ᠡᠭᠡ ᠭᠡᠯᠡᠨ ᠠᠴᠠ ᠠᠮᠢᠳᠣᠷᠠᠬᠤᠢ ᠶᠢᠨ ᠣᠬᠠᠭᠠᠨ ᠣᠷᠭᠤᠨ᠎ᠠ
ᠨᠡᠶᠢᠲᠡᠯᠡᠭᠰᠡᠨ ᠴᠠᠭ᠄
2019/4/1
       ︽ᠶᠡᠷᠤᠨᠢ ᠵᠠᠬ᠎ᠠ ᠵᠡᠭᠡᠯᠢ ᠶᠢᠨ ᠫᠠᠶᠢᠰᠠ ᠢᠯᠡᠷᠭᠡᠶᠢᠯᠡᠯ ᠳᠤ ᠮᠣᠩᠭᠤᠯ ᠦᠰᠦᠭ ᠪᠣᠷᠣᠭᠤ ᠪᠢᠴᠢᠭᠳᠡᠭᠰᠡᠨ ᠪᠠᠶᠢᠳᠠᠭ ᠢ ᠪᠢ ᠦᠷᠬᠦᠯᠵᠢ ᠣᠯᠵᠣ ᠬᠠᠷᠠᠳᠠᠭ ᠪᠣᠯᠬᠤᠷ ᠳᠣᠰᠬᠠᠢ ᠮᠣᠩᠭᠤᠯ ᠵᠡᠷ ᠮᠡᠳᠡᠭᠡᠨ ᠤ ᠵᠢᠷᠤᠭᠯᠠᠨ ᠳᠦᠰᠦᠪᠯᠡᠬᠦ ᠦᠷᠦᠭᠡ ᠨᠡᠭᠡᠭᠡᠬᠦ ᠪᠣᠳᠣᠯ ᠣᠷᠣᠵᠣ᠂ ᠠᠵᠢᠯ ᠢᠶᠠᠨ ᠬᠠᠶᠠᠵᠣ ᠦᠢᠯᠡᠰ ᠪᠣᠰᠬᠠᠬᠤ ᠣᠬᠠᠭᠠᠨ ᠢᠩᠭᠢᠵᠣ ᠯᠠ ᠣᠷᠭᠤᠭᠰᠠᠨ︾ ᠭᠡᠵᠣ ᠶᠢᠨ ᠰᠥᠸᠧ ᠠᠩᠬ᠎ᠠ ᠦᠢᠯᠡᠰ ᠡᠷᠬᠢᠯᠠᠵᠤ ᠡᠬᠢᠯᠡᠭᠰᠡᠨ ᠠᠩᠬᠠᠨ ᠤ ᠪᠣᠳᠣᠯ ᠢᠶᠠᠨ ᠲᠠᠯᠭᠡᠯ᠎ᠠ᠃        ᠳᠦᠷᠦᠬᠦᠭᠡᠨ ᠶᠢᠨ ᠰᠥᠸᠧ ᠶᠢᠨ ︽ᠮᠢᠨᠣ ᠡᠭᠡ ᠭᠡᠯᠡ — ᠵᠢᠷᠣᠭᠯᠠᠨ ᠳᠦᠰᠦᠪᠯᠡᠬᠦ ᠵᠡᠷ ᠮᠡᠳᠡᠭᠡᠨ ᠤ ᠭᠡᠪᠯᠡᠯ︾ ᠭᠡᠮᠠᠬᠦ ᠮᠣᠩᠭᠤᠯ ᠵᠡᠷ ᠮᠡᠳᠡᠭᠡᠨ ᠤ ᠦᠷᠦᠭᠡ ᠠᠯᠠᠱᠠ ᠪᠠᠷᠠᠭᠤᠨ ᠬᠤᠰᠢᠭᠤᠨ ᠤ ᠦᠢᠯᠡᠰ ᠪᠣᠰᠬᠠᠬᠤ ᠬᠦᠷᠢᠶᠡᠯᠡᠩ ᠳᠤ ᠡᠬᠦᠳᠡ ᠪᠠᠨ ᠨᠠᠭᠡᠭᠡᠭᠰᠠᠨ ᠶᠤᠮᠰᠠᠨ᠃ ᠨᠣᠮ ᠰᠡᠳᠬᠦᠯ ᠭᠡᠪᠯᠡᠬᠦ᠂ ᠵᠢᠷᠤᠭ ᠳᠦᠯᠦᠪᠯᠡᠭᠡ ᠬᠢᠬᠦ᠂ ᠫᠠᠶᠢᠰᠠ ᠢᠯᠡᠷᠭᠡᠶᠢᠯᠡᠯ ᠵᠣᠬᠢᠶᠠᠬᠤ᠂ ᠡᠯᠳᠡᠪ ᠵᠦᠢᠯ ᠤᠨ ᠵᠡᠷ ᠮᠡᠳᠡᠭᠡᠨ ᠤ ᠳᠦᠯᠦᠪᠯᠡᠭᠡ᠂ ᠠᠯᠪᠠᠨ ᠭᠡᠷ ᠤᠨ ᠭᠡᠷᠡᠭᠰᠡᠯ ᠤᠨ ᠰᠢᠷᠢᠰ ᠠᠵᠢᠯ ᠬᠢᠬᠦ᠂ ᠬᠤᠣᠰ ᠭᠡᠯᠡᠨ ᠤ ᠣᠷᠴᠢᠭᠤᠯᠭ᠎ᠠ ᠵᠡᠷᠭᠡ ᠶᠢ ᠬᠠᠪᠰᠣᠷᠭᠠᠭᠰᠠᠨ ᠡᠵᠡᠩᠨᠠᠯᠳᠠ ᠪᠠᠨ ᠪᠦᠬᠦ ᠳᠠᠯ᠎ᠠ ᠪᠠᠷ ᠡᠬᠢᠯᠡᠬᠦᠯᠦᠭᠰᠡᠨ ᠪᠠᠶᠢᠨ᠎ᠠ᠃                 ᠶᠢᠨ ᠰᠥᠸᠧ ᠪᠣᠯ ᠠᠯᠠᠱᠠ ᠪᠠᠷᠠᠭᠤᠨ ᠬᠤᠰᠢᠭᠤᠨ ᠤ ᠳᠠᠩᠰᠣᠭᠪᠣᠯᠠᠭ ᠰᠣᠮᠣᠨ ᠤ ᠬᠤᠰᠢᠭᠤᠴᠢ ᠭᠠᠴᠠᠭᠠᠨ ᠤ ᠤᠤᠭᠠᠯ᠃ ᠳᠡᠷᠡᠪᠡᠷ 2010 ᠣᠨ ᠳᠤ ᠦᠪᠦᠷ ᠮᠣᠩᠭᠤᠯ ᠤᠨ ᠡᠮᠨᠡᠯᠭᠡ ᠶᠢᠨ ᠶᠡᠭᠡ ᠰᠣᠷᠭᠠᠭᠤᠯᠢ ᠠᠴᠠ ᠮᠣᠩᠭᠤᠯ ᠡᠮ ᠡᠮᠨᠡᠯᠭᠡ ᠶᠢᠨ ᠳᠣᠰᠬᠠᠢ ᠮᠡᠷᠭᠡᠵᠢᠯ ᠢᠶᠠᠷ ᠳᠡᠬᠦᠰᠴᠣ᠂ ᠳᠣᠰ ᠵᠢᠯ ᠳᠡᠭᠡᠨ ᠠᠯᠠᠱᠠ ᠪᠠᠷᠠᠭᠤᠨ ᠬᠤᠰᠢᠭᠤᠨ ᠤ ᠠᠯᠳ᠋ᠬᠠᠣᠪᠣᠭ᠎ᠠ ᠪᠠᠯᠭᠠᠰᠣᠨ ᠤ ᠵᠠᠰᠠᠭ ᠤᠨ ᠣᠷᠳᠣᠨ ᠳᠤ ᠠᠵᠢᠯᠯᠠᠵᠡᠢ᠃ ᠳᠠᠪᠣᠨ ᠵᠢᠯ ᠭᠠᠷᠦᠢ ᠶᠢᠨ ᠴᠢᠷᠮᠠᠶᠢᠯᠭ᠎ᠠ ᠪᠠᠷ ᠨᠡᠶᠢᠭᠡᠮ ᠳᠣᠭᠤᠷᠢᠭ ᠤᠨ ᠡᠷᠬᠢᠯᠡᠭᠴᠢ ᠶᠢᠨ ᠠᠵᠢᠯ ᠳᠤ ᠭᠠᠷᠴᠣ᠂ ᠮᠠᠯᠴᠢᠨ ᠳᠠᠷᠢᠶᠠᠴᠢᠳ ᠤᠨ ᠨᠦᠬᠦᠪᠦᠷᠢ ᠮᠦᠩᠭᠦ ᠶᠢ ᠬᠠᠮᠢᠶᠠᠷᠬᠤ ᠠᠵᠢᠯ ᠢ ᠭᠤᠣᠯᠴᠢᠯᠠᠨ ᠬᠠᠷᠢᠭᠤᠴᠠᠵᠣ ᠪᠠᠶᠢᠭᠰᠠᠨ ᠶᠤᠮ᠃ 2015 ᠣᠨ ᠤ 7 ᠰᠠᠷ᠎ᠠ ᠳᠤ ᠠᠯᠳ᠋ᠬᠠᠣᠪᠣᠭ᠎ᠠ ᠪᠠᠯᠭᠠᠰᠣᠨ ᠤ ᠡᠷᠡᠬᠦᠯ ᠬᠠᠮᠠᠭᠠᠯᠠᠯ ᠤᠨ ᠬᠤᠷᠢᠶᠠᠨ ᠳᠤ ᠠᠵᠢᠯ ᠰᠢᠯᠵᠢᠵᠣ᠂ ᠡᠮᠨᠡᠯᠭᠡ ᠶᠢᠨ ᠬᠤᠷᠢᠶᠠᠨ ᠤ ᠨᠠᠷᠢᠨ ᠪᠢᠴᠢᠭ ᠤᠨ ᠠᠵᠢᠯ᠂ ᠨᠢᠭᠳᠠᠯᠠᠨ ᠪᠤᠳᠤᠭᠴᠢ ᠶᠢᠨ ᠠᠵᠢᠯ ᠢ ᠬᠠᠷᠢᠭᠤᠴᠠᠵᠣ ᠪᠠᠶᠢᠵᠡᠢ᠃        2017 ᠣᠨ ᠤ ᠣᠴᠢᠷ ᠶᠣᠮᠰᠠᠨ᠃ ᠳᠡᠷᠡ ᠮᠠᠨᠢ ᠵᠡᠭᠡᠯᠢ ᠶᠢᠨ ᠫᠠᠶᠢᠰᠠ ᠢᠯᠡᠷᠭᠡᠶᠢᠯᠡᠯ ᠤᠨ ᠪᠣᠷᠣᠭᠤ ᠦᠰᠦᠭ ᠢ ᠬᠠᠷᠠᠭᠠᠳ ︽ᠮᠣᠩᠭᠤᠯ ᠦᠰᠦᠭ ᠢ ᠵᠦᠪ ᠪᠢᠴᠢᠵᠣ ᠪᠣᠯᠳᠠᠭ ᠦᠭᠡᠢ ᠶᠤᠮ ᠤᠤ︾ ᠭᠡᠰᠡᠨ ᠪᠣᠳᠣᠯ ᠣᠷᠣᠵᠣ᠂ ᠳᠣᠰ ᠵᠢᠯ ᠳᠡᠭᠡᠨ ᠠᠵᠢᠯ ᠢᠶᠠᠨ ᠬᠠᠶᠠᠵᠣ ᠰᠣᠶᠣᠯ ᠵᠠᠭᠤᠴᠢ ᠮᠣᠩᠭᠤᠯ ᠵᠠᠷ ᠮᠡᠳᠡᠭᠡᠨ ᠤ ᠦᠷᠦᠭᠡ ᠭᠠᠷᠭᠠᠨ ᠮᠠᠰᠢ ᠴᠢᠷᠮᠠᠶᠢᠯᠳᠠ ᠲᠠᠢ ᠠᠵᠢᠯᠯᠠᠵᠣ ᠡᠬᠢᠯᠡᠭᠰᠡᠨ ᠠᠵᠢ᠃                 ᠶᠢᠨ ᠰᠥᠸᠧ ᠡᠨᠡᠬᠦ ᠰᠣᠶᠣᠯ ᠵᠠᠭᠤᠴᠢ ᠮᠣᠩᠭᠤᠯ ᠵᠠᠷ ᠮᠡᠳᠡᠭᠡᠨ ᠤ ᠦᠷᠦᠭᠡ ᠪᠠᠨ ᠣᠳᠣ ᠶᠢᠨ ᠳᠣᠮᠣ ᠭᠡᠪᠴᠢᠶᠠᠨ ᠤ ᠦᠷᠦᠭᠡ ᠪᠣᠯᠭᠠᠨ ᠶᠡᠭᠡᠰᠭᠡᠬᠦ ᠳᠤ ᠪᠠᠰᠠ ᠨᠢᠭᠡᠨ ᠦᠯᠢᠭᠡᠷ ᠲᠠᠢ ᠶᠣᠮᠰᠠᠨ᠃ ᠨᠢᠭᠡ ᠣᠳᠠᠭ᠎ᠠ ᠰᠠᠨ᠃  ᠶᠢᠨ ᠰᠥᠸᠧ ᠬᠠᠮᠤᠭ ᠰᠠᠶᠢᠨ ᠨᠠᠶᠢᠵᠠ ᠴᠢᠮᠡᠳᠴᠡᠷᠡᠨ ᠲᠠᠢ ᠪᠠᠨ ᠬᠠᠮᠳᠣ ᠶᠠᠷᠢᠯᠴᠠᠬᠤ ᠳᠣᠮᠳᠠ ᠬᠤᠶᠠᠭᠤᠯᠠ ᠪᠠᠨ ᠬᠠᠮᠳᠣ ᠪᠠᠷ ᠦᠢᠯᠡᠰ ᠪᠣᠰᠬᠠᠬᠤ ᠰᠠᠨᠠᠭ᠎ᠠ ᠨᠡᠶᠢᠯᠡᠵᠣ᠂ ᠪᠡᠯᠡ ᠮᠦᠩᠭᠦ ᠣᠷᠣᠭᠤᠯᠣᠨ ᠠᠯᠠᠱᠠ ᠪᠠᠷᠠᠭᠤᠨ ᠬᠤᠰᠢᠭᠤᠨ ᠳᠤ ᠴᠣᠷᠢ ᠶᠢᠨ ᠭᠠᠭᠴᠠ ᠳᠣᠮᠣ ᠭᠡᠯᠪᠡᠷᠢ ᠶᠢᠨ ᠵᠠᠷ ᠮᠡᠳᠡᠭᠡᠨ ᠤ ᠦᠷᠦᠭᠡ ᠨᠡᠭᠡᠭᠡᠬᠦ ᠪᠠᠷ ᠵᠦᠪᠳᠡᠯᠴᠡᠭᠰᠡᠨ ᠪᠠᠶᠢᠯ᠎ᠠ᠃ ᠢᠩᠭᠢᠭᠡᠳ ᠳᠡᠮᠡᠢ ᠣᠳᠠᠯ ᠦᠭᠡᠢ ᠡᠳᠡ ᠬᠤᠶᠠᠭᠤᠯᠠ ᠨᠠᠶᠢᠳᠡ 40 ᠭᠠᠷᠦᠢ ᠳᠦᠮᠡᠨ ᠳᠦᠬᠦᠷᠢᠭ ᠵᠠᠷᠣᠴᠠᠭᠤᠯᠣᠨ ᠦᠷᠦᠭᠡᠨ ᠳᠡᠭᠡᠨ ᠪᠦᠬᠦ ᠮᠠᠰᠢᠨ ᠳᠦᠬᠦᠭᠡᠷᠦᠮᠵᠢ ᠪᠠᠨ ᠬᠤᠳᠠᠯᠳᠣᠨ ᠠᠪᠴᠣ᠂ ᠭᠤᠷᠪᠠᠨ ᠠᠵᠢᠯᠳᠠᠨ ᠡᠯᠰᠡᠨ ︽ᠮᠢᠨᠣ ᠡᠭᠡ ᠭᠡᠯᠡ — ᠵᠢᠷᠤᠭᠯᠠᠨ ᠳᠦᠰᠦᠪᠯᠡᠬᠦ ᠵᠡᠷ ᠮᠡᠳᠡᠭᠡᠨ ᠤ ᠭᠡᠪᠯᠡᠯ︾ ᠭᠡᠬᠦ ᠮᠣᠩᠭᠤᠯ ᠵᠡᠷ ᠮᠡᠳᠡᠭᠡᠨ ᠤ ᠦᠷᠦᠭᠡ ᠪᠠᠨ ᠨᠡᠭᠡᠭᠡᠭᠰᠡᠨ ᠶᠤᠮ᠃                 ᠶᠢᠨ ᠰᠥᠸᠧ ᠭᠡᠯᠡᠬᠦ ᠳᠡᠭᠡᠨ᠂ 2017 ᠣᠨ ᠤ ᠨᠠᠮᠣᠷ ᠶᠠᠭ ᠡᠬᠢᠯᠡᠵᠣ ᠦᠢᠯᠡᠰ ᠡᠷᠬᠢᠯᠠᠵᠤ ᠡᠬᠢᠯᠡᠬᠦ ᠳᠤ ᠵᠡᠷ ᠮᠡᠳᠡᠭᠡᠨ ᠤ ᠳᠡᠯᠭᠡᠬᠦᠷ ᠤᠨ ᠣᠷᠣᠯᠭ᠎ᠠ ᠪᠠᠭ᠎ᠠ᠂ ᠨᠢᠭᠡ ᠰᠠᠷ᠎ᠠ ᠭᠠᠷᠦᠢ ᠶᠢᠨ ᠬᠤᠭᠤᠴᠠᠭᠠᠨ ᠳᠤ ᠢᠷᠡᠬᠦ ᠬᠦᠮᠦᠨ ᠴᠦᠭᠡᠨ᠂ ᠮᠡᠳᠡᠬᠦ ᠬᠦᠮᠦᠨ ᠴᠦ ᠴᠦᠭᠡᠨ᠂ ᠬᠠᠶᠠ ᠳᠠᠭᠠᠨ ᠨᠢᠭᠡ ᠬᠤᠶᠠᠷ ᠶᠠᠪᠣᠭᠤᠯ ᠤᠨ ᠬᠦᠮᠦᠨ ᠬᠦᠳᠡᠭᠡ ᠨᠣᠳᠤᠭ ᠢᠶᠠᠷ ᠠᠯᠳᠠᠭᠰᠠᠨ ᠮᠠᠯ ᠢᠶᠠᠨ ᠡᠷᠢᠵᠣ ᠢᠷᠡᠬᠦ‍ ᠰᠢᠭ ᠪᠠᠶᠢᠳᠠᠭ ᠪᠠᠶᠢᠭᠰᠠᠨ᠃ ᠬᠤᠶᠠᠳᠣᠭᠠᠷ ᠰᠠᠷ᠎ᠠ ᠠᠴᠠ ᠡᠬᠢᠯᠡᠵᠣ ᠳᠡᠯᠭᠡᠬᠦᠷ ᠤᠨ ᠢᠶᠠᠨ ᠵᠡᠷ ᠮᠡᠳᠡᠭᠡ ᠶᠢ ᠰᠠᠶᠢᠨ ᠬᠢᠵᠣ ᠣᠯᠠᠨ ᠳᠤ ᠮᠡᠳᠡᠷᠡᠭᠳᠡᠭᠰᠡᠨ ᠠᠴᠠ ᠣᠷᠢᠯᠭ᠎ᠠ ᠬᠢᠯᠭᠡᠬᠦ᠂ ᠡᠬᠦᠳᠡᠨ ᠤ ᠦᠰᠦᠭ ᠤᠷᠠᠯᠠᠭᠤᠯᠬᠤ ᠵᠡᠷᠭᠡ ᠪᠠᠭ᠎ᠠ ᠰᠠᠭ᠎ᠠ ᠠᠵᠢᠯ ᠠᠷᠪᠢᠳᠴᠣ᠂ ᠰᠡᠬᠦᠯ ᠳᠡᠭᠡᠨ ᠵᠡᠷ ᠮᠡᠳᠡᠭᠡ᠂ ᠣᠷᠴᠢᠭᠤᠯᠭ᠎ᠠ ᠬᠢᠬᠦ ᠠᠵᠢᠯ ᠠᠷᠪᠢᠳᠣᠨ ᠣᠨᠳᠠᠵᠣ ᠠᠮᠠᠷᠠᠬᠤ ᠴᠠᠭ ᠴᠦ ᠳᠣᠩ ᠬᠤᠮᠰᠠ ᠪᠣᠯᠵᠡᠢ᠃ ᠳᠡᠷᠡ ᠦᠶ᠎ᠡ ᠳᠤ ᠵᠡᠷ ᠮᠡᠳᠡᠭᠡᠨ ᠤ ᠦᠷᠦᠭᠡᠨ ᠳᠤ ᠮᠠᠰᠢᠨ ᠲᠦᠬᠦᠭᠡᠷᠦᠮᠵᠢ ᠪᠦᠷᠢᠨ ᠪᠢᠰᠢ᠂ ᠦᠪᠡᠷ ᠤᠨ ᠳᠦᠯᠦᠪᠯᠡᠵᠣ ᠵᠢᠷᠤᠭᠰᠠᠨ ᠪᠦᠳᠦᠭᠡᠯ ᠢᠶᠠᠨ ᠵᠠᠪᠠᠯ ᠪᠣᠰᠣᠳ ᠤᠨ ᠮᠠᠰᠢᠨ ᠳᠡᠭᠡᠷ᠎ᠠ ᠠᠪᠠᠴᠢᠨ ᠲᠠᠷᠤᠮᠠᠯᠯᠠᠬᠤ ᠵᠡᠷᠭᠡ ᠠᠰᠠᠭᠤᠳᠠᠯ ᠳᠣᠯᠭᠠᠷᠠᠵᠣ ᠪᠠᠶᠢᠭᠰᠠᠨ᠂ ᠳᠣᠨᠤᠭ ᠳᠦᠬᠦᠷᠣᠮᠵᠢ ᠳᠣᠳᠠᠮᠠᠭ ᠠᠴᠠ ᠵᠠᠷᠢᠮ ᠠᠰᠠᠭᠤᠳᠠᠯ ᠢ ᠦᠨᠳᠦᠰᠦᠨ ᠳᠡᠭᠡᠨ ᠦᠪᠡᠷ ᠢᠶᠠᠨ ᠰᠢᠢᠳᠪᠦᠷᠢᠯᠡᠵᠣ ᠴᠢᠳᠠᠬᠤ ᠦᠭᠡᠢ᠂ ᠡᠨᠡ ᠨᠢ ᠮᠠᠨ ᠳᠤ ᠳᠣᠯᠭᠠᠷᠠᠭᠰᠠᠨ ᠬᠠᠮᠤᠭ ᠤᠨ ᠬᠦᠴᠢᠷ ᠠᠰᠠᠭᠤᠳᠠᠯ ᠪᠠᠶᠢᠭᠰᠠᠨ ᠭᠡᠯ᠎ᠡ᠃              ︽ᠰᠠᠨᠠᠵᠣ ᠶᠠᠪᠣᠪᠠᠯ ᠯᠠᠪᠳᠠᠢ ᠪᠦᠳᠦᠬᠦ ᠶᠤᠮ᠃ ᠴᠢᠮᠡᠳᠴᠡᠷᠡᠨ ᠨᠠᠶᠢᠵᠠ ᠶᠢᠨ ᠢᠶᠠᠨ ᠨᠠᠨᠳᠢᠨ ᠣᠴᠠᠷᠠᠯ ᠢᠶᠠᠷ ᠵᠠᠷ ᠮᠡᠳᠡᠭᠡᠨ ᠤ ᠦᠢᠯᠡᠰ ᠮᠢᠨᠢ ᠯᠠᠪᠳᠠᠢ ᠬᠦᠭᠵᠢᠨ ᠪᠣᠵᠠᠭᠠᠶᠢᠷᠠᠨ᠎ᠠ ᠭᠡᠳᠡᠭ ᠲᠤ ᠮᠠᠰᠢ ᠢᠳᠡᠭᠡᠯ ᠲᠠᠢ ᠪᠠᠶᠢᠨ᠎ᠠ᠃ ᠮᠣᠩᠭᠤᠯ ᠬᠢᠳᠠᠳ ᠬᠤᠣᠰ ᠭᠡᠯᠡᠨ ᠤ ᠦᠢᠯᠡᠴᠢᠯᠡᠭᠡ ᠵᠢᠴᠢ ᠦᠨᠡᠨᠴᠢ ᠢᠳᠡᠭᠡᠯ ᠲᠠᠢ ᠪᠠᠷ ᠨᠡᠶᠢᠭᠡᠮ ᠳᠠᠶᠠᠭᠠᠷ ᠲᠤ ᠦᠢᠯᠡᠴᠢᠯᠡᠨ᠎ᠡ᠂ ᠮᠠᠨ ᠤ ᠪᠦᠳᠦᠭᠡᠯ ᠳᠠᠨ ᠤ ᠰᠡᠳᠬᠢᠯ ᠳᠤ ᠯᠠᠪᠳᠠᠢ ᠬᠦᠷᠴᠣ ᠳᠡᠶᠢᠯᠬᠦ ᠭᠡᠰᠡᠨ ᠨᠢᠭᠡ ᠯᠠ ᠵᠣᠷᠢᠭ ᠢᠶᠠᠷ ᠦᠢᠯᠡᠴᠢᠯᠡᠬᠦ ᠪᠣᠯ ᠪᠢᠳᠠᠨ ᠤ ᠣᠷᠢᠶ᠎ᠠ︾ ᠭᠡᠮᠡᠨ ᠶᠢᠨ ᠰᠥᠸᠧ ᠠᠵᠢᠯ ᠢᠶᠠᠨ ᠦᠨᠡᠨᠴᠢ ᠢᠳᠡᠭᠡᠮᠵᠢᠳᠡᠢ ᠪᠠᠷ ᠬᠢᠵᠣ ᠪᠣᠰᠣᠳ ᠲᠤ ᠰᠠᠶᠢᠨ ᠦᠢᠯᠡᠴᠢᠯᠡᠬᠦ ᠪᠠᠨ ᠪᠠᠳᠣᠯᠠᠨ ᠭᠡᠯᠡᠵᠣ ᠪᠠᠶᠢᠯ᠎ᠠ᠃              ᠨᠡᠭᠡᠷᠡᠨ ᠰᠢᠣ᠂ ᠡᠭᠡ ᠬᠡᠯᠡᠨ ᠤ ᠪᠠᠨ ᠳᠣᠬᠠᠢ ᠪᠣᠳᠣᠯᠭᠠᠰᠢᠷᠠᠯ ᠪᠣᠯᠵᠣ ᠪᠠᠶᠢᠭᠰᠠᠨ ᠠᠴᠠ ᠪᠠᠨ ᠡᠭᠡ ᠭᠡᠯᠡᠨ ᠤ ᠪᠠᠨ ᠳᠦᠯᠦᠭᠡ ᠭᠡᠮᠡᠬᠦ ᠣᠬᠠᠮᠰᠠᠷ ᠠᠴᠠ ᠠᠮᠢᠳᠣᠷᠠᠬᠤᠢ ᠣᠬᠠᠭᠠᠨ ᠣᠯᠵᠣ᠂ ᠠᠮᠢᠳᠣᠷᠠᠯ ᠠᠵᠢᠯ ᠦᠢᠯᠡᠰ ᠲᠡᠭᠡᠨ ᠬᠢᠯᠠᠷᠠᠭᠤᠯᠳᠠᠯ᠎ᠠ ᠠᠵᠢᠯᠯᠠᠵᠣ ᠪᠠᠶᠢᠭ᠎ᠠ ᠶᠢᠨ ᠰᠥᠸᠧ ᠶᠢᠨ ᠢᠳᠡᠭᠡᠯ ᠵᠣᠷᠢᠭ ᠲᠤ ᠦᠨᠡᠨᠬᠦ ᠬᠦᠴᠣ ᠨᠡᠮᠡᠵᠣ ᠪᠠᠶᠢᠨ᠎ᠠ᠂ ᠨᠡᠩ ᠦᠨᠳᠦᠷ ᠠᠮᠵᠢᠯᠳᠠ ᠳᠤ ᠬᠦᠷᠬᠦ ᠪᠣᠯᠳᠣᠭᠠᠢ᠃                                                          (ᠵᠣᠬᠢᠶᠠᠭᠴᠢ᠄ ᠨᠠᠷᠠᠨ᠎ᠠ)  
 
ᠢᠷᠡᠯᠲᠡ᠄ ᠠᠯᠠᠱᠠ ᠶᠢᠨ ᠮᠣᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号