ᠲᠡᠮᠡᠭᠡᠨ ᠤ ᠰᠦᠢᠯᠭ᠎ᠠ ᠶᠢᠨ ᠲᠤᠬᠠᠢ
ᠨᠡᠶᠢᠲᠡᠯᠡᠭᠰᠡᠨ ᠴᠠᠭ᠄
2019/3/26
        ᠪᠠᠶᠠᠨ ᠨᠠᠮᠤᠷ ᠤᠨ ᠤᠯᠠᠷᠢᠯ ᠳᠤ ᠠᠬᠳᠠ ᠶᠢᠨ ᠤᠷᠤᠯᠳᠤᠭᠠᠨ ᠲᠠᠯᠪᠢᠳᠠᠬ ᠪᠤᠯ ᠬᠥᠭᠡᠭᠡ ᠡᠪᠤᠯ ᠤᠨ ᠤᠯᠠᠷᠢᠯ ᠳᠤ ᠠᠳᠠ ᠶᠢᠨ ᠤᠷᠤᠯᠳᠤᠭᠠᠨ ᠲᠠᠯᠪᠢᠳᠠᠬ ᠶᠤᠮ᠃ ᠲᠤᠬᠠᠢᠢᠯᠠᠪᠠᠯ᠂ ᠠᠳᠠᠨ ᠲᠡᠮᠡᠭᠡᠨ ᠤ ᠤᠷᠤᠯᠳᠤᠭᠠᠨ ᠢ ᠪᠠᠷᠤᠬ ᠠᠷᠪᠠᠨ ᠨᠢᠭᠡᠳᠤᠭᠡᠷ ᠰᠠᠷ᠎ᠠ ᠶᠢᠨ ᠥᠶ᠎ᠠ ᠪᠠᠷ ᠶᠠᠪᠤᠭᠤᠯᠤᠨ᠎ᠠ᠃ ᠤᠴᠢᠷ ᠨᠢ ᠡᠨᠡ ᠥᠶ᠎ᠠ ᠪᠠᠷ ᠲᠡᠮᠡᠭᠡᠨ ᠤ ᠬᠤᠷ ᠲᠠᠷᠭᠤ ᠨᠢ ᠲᠤᠬᠳᠠᠪᠤᠷᠢᠵᠢᠵᠤ᠂ ᠥᠭᠡᠬᠦ ᠲᠤᠰᠤ ᠨᠢ ᠰᠠᠶᠢᠷᠡᠭᠵᠢᠨ᠂ ᠬᠥᠴᠤ ᠰᠢᠷᠪᠤᠰᠤ ᠨᠢ ᠴᠢᠩᠭᠠᠷᠠᠬᠤ ᠪᠤᠯᠬᠤᠷ ᠤᠷᠤᠯᠳᠤᠨ ᠲᠠᠪᠬᠢᠭᠤᠯᠬᠤ ᠳᠤ ᠤᠨᠴᠠ ᠲᠤᠬᠢᠷᠠᠮᠵᠢᠳᠠᠢ ᠪᠠᠶᠢᠳᠠᠬ ᠠᠵᠢ᠃             ᠠᠳᠠᠨ ᠲᠡᠮᠡᠭᠡᠨ ᠤ ᠤᠷᠤᠯᠳᠤᠭᠠᠨ ᠢ ᠬᠠᠪᠤᠷ᠂ ᠵᠤᠨ᠂ ᠨᠠᠮᠤᠷ ᠤᠨ ᠤᠯᠠᠷᠢᠯ ᠳᠤ ᠶᠠᠪᠤᠭᠤᠯᠳᠠᠬ ᠥᠭᠡᠢ ᠶᠢᠨ ᠤᠴᠢᠷ ᠨᠢ ᠲᠡᠮᠡᠭᠡ ᠬᠠᠪᠤᠷ ᠤᠨ ᠴᠠᠬ ᠲᠤᠷᠠᠩᠬᠠᠢ ᠪᠠᠶᠢᠳᠠᠬ᠂ ᠵᠤᠨ ᠤ ᠴᠠᠬ ᠲᠤ ᠤᠰᠤᠨ ᠲᠠᠷᠭᠤ ᠬᠥᠴᠤ ᠠᠪᠳᠠᠬ ᠪᠥᠭᠡᠳ ᠢᠯᠡᠩᠭᠤᠶ᠎ᠠ ᠨᠠᠮᠤᠷ ᠤᠨ ᠴᠠᠬ ᠲᠤ ᠲᠤᠰᠤᠨ ᠲᠠᠷᠭᠤ ᠲᠥᠬᠦᠷᠴᠤ ᠬᠤᠷ ᠲᠠᠷᠭᠤ ᠰᠠᠭᠤᠬᠤ ᠪᠤᠯᠬᠤᠷ ᠲᠡᠮᠡᠭᠡ ᠪᠠᠨ ᠲᠤᠷ᠎ᠠ ᠲᠠᠪᠠ ᠪᠠᠷ ᠬᠥᠴᠤᠳᠡᠢ ᠡᠳ᠋ᠯᠡᠬᠦ ᠶᠢ ᠴᠡᠭᠡᠷᠯᠡᠳᠡᠭ ᠲᠤ ᠤᠷᠤᠰᠢᠨ᠎ᠠ᠃ ᠭᠡᠷᠪᠡ ᠨᠠᠮᠤᠷ ᠤᠨ ᠴᠠᠬ ᠲᠤ ᠲᠡᠮᠡᠭᠡ ᠪᠠᠨ ᠲᠤᠷ᠎ᠠ ᠲᠠᠪᠠ ᠪᠠᠷ ᠬᠤᠷᠳᠤᠨ ᠬᠥᠶᠤᠯᠭᠡᠵᠤ ᠬᠥᠴᠤᠳᠡᠢ ᠡᠳ᠋ᠯᠡᠪᠡᠯ ᠴᠡᠭᠡᠵᠢᠨ ᠳᠤᠨᠢ ᠰᠥᠷ ᠬᠠᠷᠪᠤᠵᠤ ᠰᠦᠢᠯᠭ᠎ᠠ ᠠᠯᠳᠠᠵᠤ ᠬᠤᠵᠢᠬᠢᠷᠠᠬᠤ᠂ ᠲᠠᠪᠠᠬ ᠲᠤᠨᠢ ᠴᠢᠰᠤ ᠪᠠᠭᠤᠵᠤ ᠤᠯᠠᠳᠠᠬᠤ ᠵᠡᠷᠭᠡ ᠭᠡᠮ ᠲᠠᠢ ᠪᠤᠯᠬᠤ ᠳᠤ ᠬᠢᠯᠪᠠᠷᠬᠠᠨ ᠪᠠᠶᠢᠳᠠᠬ ᠶᠤᠮ᠃             ᠡᠶᠢᠮᠤ ᠠᠴᠠ ᠤᠷᠤᠯᠳᠤᠭᠠᠨ ᠳᠤ ᠲᠠᠯᠪᠢᠬᠤ ᠠᠳᠠᠨ ᠤ ᠰᠦᠢᠯᠭ᠎ᠠ ᠶᠢ ᠨᠢ ᠰᠠᠶᠢᠳᠤᠷ ᠲᠠᠭᠠᠷᠠᠭᠤᠯᠬᠤ  ᠶᠠᠪᠤᠳᠠᠯ ᠮᠠᠰᠢ ᠴᠢᠬᠤᠯᠠ ᠶᠤᠮ᠃ ᠰᠦᠢᠯᠭ᠎ᠠ ᠲᠠᠭᠠᠷᠠᠭᠤᠯᠬᠤ ᠭᠡᠳᠡᠭ ᠨᠢ ᠤᠷᠤᠯᠳᠤᠭᠠᠨ ᠤ ᠠᠳᠠ ᠪᠠᠨ ᠵᠤᠬᠢᠬᠤ ᠬᠤᠭᠤᠴᠠᠭ᠎ᠠ ᠪᠠᠷ ᠤᠶᠠᠵᠤ᠂ ᠢᠳᠡᠰᠢ ᠤᠤᠭᠤᠰᠢ ᠶᠢ ᠨᠢ ᠭᠡᠮᠵᠢᠨ ᠵᠤᠬᠢᠴᠠᠭᠤᠯᠵᠤ᠂ ᠪᠡᠶ᠎ᠠ ᠶᠢ ᠨᠢ ᠬᠥᠡᠭᠭᠡᠷᠡᠬᠦᠯᠬᠦ ᠶᠢ ᠭᠡᠯᠡᠨ᠎ᠠ᠃ ᠡᠩ ᠤᠨ ᠪᠠᠶᠢᠳᠠᠯ ᠳᠤ ᠬᠥᠴᠤ ᠲᠠᠷᠭᠤ ᠠᠪᠤᠭᠤᠯᠵᠤ᠂ ᠠᠳᠠᠷ ᠲᠠᠯᠪᠢᠵᠤ ᠪᠠᠶᠢᠬᠰᠠᠨ ᠠᠳᠠ ᠪᠠᠨ ᠪᠠᠷᠢᠵᠤ ᠠᠪᠤᠬᠰᠠᠨ ᠤ ᠲᠠᠷᠠᠭ᠎ᠠ᠂ ᠠᠷᠪᠠ᠂ ᠲᠠᠪᠤᠨ ᠬᠤᠨᠤᠬ ᠢᠶᠠᠷ ᠤᠰᠤᠯᠠᠵᠤ ᠢᠳᠡᠬᠦᠯᠬᠦ ᠥᠭᠡᠢ ᠪᠠᠷ ᠴᠡᠪᠡᠷ ᠲᠡᠭᠰᠢᠭᠡᠨ ᠬᠠᠳᠠᠭᠤᠯᠢᠬ ᠲᠠᠬᠵᠢᠭᠤᠷ ᠭᠠᠵᠠᠷ ᠲᠤ ᠪᠤᠯᠠᠰᠢ ᠮᠤᠳᠤ ᠪᠡᠯᠡᠳᠭᠡᠨ᠂ ᠤᠶᠠᠵᠤ ᠰᠦᠢᠬᠤ ᠭᠡᠷᠡᠭᠳᠡᠢ᠃ ᠤᠶᠠᠬᠳᠠᠬᠰᠠᠨ ᠲᠡᠮᠡᠭᠡ ᠰᠢᠳᠤ ᠪᠠᠨ ᠬᠠᠪᠢᠷᠤᠨ᠂ ᠠᠮᠠᠨ ᠳᠤᠨᠢ ᠴᠠᠭᠠᠨ ᠬᠥᠭᠡᠰᠤ ᠪᠤᠷᠠᠬᠤ ᠵᠡᠷᠭᠡ ᠲᠡᠮᠳᠡᠭ ᠢᠯᠡᠷᠡᠬᠦ ᠶᠢᠨ ᠥᠶ᠎ᠠ ᠳᠤ ᠤᠰᠤ ᠡᠪᠡᠰᠤᠨ ᠳᠤ ᠲᠠᠯᠪᠢᠵᠤ᠂ ᠡᠳᠤᠷ ᠲᠤ ᠲᠤᠬᠳᠠᠬᠰᠠᠨ ᠭᠡᠮᠵᠢᠶ᠎ᠠ ︵ᠪᠠᠷᠤᠬ ᠬᠤᠶᠠᠷ᠂ ᠭᠤᠷᠪᠠᠨ ᠴᠠᠬ︶ ᠪᠠᠷ  ᠡᠪᠡᠰᠤ ᠢᠳᠡᠬᠦᠯᠥᠨ ᠵᠤᠬᠢᠰᠳᠠᠢ ᠤᠰᠤᠯᠠᠬᠤ ᠪᠤᠯᠤᠨ᠎ᠠ᠃ ᠴᠢᠳᠠᠬᠤ ᠶᠢᠨ ᠬᠢᠷᠢ ᠪᠠᠷ ᠨᠠᠷᠢᠯᠢᠬ ᠡᠪᠡᠰᠤ ᠢᠳᠡᠬᠦᠯᠵᠤ ᠴᠡᠪᠡᠷ ᠤᠰᠤ ᠤᠤᠭᠤᠯᠭᠠᠪᠠᠯ ᠰᠠᠶᠢᠨ᠃ ᠭᠡᠪᠡᠴᠤ ᠭᠡᠳᠤᠷᠠᠳᠠᠯ᠎ᠠ ᠥᠯᠥᠰᠭᠡᠨ ᠥᠯᠪᠡᠷᠤᠬᠦᠯᠵᠤ ᠪᠤᠯᠬᠤ ᠥᠭᠡᠢ᠃ ᠲᠡᠭᠡᠭᠡᠳ ᠰᠦᠢᠯᠳᠡ ᠶᠢ ᠨᠢ ᠪᠠᠶᠢᠴᠠᠭᠠᠨ ᠥᠵᠡᠵᠤ᠂ ᠤᠢᠢᠷ᠎ᠠ ᠵᠠᠭᠤᠷ᠎ᠠ ᠪᠠᠭ᠎ᠠ ᠰᠠᠭ᠎ᠠ ᠬᠥᠶᠤᠯᠭᠡᠵᠤ ᠬᠥᠯᠥᠰᠤ ᠶᠢ ᠨᠢ ᠭᠠᠷᠭᠠᠵᠤ ᠪᠤᠯᠤᠨ᠎ᠠ᠃ ᠲᠡᠭᠡᠭᠡᠳ ᠬᠥᠶᠤᠯᠭᠡᠬᠦ ᠳᠤ ᠭᠡᠳᠡᠰᠤ ᠬᠥᠵᠡᠭᠡ ᠨᠢ ᠴᠥᠯᠬᠦᠯᠵᠡᠬᠦ ᠥᠭᠡᠢ ᠪᠠᠶᠢᠪᠠᠯ  ᠰᠦᠢᠯᠳᠠ ᠨᠢ ᠲᠠᠭᠠᠷᠠᠵᠤ ᠪᠠᠶᠢᠭ᠎ᠠ ᠶᠢᠨ ᠢᠯᠡᠷᠡᠯ ᠮᠥᠨ᠃ ᠰᠦᠢᠬᠤ ᠴᠠᠬ ᠤᠨ ᠲᠠᠯ᠎ᠠ ᠪᠠᠷ ᠡᠩ ᠤᠨ ᠪᠠᠶᠢᠳᠠᠯ ᠳᠤ  ᠬᠤᠷᠢᠨ ᠲᠠᠪᠤ ᠠᠴᠠ ᠲᠥᠴᠢᠨ ᠡᠳᠤᠷ ᠤᠨ ᠰᠦᠢᠯᠭ᠎ᠠ ᠲᠤᠬᠢᠷᠠᠭᠤᠯᠤᠨ᠎ᠠ᠃ ᠭᠡᠷᠪᠡ ᠬᠤᠯᠠ ᠶᠢᠨ ᠰᠢᠷᠤᠬᠦᠨ ᠤᠷᠤᠯᠳᠤᠭᠠᠨ ᠳᠤ ᠲᠠᠯᠪᠢᠬᠤ ᠳᠤ ᠬᠥᠷᠪᠡᠯ ᠲᠥᠴᠢ ᠠᠴᠠ ᠵᠢᠷᠡᠨ ᠡᠳᠤᠷ ᠤᠨ ᠰᠦᠢᠯᠭ᠎ᠠ ᠲᠤᠬᠢᠷᠠᠭᠤᠯᠵᠤ ᠪᠤᠯᠤᠨ᠎ᠠ᠃ ᠭᠡᠬᠦ ᠳᠡᠭᠡᠨ ᠴᠠᠬ ᠤᠯᠠᠷᠢᠯ ᠤᠨ ᠪᠠᠶᠢᠳᠠᠯ᠂ ᠲᠤᠰ ᠠᠳᠠᠨ ᠤ ᠲᠠᠷᠭᠤ ᠬᠥᠴᠤᠨ ᠤ ᠪᠠᠶᠢᠳᠠᠯ ᠪᠠ ᠤᠷᠤᠯᠳᠤᠬᠤ ᠭᠠᠵᠠᠷ ᠤᠨ ᠪᠠᠶᠢᠴᠠ ᠵᠡᠷᠭᠡ ᠶᠢ ᠥᠨᠳᠤᠰᠤᠯᠠᠵᠤ ᠪᠠᠶᠢᠭᠠᠳ ᠵᠤᠬᠢᠰᠳᠠᠢ ᠰᠦᠢᠯᠭ᠎ᠠ ᠲᠠᠭᠠᠷᠠᠭᠤᠯᠬᠤ ᠭᠡᠷᠡᠭᠳᠡᠢ᠃     ᠤᠷᠤᠯᠳᠤᠭᠠᠨ ᠠᠴᠠ ᠠᠷᠪᠠᠭᠠᠳ ᠡᠳᠤᠷ ᠤᠨ ᠡᠮᠤᠨ᠎ᠠ᠂ ᠰᠤᠷᠢᠨ ᠤᠷᠤᠯᠳᠤᠵᠤ ᠪᠤᠯᠤᠨ᠎ᠠ᠃ ᠭᠡᠪᠡᠴᠤ ᠤᠷᠤᠯᠳᠤᠭᠠᠨ ᠤ ᠡᠮᠤᠨᠡᠬᠢ ᠭᠤᠷᠪᠠᠨ ᠡᠳᠤᠷ ᠤᠨ ᠤᠷᠢᠳ ᠠᠴᠠ ᠤᠷᠤᠯᠳᠤᠭᠠᠨ ᠤ ᠠᠳᠠ ᠪᠠᠨ ᠠᠮᠠᠷᠠᠭᠤᠯᠵᠤ᠂ ᠬᠤᠶᠠᠳᠤᠭᠠᠷ ᠡᠳᠤᠷ ᠲᠤᠨᠢ ᠬᠠᠭᠠᠰ ᠤᠰᠤᠯᠠᠵᠤ᠂ ᠰᠠᠶᠢᠨ ᠰᠢᠬ ᠢᠳᠡᠬᠦᠯᠥᠨ᠎ᠠ᠃ ᠤᠷᠤᠯᠳᠤᠭᠠᠨ ᠤ ᠡᠳᠤᠷ ᠤᠰᠤᠯᠠᠬᠤ ᠥᠭᠡᠢ ᠪᠠᠷ ᠵᠥᠪᠭᠡᠨ ᠡᠪᠡᠰᠤ ᠭᠡᠳᠤ ᠬᠠᠵᠠᠯᠠᠭᠤᠯᠵᠤ ᠪᠤᠯᠤᠨ᠎ᠠ᠃                                                 ︵︽ᠠᠯᠠᠱᠠ ᠶᠢᠨ ᠵᠠᠩ ᠠᠭᠠᠯᠢ︾ ᠨᠤᠮ ᠠᠴᠠ︶
 
ᠢᠷᠡᠯᠲᠡ᠄ ᠠᠯᠠᠱᠠ ᠶᠢᠨ ᠮᠤᠩᠭᠤᠯ ᠰᠦᠯᠵᠢᠶ᠎ᠠ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号