᠴᠠᠭ ᠲᠠᠢ ᠢᠯᠢᠯᠭᠡ ᠬᠢᠬᠦ ᠪᠤᠶᠤ ᠲᠤᠰᠬᠠᠢ ᠪᠤᠯᠪᠠᠰᠤᠷᠠᠯ ᠬᠢᠬᠦ ᠬᠡᠷᠡᠭᠳᠡᠢ᠃ ᠠᠯᠢᠪᠠ ᠠᠮᠢᠳᠠᠨ᠂ ᠡᠪᠡᠰᠦ ᠤᠷᠭᠤᠮᠠᠯ ᠬᠠᠪᠤᠷ ᠤᠨ ᠤᠯᠠᠷᠢᠯ ᠳᠤ ᠠᠮᠢᠵᠢᠷᠠᠯ ᠤᠯᠳᠠᠭ ᠲᠠᠢ ᠠᠳᠠᠯᠢ ᠬᠤᠶᠠᠩ ᠬᠤᠷᠠᠵᠦ᠂ ᠬᠦᠴᠡ ᠤᠷᠭᠤᠬᠤ ᠴᠠᠭ ᠨᠢ ᠴᠤ ᠬᠠᠪᠤᠷ ᠪᠠᠶᠢᠳᠠᠭ ᠪᠤᠯᠬᠤᠷ ᠠᠯᠢ ᠪᠤᠯᠬᠤ ᠪᠠᠷ ᠵᠢᠯ ᠪᠤᠯᠭᠠᠨ ᠤ ᠬᠠᠪᠤᠷ ᠤᠨ ᠤᠯᠠᠷᠢᠯ ᠳᠤ ᠡᠮᠴᠢᠯᠡᠭᠡ ᠬᠢᠪᠡᠯ ᠨᠡᠩ ᠰᠠᠶᠢᠨ᠃                                              (ᠵᠣᠬᠢᠶᠠᠭᠴᠢ᠄ ᠰᠡᠴᠡᠨ)  
 
ᠢᠷᠡᠯᠲᠡ᠄ ᠠᠯᠠᠱᠠ ᠶᠢᠨ ᠮᠣᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号