| ︽ᠨᠢᠭᠡᠨ ᠡᠮᠡᠭᠲᠠᠢ ᠤᠶᠤᠲᠠᠨ ᠦᠷᠬᠦᠯᠵᠢᠯᠡᠨ 15 ᠴᠠᠭ ᠠᠵᠢᠯᠯᠠᠭᠠᠳ ᠬᠡᠳᠣ ᠶᠠᠳᠠᠷᠠᠨ ᠴᠢᠰᠤ ᠪᠠᠷ | ᠪᠦᠭᠡᠯᠵᠢᠵᠦ ᠦᠬᠦᠪᠡ︾ ᠭᠡᠬᠦ ᠮᠡᠳᠡᠭᠡ ᠰᠦᠯᠵᠢᠶᠡᠨ ᠳᠡᠭᠡᠷ᠎ᠠ ᠬᠦᠯ ᠤᠷᠭᠤᠭᠰᠠᠨ ᠮᠡᠲᠦ ᠬᠤᠷᠳᠤᠨ ᠲᠠᠷᠬᠠᠵᠦ᠂ | ᠲᠤᠰᠢᠶᠠᠯ ᠬᠠᠪᠰᠤᠷᠭᠠᠨ ᠰᠤᠯᠠ ᠠᠵᠢᠯ ᠬᠢᠬᠦ ᠶᠠᠷᠢᠶ᠎ᠠ ᠬᠡᠯᠡᠯᠴᠡᠭᠡ ᠰᠦᠯᠵᠢᠶᠡᠨ ᠠᠨᠳᠠ ᠶᠢᠨ ᠳᠤᠮᠲᠠ ᠬᠠᠯᠠᠮᠰᠢᠯ | ᠪᠤᠯᠪᠠ᠃ ᠠᠮᠢᠳᠤᠷᠠᠯ ᠳᠤᠮᠳᠠ ᠶᠡᠭᠡ ᠰᠤᠷᠭᠠᠭᠤᠯᠢ ᠶᠢᠨ ᠤᠶᠤᠲᠠᠳ᠂ ᠡᠰᠡᠬᠦᠯ᠎ᠠ ᠵᠢᠩᠭᠢᠨᠢ ᠠᠵᠢᠯ ᠲᠠᠢ ᠴᠠᠭᠠᠨ | ᠵᠠᠭᠠᠮᠠᠲᠠᠨ ᠵᠡᠷᠭᠡ ᠨᠢᠭᠡ ᠪᠦᠯᠦᠭ ᠬᠦᠮᠦᠰ ᠦᠪᠡᠷ ᠤᠨ ᠠᠵᠢᠯ ᠰᠣᠷᠣᠯᠭ᠎ᠠ ᠠᠴᠠ ᠪᠠᠨ ᠭᠠᠳᠠᠨ᠎ᠠ ᠰᠤᠯᠠ ᠠᠵᠢᠯ ᠬᠢᠵᠦ | ᠂ ᠪᠠᠭ᠎ᠠ ᠰᠠᠭ᠎ᠠ ᠤᠷᠤᠯᠭ᠎ᠠ ᠤᠯᠳᠠᠭ ᠨᠢ ᠬᠠᠣᠯᠢ ᠶᠣᠰᠣᠨ ᠳᠤ ᠨᠡᠶᠢᠴᠡᠨ᠎ᠠ᠃ ᠭᠡᠶ᠎ᠠ ᠰᠤᠯᠠ ᠠᠵᠢᠯ ᠬᠢᠵᠦ ᠪᠠᠶᠢᠭᠠᠳ | ᠰᠠᠨᠠᠭᠠᠨ ᠠᠴᠠ ᠭᠠᠳᠠᠭᠤᠷ ᠠᠳᠡᠯ ᠤᠰᠤᠯ᠂ ᠠᠵᠢᠯ ᠤᠨ ᠰᠢᠷᠬᠠᠲᠤᠯ ᠵᠡᠷᠭᠡ ᠤᠴᠢᠷ ᠭᠠᠷᠪᠠᠯ᠂ ᠨᠢᠭᠡ ᠪᠦᠯᠦᠭ | ᠬᠠᠤᠯᠢ ᠶᠢᠨ ᠠᠰᠠᠭᠤᠳᠠᠯ ᠤᠳ ᠲᠠᠢ ᠬᠤᠯᠪᠤᠭᠳᠠᠳᠠᠭ᠃ ᠬᠡᠷᠡᠭ ᠤᠨ ᠵᠢᠱᠢᠶ᠎ᠠ᠄ ᠡᠾᠧᠪᠸᠢ ᠶᠡᠭᠡ ᠰᠤᠷᠭᠠᠭᠤᠯᠢ ᠳᠤ | ᠦᠢᠯᠡᠳᠪᠦᠷᠢ ᠬᠤᠳᠠᠯᠳᠤᠭᠠᠨ ᠤ ᠬᠠᠮᠢᠶᠠᠷᠤᠯᠲᠠ ᠶᠢᠨ ᠲᠤᠰᠬᠠᠢ ᠮᠡᠷᠭᠡᠵᠢᠯ ᠢᠶᠠᠷ ᠰᠤᠷᠤᠯᠴᠠᠵᠦ ᠪᠠᠶᠢᠭ᠎ᠠ ᠶᠡᠭᠡ | ᠰᠤᠷᠭᠠᠭᠤᠯᠢ ᠶᠢᠨ ᠭᠤᠷᠪᠠᠳᠤᠭᠠᠷ ᠤᠨ ᠤ 22 ᠨᠠᠰᠣᠳᠠᠢ ᠡᠮᠡᠭᠳᠡᠢ ᠤᠶᠤᠲᠠᠨ ᠶᠣᠸᠠᠨ XX᠂ ᠠᠮᠠᠷᠠᠯᠲᠠ ᠶᠢᠨ | ᠬᠤᠭᠤᠴᠠᠭᠠᠨ ᠳᠠᠭᠠᠨ ᠭᠡᠷ ᠤᠨ ᠢᠶᠠᠨ ᠳᠠᠷᠤᠭᠠᠰᠤ ᠶᠢ ᠬᠦᠡᠭᠭᠡᠯᠡᠵᠣ ᠰᠣᠷᠣᠯᠭ᠎ᠠ ᠶᠢᠨ ᠰᠦᠢᠳᠭᠡᠯ ᠢᠶᠠᠨ ᠣᠯᠬᠤ ᠭᠡᠵᠣ᠂ | ᠲᠢᠶᠠᠨᠵᠢᠨ ᠤ ᠨᠢᠭᠡᠨ ᠺᠤᠮᠫᠠᠨᠢ ᠳᠤ ᠰᠤᠯᠠ ᠠᠵᠢᠯ ᠬᠢᠵᠠᠢ᠃ ᠺᠤᠮᠫᠠᠨᠢ ᠶᠢᠨ ᠠᠵᠢᠯ ᠨᠢ ᠬᠦᠨᠳᠣ ᠮᠦᠷᠳᠡᠭᠡᠨ ᠴᠠᠭ ᠨᠢ | ᠤᠷᠲᠤ ᠪᠠᠶᠢᠳᠠᠭ ᠠᠴᠠ ᠡᠳᠤᠷ ᠪᠦᠷᠢ 15 ᠴᠠᠭ ᠤᠷᠴᠢᠮ ᠠᠵᠢᠯᠯᠠᠳᠠᠭ᠃ ᠨᠢᠬᠡᠨ ᠤᠷᠤᠢ ᠶᠢᠨ 12 ᠴᠠᠭ ᠲᠤ᠂ | ᠶᠤᠸᠠᠨ XX ᠦᠢᠯᠡᠳᠪᠦᠷᠢᠯᠡᠯ ᠤᠨ ᠲᠠᠰᠤᠭ ᠠᠴᠠ ᠭᠠᠷᠴᠤ ᠢᠷᠡᠭᠡᠳ ᠳᠡᠮᠡᠢ ᠤᠳᠠᠭᠰᠠᠨ ᠦᠭᠡᠢ ᠴᠢᠰᠤ ᠪᠠᠷ | ᠪᠦᠭᠡᠯᠵᠢᠵᠦ ᠨᠠᠰᠤ ᠪᠠᠷᠠᠭᠰᠠᠨ ᠪᠠᠶᠢᠪᠠ᠃ ᠶᠡᠭᠡ ᠰᠤᠷᠭᠠᠭᠤᠯᠢ ᠶᠢᠨ ᠤᠶᠤᠲᠠᠨ ᠶᠤᠸᠠᠨ XX ᠵᠤᠯ ᠪᠤᠰᠤ ᠪᠠᠷ | ᠦᠬᠦᠭᠰᠡᠨ ᠲᠤᠬᠠᠢ ᠴᠦᠬᠡᠨ ᠪᠤᠰᠤ ᠰᠦᠯᠵᠢᠶᠡᠴᠢᠳ᠂ ᠡᠨᠡᠬᠦ ᠤᠴᠢᠷ ᠨᠢ ᠠᠵᠢᠯ ᠤᠨ ᠰᠢᠷᠬᠠᠲᠤᠯ ᠳᠤ | ᠲᠤᠭᠠᠴᠠᠭᠳᠠᠬᠤ ᠡᠰᠡᠬᠦ ᠲᠣᠬᠠᠢ ᠶᠡᠷᠢᠶ᠎ᠠ ᠬᠡᠯᠡᠯᠴᠡᠭᠡ ᠪᠤᠯᠵᠠᠢ᠃ ᠬᠤᠯᠪᠣᠬᠳᠠᠯ ᠪᠦᠬᠦᠢ ᠬᠠᠤᠯᠢ ᠴᠠᠭᠠᠵᠠ ᠶᠢᠨ | ᠲᠤᠭᠲᠠᠭᠠᠯ ᠢ ᠦᠨᠳᠦᠰᠦᠯᠡᠪᠡᠯ᠂ ᠠᠵᠢᠯ ᠤᠨ ᠰᠢᠷᠬᠠᠲᠤᠯ ᠨᠢ ᠬᠤᠶᠠᠷ ᠡᠲᠡᠭᠡᠳ ᠢᠶᠠᠷ ᠢᠶᠠᠨ ᠬᠦᠳᠡᠯᠮᠦᠷᠢ ᠶᠢᠨ | ᠬᠠᠷᠢᠴᠠᠭ᠎ᠠ ᠤᠷᠤᠰᠢᠬᠤ ᠡᠰᠡᠬᠦ ᠪᠠᠷ ᠤᠷᠢᠳᠠᠯ ᠪᠤᠯᠭᠠᠳᠠᠭ᠃ ᠲᠡᠭᠡᠪᠡᠯ ᠶᠡᠭᠡ ᠰᠤᠷᠭᠠᠭᠤᠯᠢ ᠶᠢᠨ ᠤᠶᠤᠲᠠᠨ ᠳᠠᠳᠤᠯᠭ᠎ᠠ | ᠬᠢᠵᠦ ᠪᠠᠶᠢᠭ᠎ᠠ ᠦᠶᠡᠰ᠂ ᠬᠦᠳᠡᠯᠮᠦᠷᠢ ᠶᠢᠨ ᠬᠠᠷᠢᠴᠠᠭ᠎ᠠ ᠤᠷᠤᠰᠢᠨ᠎ᠠ ᠤᠤ︖ ᠲᠤᠰᠢᠶᠠᠯ ᠬᠠᠷᠢᠭᠤᠴᠠᠨ ᠰᠤᠯᠠ | ᠠᠵᠢᠯ ᠬᠢᠬᠦ ᠨᠢ ᠬᠦᠳᠡᠯᠮᠦᠷᠢ ᠶᠢᠨ ᠬᠠᠷᠢᠴᠠᠭ᠎ᠠ ᠳᠤ ᠲᠤᠭᠠᠴᠠᠭᠳᠠᠨ᠎ᠠ ᠤᠤ︖ ᠬᠠᠣᠯᠢᠴᠢ ᠶᠢᠨ ᠵᠠᠳᠠᠯᠣᠯᠳᠠ᠄ ︽ | ᠪᠦᠭᠦᠳᠡ ᠨᠠᠶᠢᠷᠠᠮᠳᠠᠬᠤ ᠳᠤᠮᠳᠠᠳᠤ ᠠᠷᠠᠳ ᠤᠯᠤᠰ ᠤᠨ ᠬᠦᠳᠡᠯᠮᠦᠷᠢ ᠶᠢᠨ ᠬᠠᠤᠯᠢ ᠶᠢ ᠨᠠᠶᠢᠳᠠᠪᠤᠷᠢᠵᠢᠭᠤᠯᠤᠨ | ᠬᠡᠷᠡᠭᠵᠢᠭᠦᠯᠬᠦ ᠲᠤᠬᠠᠢ ᠠᠰᠠᠭᠤᠳᠠᠯ ᠤᠳ ᠤᠨ ᠰᠠᠨᠠᠯ︾ ᠤᠨ ᠠᠷᠪᠠᠨ ᠬᠤᠶᠠᠳᠤᠭᠠᠷ ᠵᠤᠷᠪᠤᠰ ᠤᠨ ᠲᠤᠭᠲᠠᠭᠠᠯ ᠢ | ᠦᠨᠳᠦᠰᠦᠯᠡᠪᠡᠯ ︽ᠰᠤᠷᠭᠠᠭᠤᠯᠢ ᠳᠤ ᠰᠤᠷᠤᠯᠴᠠᠵᠦ ᠪᠠᠶᠢᠭ᠎ᠠ ᠰᠤᠷᠤᠭᠴᠢ ᠰᠣᠷᠣᠯᠭ᠎ᠠ ᠶᠢᠨ ᠴᠢᠯᠦᠭᠡ ᠪᠠᠨ ᠠᠰᠢᠬᠯᠠᠵᠦ | ᠠᠵᠢᠯᠴᠢ ᠠᠷᠪᠢᠴᠢ ᠪᠠᠷ ᠰᠤᠷᠤᠯᠴᠠᠬᠤ ᠶᠢ ᠠᠵᠢᠯ ᠤᠯᠭᠤᠯᠲᠠ ᠪᠠᠷ ᠦᠵᠡᠬᠦ ᠦᠭᠡᠢ᠂ ᠬᠦᠳᠡᠯᠮᠦᠷᠢ ᠶᠢᠨ ᠬᠠᠷᠢᠴᠠᠭ᠎ᠠ | ᠪᠠᠶᠢᠭᠤᠯᠤᠭᠰᠠᠨ ᠦᠭᠡᠢ ᠪᠤᠯ ᠬᠦᠳᠡᠯᠮᠦᠷᠢ ᠶᠢᠨ ᠭᠡᠷ᠎ᠠ ᠲᠤᠭᠲᠠᠬᠤ ᠦᠭᠡᠢ ᠪᠠᠶᠢᠵᠣ ᠪᠤᠯᠤᠨ᠎ᠠ︾ ᠭᠡᠵᠠᠢ᠃ ︽ | ᠬᠦᠳᠡᠯᠮᠦᠷᠢ ᠶᠢᠨ ᠬᠠᠤᠯᠢ︾ ᠶᠢᠨ ᠭᠤᠴᠢ ᠶᠢᠰᠦᠳᠦᠭᠡᠷ ᠵᠤᠷᠪᠤᠰ ᠤᠨ ᠲᠤᠭᠲᠠᠭᠠᠯ ᠢ ᠦᠨᠳᠦᠰᠦᠯᠡᠪᠡᠯ ︽ | ᠬᠦᠳᠡᠯᠮᠦᠷᠢᠯᠡᠭᠴᠢ ᠬᠦᠮᠦᠨ ᠬᠡᠷᠡᠭᠯᠡᠬᠦ ᠨᠢᠭᠡᠴᠡ ᠲᠠᠢ ᠬᠦᠳᠡᠯᠮᠦᠷᠢ ᠶᠢᠨ ᠬᠠᠷᠢᠴᠠᠭ᠎ᠠ ᠪᠠᠶᠢᠭᠤᠯᠵᠦ᠂ ᠲᠤᠰ ᠬᠦᠮᠦᠨ | ᠬᠡᠷᠡᠭᠯᠡᠬᠦ ᠨᠢᠭᠡᠴᠡ ᠶᠢᠨ ᠠᠵᠢᠯ ᠡᠭᠦᠷᠭᠡ ᠶᠢ ᠪᠦᠷᠢᠨ ᠪᠡᠶᠡᠯᠡᠭᠦᠯᠬᠦ ᠳᠤ ᠬᠦᠨᠳᠦ ᠨᠤᠴᠢᠲᠠᠢ ᠨᠦᠯᠦᠭᠡ ᠭᠠᠷᠭᠠᠬᠤ᠂ | ᠡᠰᠡᠬᠦᠯ᠎ᠠ ᠬᠦᠮᠦᠨ ᠬᠡᠷᠡᠭᠯᠡᠬᠦ ᠨᠢᠭᠡᠴᠡ ᠶᠢᠨ ᠦᠭᠡᠷᠡᠴᠢᠯᠡᠨ ᠬᠠᠯᠠᠬᠤ ᠱᠠᠭᠠᠷᠳᠠᠯᠭ᠎ᠠ ᠶᠢ ᠲᠡᠪᠴᠢᠪᠡᠯ ᠬᠦᠮᠦᠨ ᠬᠡᠷᠡᠭᠯᠡᠬᠦ | ᠨᠢᠭᠡᠴᠡ ᠠᠴᠠ ᠬᠦᠳᠡᠯᠮᠦᠷᠢ ᠶᠢᠨ ᠭᠡᠷ᠎ᠠ ᠶᠢ ᠬᠦᠴᠦᠨ ᠦᠭᠡᠢ ᠪᠤᠯᠭᠠᠵᠦ ᠪᠤᠯᠤᠨ᠎ᠠ︾ ᠭᠡᠵᠡᠢ᠃ ︽ᠬᠦᠳᠡᠯᠮᠦᠷᠢ ᠶᠢᠨ | ᠬᠠᠤᠯᠢ︾ ᠳᠤ᠂ ᠪᠦᠬᠦᠯᠢ ᠡᠳᠤᠷ ᠤᠨ ᠳᠦᠷᠢᠮᠲᠦ ᠪᠤᠰᠤ ᠪᠠᠷ ᠬᠦᠮᠦᠨ ᠬᠡᠷᠡᠭᠯᠡᠵᠦ ᠬᠦᠯᠦᠰᠦ ᠬᠠᠷᠠᠮᠵᠢ ᠦᠭᠬᠦ ᠳᠤ | ᠴᠤ ᠲᠤᠭᠲᠠᠭᠠᠯ ᠲᠠᠢ᠃ ᠭᠤᠴᠢ ᠶᠢᠰᠦᠳᠦᠭᠡᠷ ᠵᠤᠷᠪᠤᠰ ᠲᠤ ᠲᠤᠭᠲᠠᠭᠠᠭᠰᠠᠨ ᠲᠤᠭᠲᠠᠭᠠᠯ ᠳᠤ᠄ ︽ᠪᠦᠬᠦᠯᠢ | ᠡᠳᠤᠷ ᠤᠨ ᠳᠦᠷᠢᠮᠲᠦ ᠪᠤᠰᠤ ᠪᠠᠷ ᠠᠵᠢᠯᠲᠠᠨ ᠬᠡᠷᠡᠭᠯᠡᠬᠦ ᠳᠤ᠂ ᠴᠠᠭ ᠢᠶᠠᠷ ᠬᠦᠯᠦᠰᠦ ᠬᠠᠷᠠᠮᠵᠢ ᠦᠭᠬᠦ ᠪᠠᠷ | ᠪᠠᠷᠢᠶᠠᠮᠵᠢᠯᠠᠵᠦ ᠬᠦᠮᠦᠨ ᠬᠡᠷᠡᠭᠯᠡᠬᠦ ᠨᠢᠭᠡᠴᠡ ᠶᠢᠨ ᠬᠠᠷᠢᠶᠠᠯᠠᠭᠳᠠᠵᠦ ᠪᠠᠶᠢᠭ᠎ᠠ ᠠᠷᠠᠳ ᠤᠨ ᠵᠠᠰᠠᠭ ᠤᠨ ᠤᠷᠳᠤᠨ ᠤ | ᠲᠤᠭᠲᠠᠭᠠᠭᠰᠠᠨ ᠴᠠᠭ ᠢᠶᠠᠷ ᠠᠵᠢᠯᠯᠠᠭᠰᠠᠨ ᠬᠠᠮᠤᠭ ᠳᠤᠤᠷ᠎ᠠ ᠬᠦᠯᠦᠰᠦ ᠬᠠᠷᠠᠮᠵᠢ ᠶᠢᠨ ᠪᠠᠷᠢᠮᠵᠢᠶ᠎ᠠ ᠠᠴᠠ ᠳᠤᠤᠷ᠎ᠠ | ᠪᠠᠶᠢᠵᠦ ᠪᠤᠯᠬᠤ ᠦᠭᠡᠢ᠃ ᠪᠦᠬᠦᠯᠢ ᠡᠳᠤᠷ ᠤᠨ ᠳᠦᠷᠢᠮᠲᠦ ᠪᠤᠰᠤ ᠬᠦᠳᠡᠯᠮᠦᠷᠢ ᠶᠢᠨ ᠬᠦᠯᠦᠰᠤ ᠬᠠᠷᠠᠮᠵᠢ ᠶᠢ | ᠪᠤᠳᠤᠵᠦ ᠦᠭᠬᠦ ᠦᠶᠡᠯᠡᠯ ᠤᠨ ᠬᠤᠭᠤᠴᠠᠭ᠎ᠠ ᠨᠢ ᠬᠠᠮᠤᠭ ᠤᠷᠲᠤ ᠳᠠᠭᠠᠨ 15 ᠡᠳᠤᠷ ᠠᠴᠠ ᠬᠡᠲᠦᠷᠡᠵᠦ ᠪᠤᠯᠬᠤ | ᠦᠭᠡᠢ︾ ᠭᠡᠵᠡᠢ᠃ | ᠬᠠᠦᠯᠢᠴᠢ ᠶᠢᠨ ᠰᠠᠨᠠᠭᠤᠯᠤᠮᠵᠢ᠄ ᠪᠦᠬᠦᠯᠢ ᠡᠳᠤᠷ ᠤᠨ ᠳᠦᠷᠢᠮᠲᠦ ᠪᠤᠰᠤ ᠬᠦᠳᠡᠯᠮᠦᠷᠢᠯᠡᠭᠴᠢ ᠡᠷᠬᠡᠪᠰᠢ ᠬᠦᠮᠦᠨ | ᠬᠡᠷᠡᠭᠯᠡᠬᠦ ᠨᠢᠭᠡᠴᠡ ᠲᠠᠢ ᠬᠠᠣᠯᠢ ᠶᠣᠰᠣᠨ ᠤ ᠬᠦᠳᠡᠯᠮᠦᠷᠢ ᠶᠢᠨ ᠬᠠᠷᠢᠴᠠᠭ᠎ᠠ ᠪᠠᠶᠢᠭᠤᠯᠵᠣ᠂ ᠲᠤᠭᠲᠠᠭᠰᠠᠨ ᠶᠤᠰᠤᠭᠠᠷ | ᠠᠵᠢᠯ ᠤᠨ ᠰᠢᠷᠬᠠᠲᠤᠯ ᠤᠨ ᠳᠠᠭᠠᠳᠬᠠᠯ ᠲᠤᠰᠢᠶᠠᠯᠭᠠᠬᠤ᠂ ᠴᠠᠯᠢᠩ ᠬᠦᠯᠦᠰᠦ ᠪᠠᠨ ᠴᠠᠭ ᠲᠤᠬᠠᠢ ᠳᠤᠨᠢ ᠦᠭᠬᠦᠭᠦᠯᠬᠦ᠂ | ᠠᠵᠢᠯᠯᠠᠬᠤ ᠴᠠᠭ ᠢᠶᠠᠨ ᠦᠪᠡᠰᠦᠪᠡᠨ ᠡᠵᠡᠮᠳᠡᠬᠦ ᠶᠢ ᠱᠠᠭᠠᠷᠳᠠᠵᠦ᠂ ᠦᠪᠡᠷ ᠤᠨ ᠬᠠᠤᠯᠢ ᠶᠤᠰᠤᠨ ᠤ ᠡᠷᠬᠡ | ᠠᠰᠢᠭ ᠢᠶᠠᠨ ᠦᠨᠡᠡᠬᠦ ᠬᠠᠮᠠᠭᠠᠯᠠᠬᠤ ᠶᠢ ᠪᠠᠲᠤᠯᠠᠪᠠᠯ ᠵᠤᠬᠢᠨ᠎ᠠ᠃ |