ᠮᠣᠩᠭᠤᠯ ᠦᠰᠦᠭ ᠤᠨ ᠡᠷᠢᠯᠴᠢᠨ ᠪᠤᠶᠤ ᠬᠤᠶᠢᠴᠢᠰ ᠲᠠᠭᠠᠨ ᠦᠯᠡᠳᠡᠭᠡᠬᠦ ᠪᠡᠯᠡᠭ
ᠨᠡᠶᠢᠲᠡᠯᠡᠭᠰᠡᠨ ᠴᠠᠭ᠄
2019/4/12
      ᠰᠤᠷᠭᠠᠯᠳᠤ ᠮᠤᠩᠭᠤᠯ ᠥᠰᠥᠭ ᠪᠢᠴᠢᠭ ᠤᠨ ᠲᠤᠬᠠᠢ ᠰᠤᠳᠤᠯᠭᠠᠨ ᠬᠢᠵᠤ ᠪᠠᠶᠢᠨ᠎ᠠ᠃ ︵ᠪᠠᠭᠠᠨ᠎ᠠ ᠰᠡᠬᠦᠳᠡᠷᠯᠡᠪᠡ︶       ᠡᠨᠡ ᠰᠠᠷ᠎ᠠ ᠶᠢᠨ 3 ᠠᠴᠠ 5 ᠤ ᠡᠳᠦᠷ ᠪᠣᠯᠲᠠᠯ᠎ᠠ ᠮᠣᠩᠭᠤᠯ ᠤᠯᠤᠰ ᠤᠨ ᠨᠡᠶᠢᠰᠯᠡᠯ ᠤᠯᠠᠭᠠᠨᠪᠠᠭᠠᠲᠤᠷ ᠬᠤᠲᠠᠨ᠎ᠠ ᠮᠣᠩᠭᠤᠯ ᠪᠢᠴᠢᠭ ᠤᠨ ᠴᠠᠬᠢᠮ ᠺᠣᠳ᠋ᠴᠢᠯᠠᠯ ᠤᠨ ᠠᠰᠠᠭᠤᠳᠠᠯ ᠢᠶᠠᠷ ᠬᠢ ᠶᠦᠨᠢᠺᠤᠳ᠋ ᠤᠨ ᠠᠵᠢᠯ ᠤᠨ ᠬᠤᠷᠠᠯ ᠪᠣᠯᠵᠤ ᠪᠠᠶᠢᠭ᠎ᠠ᠃ 2000 ᠣᠨ ᠳᠤ ᠮᠣᠩᠭᠤᠯ ᠪᠢᠴᠢᠭ ᠤᠨ ᠶᠦᠨᠢᠺᠣᠳ᠋ ᠢᠶᠠᠷ ᠤᠯᠠᠨ ᠤᠯᠤᠰ ᠤᠨ ISO/IEC10646 — 1 ᠰᠲ᠋ᠠᠨᠳᠠᠷᠲ ᠢ ᠠᠪᠢᠶ᠎ᠠ ᠵᠦᠢ ᠶᠢᠨ ᠵᠠᠷᠴᠢᠮ ᠳᠤ ᠲᠤᠯᠭᠠᠭᠤᠷᠢᠯᠠᠨ ᠪᠠᠲᠤᠯᠠᠵᠤ ᠪᠦᠷᠢᠳᠬᠡᠭᠦᠯᠦᠭᠰᠨ ᠲᠡᠦᠬᠡ ᠲᠠᠢ ᠶᠤᠮᠰᠠᠨ᠃ 19 ᠵᠢᠯ ᠤᠨ ᠲᠤᠷᠰᠢᠲᠠ᠂ ᠠᠷᠬᠢᠲ᠋ᠧᠺᠲ᠋ᠦ᠋ᠷ ᠤᠨ ᠪᠣᠯᠣᠨ ᠯᠣᠭᠢᠭ ᠤᠨ᠂ ᠲᠧᠭᠨᠢᠭ ᠤᠨ ᠵᠡᠷᠭᠡ ᠡᠯ᠎ᠡ ᠵᠦᠢᠯ ᠤᠨ ᠰᠢᠯᠲᠠᠭᠠᠨ ᠠᠴᠠ ᠪᠣᠯᠣᠭᠠᠳ ᠮᠣᠩᠭᠤᠯ ᠪᠢᠴᠢᠭ ᠤᠨ ᠬᠤᠪᠢ ᠳᠤ ᠤᠯᠠᠨ ᠠᠷᠪᠢᠨ ᠠᠰᠠᠭᠤᠳᠠᠯ ᠢᠯᠡᠷᠡᠨ ᠭᠠᠷᠴᠤ ᠢᠷᠡᠭᠰᠡᠨ ᠪᠠᠶᠢᠨ᠎ᠠ᠃ ᠡᠨᠡᠬᠦ ᠠᠰᠠᠭᠤᠳᠠᠯ ᠳᠤ ᠤᠯᠠᠨ ᠠᠷᠪᠢᠨ ᠡᠷᠳᠡᠮᠲᠡᠨ᠂ ᠲᠤᠰᠬᠠᠢ ᠮᠡᠷᠭᠡᠵᠢᠯᠲᠡᠨ᠂ ᠮᠣᠩᠭᠤᠯ ᠰᠣᠶᠣᠯ ᠢᠶᠠᠨ ᠭᠡᠰᠡᠨ ᠬᠥᠮᠥᠰ ᠠᠩᠬᠠᠷᠤᠯ ᠢᠶᠠᠨ ᠬᠠᠨᠳᠤᠭᠤᠯᠵᠤ ᠬᠦᠴᠦ ᠬᠥᠯᠥᠰᠥ ᠪᠠᠨ ᠤᠷᠤᠰᠬᠠᠭᠰᠠᠭᠠᠷ ᠢᠷᠡᠵᠡᠢ᠂ ᠲᠡᠳᠡᠨ ᠤ ᠳᠣᠲᠣᠷᠠᠬᠢ ᠨᠢᠭᠡ ᠨᠢ ᠪᠣᠯ ᠳᠠᠷᠤᠢ ᠰᠢᠷᠠᠨᠤᠳ ᠪ᠊ · ᠰᠤᠷᠭᠠᠯᠲᠤ ᠪᠣᠯᠣᠨ᠎ᠠ᠃ ᠲᠡᠷᠡ ᠪᠣᠯ ᠣᠷᠳᠣᠰ ᠬᠤᠲᠠ ᠶᠢᠨ ᠣᠲᠤᠭ ᠬᠤᠰᠢᠭᠤᠨ ᠤ ᠬᠥᠮᠥᠨ᠃ ᠶᠡᠭᠡ ᠰᠤᠷᠭᠠᠭᠤᠯᠢ ᠪᠠᠨ ᠲᠡᠭᠦᠰᠦᠭᠡᠳ ᠠᠯᠠᠱᠠ ᠠᠶᠢᠮᠠᠭ ᠲᠤ ᠢᠷᠡᠵᠦ ᠠᠵᠢᠯ ᠤᠨ ᠭᠠᠷᠤᠭ᠎ᠠ ᠪᠠᠨ ᠠᠪᠤᠭᠰᠠᠨ ᠠᠴᠠ ᠨᠠᠰᠢ ᠬᠤᠷᠢᠭᠠᠳ ᠵᠢᠯ ᠤᠨ ᠨᠢᠭᠤᠷ ᠢ ᠦᠵᠡᠵᠡᠢ᠃ ᠣᠳᠣ ᠠᠯᠠᠱᠠ ᠠᠶᠢᠮᠠᠭ ᠤᠨ ᠰᠢᠯᠵᠢᠮᠡᠯ ᠬᠤᠯᠪᠣᠭᠠᠨ ᠤ ᠺᠣᠮᠫᠠᠨᠢ ᠶᠢᠨ ᠰᠦᠯᠵᠢᠶ᠎ᠡ ᠬᠤᠯᠪᠣᠭ᠎ᠠ ᠶᠢᠨ ᠲᠠᠰᠤᠭ ᠲᠤ ᠳᠣᠯᠭᠢᠶ᠎ᠠ ᠰᠦᠯᠵᠢᠶ᠎ᠡ ᠶᠢ ᠰᠢᠯᠢᠳᠡᠭᠵᠢᠭᠦᠯᠬᠦ ᠲᠤᠰᠬᠠᠢ ᠮᠡᠷᠭᠡᠵᠢᠯᠲᠡᠨ ᠢᠶᠠᠷ ᠠᠵᠢᠯᠯᠠᠵᠤ ᠪᠣᠢ᠃               ᠬᠤᠷᠢᠭᠠᠳ ᠵᠢᠯ ᠤᠨ ᠲᠤᠷᠰᠢ ᠳᠤ ᠲᠡᠷᠡ ᠮᠠᠨᠢ ᠠᠵᠢᠯ ᠤᠨ ᠢᠶᠠᠨ ᠵᠠᠪ ᠴᠢᠯᠥᠭᠡ ᠪᠠᠨ ᠰᠢᠬᠠᠵᠤ ᠪᠠᠶᠢᠮᠠᠨ ᠶᠦᠨᠢᠺᠦᠳ᠋ ᠢ ᠵᠠᠰᠠᠪᠤᠷᠢᠯᠠᠬᠤ ᠲᠥᠰᠦᠯ᠂ ︽ᠡᠷᠢᠯᠴᠢᠨ︾ ᠦᠰᠦᠭ ᠣᠷᠣᠭᠤᠯᠬᠤ ᠠᠷᠭ᠎ᠠ ᠵᠡᠷᠭᠡ ᠶᠢ ᠰᠤᠳᠤᠯᠵᠦ ᠭᠠᠷᠭᠠᠭᠰᠠᠨ ᠤ ᠬᠠᠮᠲᠤ ᠮᠣᠩᠭᠤᠯ ᠦᠰᠦᠭ ᠤᠨ ᠡᠭᠦᠰᠦᠯ ᠲᠡᠦᠬᠡ᠂ ᠦᠰᠦᠭ ᠵᠦᠢ ᠶᠢᠨ ᠦᠨᠳᠦᠰᠦᠨ ᠵᠠᠷᠴᠢᠮ᠂ ᠪᠢᠴᠢᠯᠭᠡ ᠪᠠ ᠦᠰᠦᠭ ᠤᠨ ᠳᠦᠷᠢᠮ ᠤᠨ ᠲᠣᠭᠲᠠᠯᠴᠠᠭ᠎ᠠ ᠵᠡᠷᠭᠡ ᠮᠣᠩᠭᠤᠯ ᠦᠰᠦᠭ ᠤᠨ ᠰᠤᠳᠤᠯᠭᠠᠨ ᠤ ᠠᠵᠢᠯ ᠢᠶᠠᠨ ᠡᠬᠢᠯᠡᠭᠦᠯᠵᠦ ᠣᠳᠣ ᠴᠤ ᠮᠥᠨ ᠡᠨᠡᠬᠦ ᠠᠵᠢᠯ ᠢᠶᠠᠨ ᠦᠷᠭᠦᠯᠵᠢᠯᠡᠭᠦᠯᠦᠭᠰᠡᠭᠡᠷ᠃ ᠡᠨᠡᠬᠦ ᠲᠣᠮᠣ ᠰᠤᠳᠤᠯᠭ᠎ᠠ᠂ ᠡᠷᠢᠯ ᠳᠤ ᠨᠥᠷᠢ ᠶᠡᠭᠡ ᠬᠥᠳᠡᠯᠮᠦᠷᠢ ᠰᠢᠩᠭᠡᠵᠦ ᠪᠠᠶᠢᠭ᠎ᠠ ᠨᠢ ᠮᠡᠳᠡᠭᠡᠵᠢ᠃ ᠪᠦᠬᠦ ᠵᠦᠢᠯ ᠲᠡᠭᠦᠨ ᠢ ᠶᠡᠭᠡ ᠰᠤᠷᠭᠠᠭᠤᠯᠢ ᠪᠠᠨ ᠲᠡᠭᠦᠰᠦᠭᠰᠡᠨ ᠠᠴᠠ ᠡᠬᠢᠯᠡᠨ᠎ᠡ᠃               1998 ᠣᠨ ᠳᠤ ᠥᠪᠥᠷ ᠮᠣᠩᠭᠤᠯ ᠤᠨ ᠶᠡᠭᠡ ᠰᠤᠷᠭᠠᠭᠤᠯᠢ ᠠᠴᠠ ᠹᠢᠽᠢᠺ ᠤᠨ ᠲᠤᠰᠬᠠᠢ ᠮᠡᠷᠭᠡᠵᠢᠯ ᠢᠶᠠᠷ ᠲᠡᠭᠦᠰᠴᠦ᠂ ᠠᠯᠠᠱᠠ ᠳᠤ ᠢᠷᠡᠵᠦ ᠰᠢᠤᠳᠠᠨ ᠲᠣᠪᠴᠢᠶᠠᠨ ᠳᠤ ᠠᠵᠢᠯᠯᠠᠭᠰᠠᠨ ᠪᠠᠶᠢᠨ᠎ᠠ᠃ ᠰᠢᠤᠳᠠᠨ ᠲᠣᠪᠴᠢᠶ᠎ᠠ ᠨᠢ ᠬᠤᠪᠢᠶᠠᠷᠢᠯᠠᠭᠳᠠᠬᠤ ᠶᠢ ᠳᠠᠭᠠᠯᠳᠤᠭᠠᠳ 1999 ᠣᠨ ᠳᠤ ᠰᠢᠯᠵᠢᠮᠡᠯ ᠬᠤᠯᠪᠣᠭᠠᠨ ᠳᠤ ᠣᠷᠣᠵᠤ ᠠᠵᠢᠯᠯᠠᠭᠠᠳ ᠥᠨᠥ ᠬᠦᠷᠴᠡᠢ᠃ ᠠᠩᠬ᠎ᠠ ᠶᠡᠭᠡ ᠰᠤᠷᠭᠠᠭᠤᠯᠢ ᠪᠠᠨ ᠲᠡᠭᠦᠰᠦᠭᠡᠳ ᠠᠵᠢᠯ ᠤᠨ ᠵᠠᠪ ᠢᠶᠠᠷ ᠢᠶᠠᠨ ᠥᠪᠡᠷ ᠢᠶᠠᠨ ᠰᠦᠯᠵᠢᠶ᠎ᠡ ᠬᠢᠬᠦ ᠪᠣᠳᠣᠯ ᠣᠷᠣᠭᠰᠠᠨ ᠪᠠᠶᠢᠨ᠎ᠠ᠃ ᠲᠤᠬᠠᠢ ᠶᠢᠨ ᠦᠶ᠎ᠡ ᠶᠢᠨ ᠪᠠᠶᠢᠳᠠᠯ ᠳᠤ ᠠᠪᠴᠤ ᠬᠡᠯᠡᠪᠡᠯ᠂ ᠰᠦᠯᠵᠢᠶ᠎ᠡ ᠬᠢᠬᠦ ᠶᠢ ᠪᠤᠤ ᠬᠡᠯᠡ᠂ ᠮᠣᠩᠭᠤᠯ ᠦᠰᠦᠭ ᠢ ᠴᠦ ᠪᠢᠴᠢᠬᠦ ᠪᠣᠯᠤᠯᠴᠠᠭ᠎ᠠ ᠦᠭᠡᠢ ᠪᠠᠶᠢᠵᠠᠢ᠃ ᠡᠨᠡᠬᠦ ᠪᠠᠶᠢᠳᠠᠯ ᠳᠤ ᠬᠠᠨᠳᠤᠭᠤᠯᠤᠨ ᠯᠠᠲ᠋ᠢᠨ ᠭᠠᠯᠢᠭ ᠢᠶᠠᠷ ᠴᠠᠭᠠᠨ ᠲᠣᠯᠣᠭᠠᠢ ᠶᠢ ᠣᠷᠣᠯᠠᠭᠤᠯᠤᠨ ᠲᠡᠮᠳᠡᠭᠯᠡᠭᠰᠡᠨ ᠪᠠᠶᠢᠨ᠎ᠠ᠃ ᠡᠨᠡ ᠨᠢ ᠬᠠᠷᠠᠬᠤ ᠳᠤ ᠨᠢᠭᠡ ᠯᠡ ᠡᠪᠯᠢᠭ ᠲᠡᠷᠡᠴᠢᠯᠡᠨ ᠮᠣᠩᠭᠤᠯ ᠦᠰᠦᠭ ᠲᠠᠨᠢᠳᠠᠭ ᠬᠥᠮᠥᠨ ᠪᠣᠯᠭᠠᠨ ᠳᠠᠭᠤᠳᠠᠵᠤ ᠴᠢᠳᠠᠬᠤ ᠲᠡᠮᠳᠡᠭᠯᠡᠬᠦ ᠠᠷᠭ᠎ᠠ ᠪᠣᠯᠵᠠᠢ᠃ ᠲᠤᠰ ᠲᠡᠮᠳᠡᠭᠯᠡᠬᠦ ᠠᠷᠭ᠎ᠠ ᠨᠢ ᠶᠡᠭᠡ ᠰᠤᠷᠭᠠᠭᠤᠯᠢ ᠪᠠᠨ ᠲᠡᠭᠦᠰᠦᠭᠡᠳ  ᠤᠳᠠᠭᠠᠳᠤᠢ ᠲᠡᠭᠦᠨ ᠤ ᠰᠣᠨᠢᠷᠬᠠᠯ ᠢ ᠮᠠᠰᠢᠳᠠ ᠲᠠᠲᠠᠵᠤ᠂ ᠡᠭᠦᠨ ᠤ ᠲᠤᠬᠠᠢ ᠰᠤᠳᠤᠯᠭᠠᠨ ᠡᠷᠢᠯᠬᠢᠯᠡᠯ ᠤᠨ ᠵᠠᠮ ᠨᠡᠭᠡᠭᠡᠭᠳᠡᠭᠰᠡᠨ ᠪᠠᠶᠢᠨ᠎ᠠ᠃       ᠬᠡᠳᠦᠨ ᠵᠢᠯ ᠤᠨ ᠰᠢᠷᠭᠠᠭᠤ ᠰᠤᠷᠤᠯᠴᠠᠯᠭ᠎ᠠ ᠪᠠᠷ ᠳᠠᠮᠵᠢᠨ 2005 ᠣᠨ ᠪᠣᠯᠬᠤ ᠳᠤ ᠲᠡᠷᠡ ᠮᠠᠨᠢ ᠤᠯᠠᠮᠵᠢᠯᠠᠯᠲᠤ ᠮᠣᠩᠭᠤᠯ ᠦᠰᠦᠭ ᠢ ᠯᠠᠲ᠋ᠢᠨ ᠢᠶᠠᠷ ᠭᠠᠯᠢᠭᠯᠠᠬᠤ ᠠᠷᠭ᠎ᠠ ᠶᠢᠨ ᠠᠩᠬᠠᠨ ᠤ ᠲᠥᠰᠦᠯ ᠢ ᠵᠣᠬᠢᠶᠠᠵᠤ ᠭᠠᠷᠭᠠᠵᠠᠢ᠃ ᠭᠡᠪᠡᠴᠦ ᠮᠣᠩᠭᠤᠯ ᠦᠰᠦᠭ ᠪᠢᠴᠢᠭ ᠤᠨ ᠲᠡᠦᠬᠡ ᠭᠠᠷᠤᠯ ᠪᠠ ᠳᠦᠷᠢᠮ ᠤᠨ ᠲᠣᠭᠲᠠᠯᠴᠠᠭ᠎ᠠ ᠶᠢ ᠰᠤᠳᠤᠯᠵᠤ ᠰᠤᠷᠤᠯᠴᠠᠨ ᠣᠶᠢᠯᠠᠭᠠᠵᠤ ᠮᠡᠳᠡᠬᠦ ᠶᠢ ᠳᠠᠭᠠᠯᠳᠤᠨ ᠤᠯᠠᠮᠵᠢᠯᠠᠯᠲᠤ ᠮᠣᠩᠭᠤᠯ ᠦᠰᠦᠭ ᠤᠨ ᠰᠢᠨᠵᠢᠯᠡᠬᠦ ᠤᠬᠠᠭᠠᠨᠴᠢ ᠶᠣᠰᠣ ᠵᠦᠢ ᠶᠢ ᠭᠠᠶᠢᠬᠠᠨ ᠪᠢᠰᠢᠷᠡᠭᠰᠡᠨ ᠤ ᠤᠯᠠᠮ ᠢᠶᠠᠷ ᠯᠠᠲ᠋ᠢᠨ ᠢᠶᠠᠷ ᠭᠠᠯᠢᠭᠯᠠᠬᠤ ᠭᠡᠰᠡᠨ ᠬᠡᠳᠦᠨ ᠵᠢᠯ ᠤᠨ ᠣᠷᠣᠯᠳᠣᠯᠭ᠎ᠠ ᠪᠠᠨ ᠲᠠᠶᠠᠭᠳᠠᠭᠰᠠᠨ ᠪᠠᠶᠢᠨ᠎ᠠ᠃ ᠮᠥᠨ ᠲᠤᠰ ᠵᠢᠯ ᠠᠴᠠ ᠨᠢ ᠡᠬᠢᠯᠡᠵᠦ 2007 ᠣᠨ ᠪᠣᠯᠲᠠᠯ᠎ᠠ ᠤᠯᠠᠮᠵᠢᠯᠠᠯᠲᠤ ᠮᠣᠩᠭᠤᠯ ᠪᠢᠴᠢᠭ ᠤᠨ ᠰᠦᠯᠵᠢᠶᠡᠨ ᠤ ᠬᠠᠭᠤᠳᠠᠰᠤ ᠶᠢ ᠢᠨᠲ᠋ᠧᠷᠨᠧᠲ ᠤᠨ ᠬᠥᠲᠥᠴᠢ ᠳᠡᠭᠡᠷ᠎ᠡ ᠵᠥᠪ ᠢᠶᠠᠷ ᠢᠯᠡᠷᠡᠭᠦᠯᠦᠨ ᠭᠠᠷᠭᠠᠬᠤ ᠠᠷᠭ᠎ᠠ ᠶᠢ ᠬᠠᠶᠢᠨ ᠰᠦᠪᠡᠭᠴᠢᠯᠡᠵᠡᠢ᠃ ᠶᠠᠭᠤᠮ᠎ᠠ ᠶᠢ ᠣᠷᠣᠯᠳᠣᠬᠤ ᠲᠤᠰᠤᠮ ᠴᠠᠭᠠᠨ᠎ᠠ ᠨᠢ ᠰᠢᠨ᠎ᠡ ᠪᠠᠷ ᠠᠰᠠᠭᠤᠳᠠᠯ ᠨᠡᠮᠡᠭᠳᠡᠭᠰᠡᠭᠡᠷ ᠪᠠᠶᠢᠯ᠎ᠠ᠃ ᠮᠣᠩᠭᠤᠯᠵᠢᠨ ᠪᠢᠴᠢᠭ ᠤᠨ ᠶᠦᠨᠢᠺᠦᠳ᠋ ᠲᠤ ᠠᠰᠠᠭᠤᠳᠠᠯ ᠣᠷᠣᠰᠢᠵᠤ ᠪᠠᠶᠢᠬᠤ ᠶᠢ ᠣᠯᠵᠤ ᠮᠡᠳᠡᠭᠰᠡᠨ ᠢᠶᠠᠷ ᠪᠠᠷᠠᠬᠤ ᠦᠭᠡᠢ ᠠᠩᠬ᠎ᠠ ᠠᠯᠬᠤᠮ ᠤᠨ ᠵᠠᠳᠠᠯᠤᠯᠲᠠ ᠪᠠ ᠰᠢᠨᠵᠢᠯᠡᠯᠲᠡ ᠬᠢᠭᠰᠡᠨ ᠪᠠᠶᠢᠨ᠎ᠠ᠃ ᠰᠢᠨᠵᠢᠯᠡᠯᠲᠡ ᠬᠢᠭᠰᠡᠨ ᠤ ᠳ᠋ᠦᠩ ᠳᠤ ᠮᠣᠩᠭᠤᠯᠵᠢᠨ ᠪᠢᠴᠢᠭ ᠤᠨ ᠶᠦᠨᠢᠺᠦᠳ᠋ ᠲᠤ ᠮᠡᠳᠡᠭᠡᠯᠡᠯ ᠤᠨ ᠭᠠᠵᠢᠯᠲᠠ ᠶᠢ ᠡᠭᠦᠰᠬᠡᠭᠰᠡᠨ ᠤᠭ ᠬᠡᠮ ᠰᠢᠯᠲᠠᠭᠠᠨ ᠨᠢ ᠮᠡᠷᠭᠡᠵᠢᠯ ᠤᠨ ᠬᠢᠷᠢ ᠲᠦᠪᠰᠢᠨ ᠤ ᠪᠠᠭᠤᠷᠠᠢ ᠠᠴᠠ ᠪᠢᠰᠢ ᠬᠠᠷᠢᠨ ᠮᠣᠩᠭᠤᠯᠵᠢᠨ ᠪᠢᠴᠢᠭ ᠤᠨ ᠲᠤᠬᠠᠢ᠂ ᠨᠡᠩ ᠢᠯᠠᠩᠭᠤᠶ᠎ᠠ ᠲᠡᠭᠦᠨ ᠤ ᠦᠰᠦᠭ ᠤᠨ ᠳᠦᠷᠢᠮ ᠤᠨ ᠲᠤᠬᠠᠢ ᠰᠢᠨᠵᠢᠯᠡᠬᠦ ᠤᠬᠠᠭᠠᠨᠴᠢ᠂ ᠣᠳᠣ ᠦᠶ᠎ᠡ ᠶᠢᠨ ᠰᠢᠠᠵᠢᠯᠡᠭᠡᠨ ᠰᠤᠳᠤᠯᠭᠠᠨ ᠳᠤᠲᠠᠮᠠᠭ ᠠᠴᠠ ᠪᠣᠯᠵᠠᠢ ᠭᠡᠳᠡᠭ ᠢ ᠤᠢᠢᠯᠠᠭᠠᠭᠰᠠᠨ ᠪᠠᠶᠢᠨ᠎ᠠ᠃ ᠮᠣᠩᠭᠤᠯ ᠪᠢᠴᠢᠭ ᠤᠨ ᠠᠷᠪᠠᠨ ᠳᠣᠯᠤᠭ᠎ᠠ ᠨᠠᠢᠮᠠᠳᠤᠭᠠᠷ ᠵᠠᠭᠤᠨ ᠳᠤ ᠪᠦᠷᠢᠯᠳᠦᠨ ᠲᠣᠭᠲᠠᠭᠰᠠᠨ ᠦᠢᠷ᠎ᠡ ᠦᠶ᠎ᠡ ᠶᠢᠨ ᠴᠠᠭᠠᠨ ᠲᠣᠯᠣᠭᠠᠢ ᠶᠢᠨ ᠤᠯᠠᠮᠵᠢᠯᠠᠯᠲᠤ ᠤᠬᠠᠭᠳᠠᠬᠤᠨ ᠲᠠᠨᠢᠯᠲᠠ ᠳᠤ ᠬᠦᠯᠢᠶᠡᠰᠦᠯᠡᠭᠳᠡᠵᠦ ᠪᠠᠶᠢᠭ᠎ᠠ ᠪᠠᠶᠢᠳᠠᠯ ᠳᠤ ᠵᠣᠷᠢᠭᠤᠯᠤᠨ ᠰᠤᠷᠭᠠᠯᠲᠤ ᠮᠣᠩᠭᠤᠯᠵᠢᠨ ᠪᠢᠴᠢᠭ ᠤᠨ ᠭᠠᠷᠤᠯ ᠡᠭᠦᠰᠦᠯ᠂ ᠦᠰᠦᠭ ᠵᠦᠢ ᠶᠢᠨ ᠦᠨᠳᠦᠰᠦᠨ ᠵᠠᠷᠴᠢᠮ᠂ ᠪᠢᠴᠢᠯᠭᠡ ᠪᠠ ᠦᠰᠦᠭ ᠤᠨ ᠳᠦᠷᠢᠮ ᠤᠨ ᠲᠣᠭᠲᠠᠯᠴᠠᠭ᠎ᠠ᠂ ᠴᠠᠭᠠᠨ ᠲᠣᠯᠣᠭᠠᠢ ᠶᠢᠨ ᠲᠤᠬᠠᠢ ᠬᠠᠶᠢᠨ ᠰᠢᠨᠵᠢᠯᠡᠵᠦ᠂ ᠥᠪᠡᠷ ᠤᠨ ᠢᠶᠠᠨ ᠶᠦᠨᠢᠺᠦᠳ᠋ ᠤᠨ ᠺᠣᠳ᠋ᠯᠠᠯ ᠢ ᠵᠠᠰᠠᠪᠤᠷᠢᠯᠠᠬᠤ ᠠᠵᠢᠯ ᠳᠤ ᠣᠨᠣᠯ ᠤᠨ ᠰᠠᠭᠤᠷᠢ ᠲᠠᠯᠪᠢᠬᠤ ᠶᠢ ᠵᠣᠷᠢᠵᠠᠢ᠃ 2019 ᠣᠨ ᠤ 3 ᠰᠠᠷ᠎ᠠ ᠭᠠᠷᠤᠢ ᠳᠤ ᠲᠡᠷᠡ ᠮᠠᠨᠢ   ︽ᠨᠢᠭᠡ ᠵᠦᠢᠯ ᠤᠨ ᠦᠰᠦᠭ ᠤᠨ ᠪᠦᠲᠦᠴᠡ ᠶᠢ ᠬᠠᠮᠠᠭᠠᠯᠠᠬᠤ ᠴᠢᠳᠠᠪᠬᠢᠲᠤ ᠮᠣᠩᠭᠤᠯᠵᠢᠨ ᠦᠰᠦᠭ ᠤᠨ ᠶᠦᠨᠢᠺᠦᠳ᠋ ᠢ ᠵᠠᠰᠠᠪᠤᠷᠢᠯᠠᠬᠤ ᠲᠥᠰᠦᠯ︾ ᠢ ᠪᠢᠴᠢᠵᠦ ᠳᠠᠭᠤᠰᠬᠠᠭᠰᠠᠨ ᠪᠠᠶᠢᠨ᠎ᠠ᠃ ᠡᠳᠡᠭᠡᠷ ᠵᠦᠢᠯ ᠢ ᠬᠢᠵᠦ ᠪᠦᠲᠦᠭᠡᠵᠦ ᠶᠠᠪᠤᠬᠤ ᠳᠠᠭᠠᠨ ᠲᠡᠷᠡ ᠮᠠᠨᠢ ᠳᠠᠷᠤᠭᠠᠰᠤ ᠭᠡᠵᠦ ᠰᠠᠨᠠᠭ᠎ᠠ ᠦᠭᠡᠢ ᠬᠠᠷᠢᠨ ᠥᠪᠡᠷ ᠤᠨ ᠢᠶᠠᠨ ᠨᠢᠭᠡ ᠵᠦᠢᠯ ᠤᠨ ᠳᠤᠷ᠎ᠠ ᠰᠣᠨᠢᠷᠬᠠᠯ ᠳᠠᠭᠠᠨ ᠪᠠᠭᠲᠠᠭᠠᠭᠰᠠᠨ ᠪᠠᠶᠢᠨ᠎ᠠ᠃              ︽ᠳᠤᠷ᠎ᠠ ᠳᠤ ᠰᠢᠷ᠎ᠠ ᠦᠭᠡᠢ︾ ᠬᠡᠳᠡᠭ ᠢᠶᠠᠷ᠂ ᠳᠤᠷ᠎ᠠ ᠲᠠᠢ ᠪᠠᠶᠢᠭᠰᠠᠨ ᠳᠠᠭᠠᠨ ᠯᠡ ᠲᠡᠷᠡ ᠮᠠᠨᠢ ᠢᠩᠭᠢᠵᠦ  ᠵᠢᠳᠬᠦᠭᠰᠡᠨ ᠨᠢ ᠦᠨᠡᠨ᠃ ᠲᠡᠭᠡᠬᠦ ᠳᠤ ᠡᠳᠡᠭᠡᠷ ᠵᠦᠢᠯ ᠨᠢ ᠬᠠᠮᠢᠭ᠎ᠠ ᠴᠤ ᠭᠡᠰᠡᠨ ᠰᠦᠪᠡᠭᠴᠢᠯᠡᠯᠲᠡ ᠰᠤᠳᠤᠯᠭᠠᠨ ᠤ ᠲᠦᠪᠰᠢᠨ ᠳᠤ ᠣᠷᠣᠰᠢᠵᠤ ᠪᠠᠶᠢᠬᠤ ᠪᠣᠯᠬᠤᠷ ᠪᠠᠭᠰᠢ ᠭᠡᠬᠦ ᠵᠦᠢᠯ ᠠᠯᠠᠭ᠎ᠠ᠃ ᠶᠠᠭ ᠪᠠᠭᠰᠢ ᠭᠡᠵᠦ ᠭᠠᠷᠭᠠᠵᠤ ᠶᠠᠷᠢᠪᠠᠯ ᠨᠣᠮ ᠬᠢᠭᠡᠳ ᠰᠦᠯᠵᠢᠶ᠎ᠡ ᠬᠤᠶᠠᠷ ᠯᠡ ᠪᠠᠶᠢᠵᠤ ᠲᠠᠭᠠᠷᠠᠨ᠎ᠠ᠃ ᠮᠡᠷᠭᠡᠵᠢᠯ ᠤᠨ ᠵᠦᠢᠯ ᠢ ᠣᠳᠣ ᠶᠢᠨ ᠨᠥᠬᠦᠴᠡᠯ ᠢᠶᠠᠷ ᠰᠦᠯᠵᠢᠶ᠎ᠡ ᠠᠴᠠ ᠡᠷᠢᠬᠦ ᠳᠤ ᠨᠥᠬᠦᠴᠡᠯ ᠬᠠᠩᠭᠠᠮᠵᠢᠲᠠᠢ᠃ ᠬᠠᠷᠢᠨ ᠬᠡᠯᠡᠨ ᠤ ᠰᠤᠳᠤᠯᠤᠯ ᠢ ᠪᠦᠷ ᠨᠣᠮ ᠠᠴᠠ ᠰᠤᠷᠬᠤ ᠤᠴᠢᠷ ᠪᠣᠯᠣᠨ᠎ᠠ᠃ ᠲᠡᠭᠦᠨ ᠤ ᠬᠡᠯᠡᠨ ᠤ ᠰᠤᠳᠤᠯᠤᠯ ᠪᠣᠯ ᠦᠨᠡᠨ ᠳᠡᠭᠡᠨ ᠮᠣᠩᠭᠤᠯ ᠦᠰᠦᠭ ᠤᠨ ᠡᠷᠢᠯ ᠭᠡᠨᠡᠮ᠃ ᠥᠷᠥᠭᠡᠯ ᠪᠤᠰᠤᠳ ᠲᠤ ᠠᠪᠴᠤ ᠬᠡᠯᠡᠬᠦ ᠳᠤ ᠲᠤᠰᠬᠠᠢ ᠦᠰᠦᠭ ᠢ ᠰᠤᠳᠤᠯᠬᠤ ᠦᠭᠡᠢ ᠪᠠᠶᠢᠵᠤ ᠶᠠᠭᠤ ᠮᠠᠭᠠᠳ᠂ ᠭᠡᠬᠦ ᠳᠡᠭᠡᠨ ᠰᠤᠷᠭᠠᠯᠲᠤ ᠲᠡᠭᠡᠵᠦ ᠴᠢᠳᠠᠬᠤ ᠦᠭᠡᠢ᠃ ᠤᠴᠢᠷ ᠨᠢ ᠮᠣᠩᠭᠤᠯ ᠬᠡᠯᠡᠨ ᠤ ᠶᠦᠨᠢᠺᠦᠳ᠋ ᠲᠤ ᠣᠷᠣᠰᠢᠵᠤ ᠪᠠᠶᠢᠭ᠎ᠠ ᠠᠰᠠᠭᠤᠳᠠᠯ ᠢ ᠲᠡᠷᠡ ᠲᠣᠳᠣᠷᠬᠠᠢ ᠣᠶᠢᠯᠠᠭᠠᠨ᠎ᠠ᠃ ᠲᠡᠭᠦᠨ ᠢ ᠰᠢᠢᠳᠪᠤᠷᠢᠯᠡᠭᠦ ᠳᠤ ᠵᠠᠪᠠᠯ ᠮᠣᠩᠭᠤᠯ ᠦᠰᠦᠭ ᠤᠨ ᠲᠡᠦᠬᠡᠨ ᠡᠭᠦᠰᠦᠯ ᠭᠠᠷᠤᠯ ᠢ ᠨᠢ ᠰᠤᠳᠤᠯᠬᠤ ᠴᠢᠬᠤᠯᠠᠳᠠᠢ ᠰᠠᠨ᠃ ᠨᠢᠭᠡ ᠹᠢᠽᠢᠺ ᠤᠨ ᠤᠬᠠᠭᠠᠨ ᠰᠤᠷᠤᠭᠰᠠᠨ ᠬᠥᠮᠥᠨ ᠤ ᠬᠤᠪᠢ ᠳᠤ ᠬᠡᠯᠡ ᠶᠢ ᠰᠤᠳᠤᠯᠤᠨ᠎ᠠ ᠭᠡᠭᠴᠢ ᠮᠡᠳᠡᠭᠡᠵᠢ ᠲᠡᠶᠢᠮᠦ ᠬᠢᠯᠪᠠᠷ ᠠᠵᠢᠯ ᠪᠢᠰᠢ᠃ ᠬᠠᠭᠠᠰ ᠥᠷᠥᠭᠡ ᠡᠩᠨᠡᠭᠦᠯᠦᠨ ᠵᠢᠭᠰᠠᠭᠠᠭᠰᠠᠨ ᠨᠣᠮ ᠠᠴᠠ ᠨᠢ ᠬᠠᠷᠠᠵᠤ ᠪᠣᠯᠣᠨ᠎ᠠ᠃ ᠺᠣᠮᠫᠢᠦ᠋ᠲ᠋ᠧᠷ ᠤᠨ  ᠮᠡᠷᠭᠡᠵᠢᠯ ᠤᠨ ᠬᠠᠮᠢᠶ᠎ᠠ ᠲᠠᠢ ᠨᠣᠮ ᠤᠳ ᠢ ᠭᠠᠷᠭᠠᠪᠠᠯ ᠳᠠᠷᠤᠢ ᠦᠰᠦᠭ ᠪᠢᠴᠢᠭ ᠤᠨ ᠰᠤᠳᠤᠯᠤᠯ ᠤᠨ ᠨᠣᠮ ᠤᠳ ᠪᠣᠯᠣᠨ᠎ᠠ᠃ ᠡᠳᠡᠭᠡᠷ ᠨᠢ ᠲᠡᠭᠦᠨ ᠤ ᠲᠤᠰᠬᠠᠶᠢᠯᠠᠨ ᠬᠤᠷᠢᠶᠠᠨ ᠴᠤᠭᠯᠠᠭᠤᠯᠤᠭᠰᠠᠨ ᠨᠣᠮ ᠪᠢᠯᠨ᠃ ᠡᠭᠦᠨ ᠳᠤ ᠠᠯᠢ ᠭᠠᠯᠢ ᠦᠰᠦᠭ ᠂ ᠰᠣᠭᠳᠠ ᠦᠰᠦᠭ ᠂ ᠲᠥᠪᠡᠳ ᠦᠰᠦᠭ ᠂ ᠮᠠᠨᠵᠤ ᠦᠰᠦᠭ ᠤᠨ ᠬᠠᠮᠢᠶ᠎ᠠ ᠲᠠᠢ ᠲᠡᠷᠡᠴᠢᠯᠡᠨ ᠡᠷᠲᠡᠨ ᠤ ᠮᠣᠩᠭᠤᠯ ᠬᠡᠯᠡᠨ ᠤ ᠰᠤᠳᠤᠯᠤᠯ᠂ ᠡᠯ᠎ᠡ ᠵᠦᠢᠯ ᠤᠨ ᠲᠣᠯᠢ ᠪᠢᠴᠢᠭ ᠭᠡᠬᠦ ᠮᠡᠲᠤ ᠶᠢᠨ ᠨᠣᠮ ᠤᠳ ᠬᠠᠷᠠᠭᠳᠠᠬᠤ ᠶᠤᠮ᠃ ᠮᠣᠩᠭᠤᠯ ᠦᠰᠦᠭ ᠤᠨ ᠲᠡᠦᠬᠡ ᠶᠢ ᠰᠤᠳᠤᠯᠬᠤ ᠶᠢᠨ ᠲᠥᠯᠥᠭᠡ 2007 ᠣᠨ ᠠᠴᠠ ᠡᠬᠢᠯᠡᠵᠦ ᠡᠨᠡ ᠪᠦᠬᠦᠨ ᠢ ᠰᠤᠷᠤᠯᠴᠠᠭᠰᠠᠨ ᠪᠠᠶᠢᠨ᠎ᠠ᠃ ᠺᠣᠮᠫᠢᠦ᠋ᠲ᠋ᠧᠷ ᠤᠨ ᠮᠡᠷᠭᠡᠵᠢᠯ ᠲᠠᠢ ᠬᠠᠷᠢᠴᠠᠭᠤᠯᠪᠠᠯ ᠡᠨᠡ ᠪᠣᠯ ᠵᠢᠩᠬᠢᠨᠢ ᠠᠮᠠᠷ ᠦᠭᠡᠢ ᠠᠵᠢᠯ ᠳᠤ ᠲᠣᠭᠠᠴᠠᠭᠳᠠᠨ᠎ᠠ᠃ ᠵᠠᠷᠢᠮ ᠢ ᠨᠢ ᠰᠤᠷᠬᠤ ᠶᠢᠨ ᠲᠤᠰᠠᠳᠠ ᠮᠡᠳᠡᠳᠡᠭ ᠪᠠᠭᠰᠢ ᠨᠠᠷ ᠠᠴᠠ ᠠᠰᠠᠭᠤᠬᠤ ᠪᠣᠯᠤᠮᠵᠢ ᠲᠣᠬᠢᠶᠠᠯᠳᠤᠨ᠎ᠠ᠂ ᠭᠡᠬᠦ ᠳᠤ ᠵᠠᠷᠢᠮ ᠨᠢ ᠪᠠᠭᠰᠢ ᠦᠭᠡᠢ ᠥᠪᠡᠷ ᠢᠶᠠᠨ ᠳᠠᠬᠢᠨ ᠳᠠᠬᠢᠨ ᠬᠠᠷᠭᠤᠭᠤᠯᠵᠤ ᠪᠠᠶᠢᠭᠠᠳ ᠨᠢᠭᠡ ᠶᠠᠭᠤᠮ᠎ᠠ ᠪᠣᠯᠭᠠᠨ᠎ᠠ᠃ ᠬᠡᠳᠦᠢ ᠬᠦᠴᠢᠷᠲᠡᠢ ᠪᠠᠶᠢᠭᠰᠠᠨ ᠴᠤ ᠲᠡᠷᠡ ᠮᠠᠨᠢ ᠰᠢᠨᠳᠠᠰᠤ ᠬᠠᠲᠠᠭᠤ ᠵᠣᠷᠢᠭ ᠢᠶᠠᠨ ᠪᠠᠷᠢᠵᠤ ᠬᠦᠴᠦᠯᠡᠨ ᠴᠢᠷᠮᠠᠶᠢᠭᠰᠠᠭᠠᠷ ᠥᠨᠥᠳᠦᠷ ᠲᠤ ᠬᠦᠷᠦᠭᠰᠡᠨ ᠪᠠᠶᠢᠨ᠎ᠠ᠃ ᠴᠢᠷᠮᠠᠶᠢᠭᠰᠠᠨ ᠤ ᠳ᠋ᠦᠩ ᠳᠤ ᠮᠣᠩᠭᠤᠯ ᠬᠡᠯᠡᠨ ᠤ ᠡᠭᠦᠰᠦᠯ ᠲᠡᠦᠬᠡ ᠶᠢᠨ ᠰᠤᠳᠤᠯᠭᠠᠨ ᠢ ᠪᠠᠭᠲᠠᠭᠠᠭᠰᠠᠨ ᠡᠬᠡ ᠨᠣᠣᠷᠠᠭ ᠢᠶᠠᠨ ᠬᠠᠭᠠᠰᠯᠠᠵᠤ ᠪᠠᠶᠢᠭ᠎ᠠ᠃ ᠦᠷᠭᠦᠯᠵᠢᠯᠡᠨ ᠪᠢᠴᠢᠵᠦ ᠳᠠᠭᠤᠰᠬᠠᠬᠤ ᠠᠵᠢᠯ ᠪᠣᠯ ᠳᠠᠷᠠᠭᠠᠴᠢ ᠶᠢᠨ ᠬᠢᠬᠦ ᠠᠵᠢᠯ ᠤᠨ ᠭᠤᠣᠯᠳᠠᠯᠭ᠎ᠠ ᠶᠢᠨ ᠨᠢᠭᠡ ᠨᠢ ᠮᠥᠨ᠃ ᠲᠡᠭᠦᠨ ᠤ ᠵᠢᠷᠦᠬᠡ ᠮᠣᠩᠭᠤᠯ ᠢᠶᠠᠨ ᠭᠡᠰᠡᠨ ᠴᠣᠬᠢᠯᠭ᠎ᠠ ᠪᠠᠷ ᠴᠤᠬᠢᠯᠠᠭᠰᠠᠭᠠᠷ ᠁ ᠬᠡᠴᠢᠨᠡᠨ ᠵᠢᠯ ᠢᠶᠠᠷ ᠡᠷᠢᠯ ᠳᠤ ᠶᠠᠪᠤᠵᠤ ᠦᠷ᠎ᠡ ᠬᠤᠶᠢᠴᠢᠰ ᠲᠠᠭᠠᠨ ᠦᠯᠡᠳᠡᠭᠡᠵᠦ ᠪᠠᠶᠢᠭ᠎ᠠ ᠪᠡᠯᠡᠭ ᠤᠨ ᠤᠴᠢᠷ ᠨᠢ ᠡᠶᠢᠮᠦ ᠠᠵᠤᠭᠤ᠃                                           (ᠵᠣᠬᠢᠶᠠᠭᠴᠢ᠄ ᠪᠠᠭᠠᠨ᠎ᠠ       ᠳᠠᠪᠰᠢᠯᠲᠤ)  
 
ᠢᠷᠡᠯᠲᠡ᠄ ᠠᠯᠠᠱᠠ ᠶᠢᠨ ᠮᠣᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号