ᠤᠷᠳᠤᠰ ᠨᠤᠳᠤᠭᠳᠠᠢ ᠬᠤᠶᠠᠷ ᠪᠤᠭᠤᠷᠤᠯ ᠮᠠᠨ ᠤ ᠠᠶᠢᠮᠠᠭ ᠲᠤ ᠬᠠᠶᠢᠷ᠎ᠠ ᠶᠢᠨ ᠬᠠᠨᠳᠢᠪ ᠡᠷᠬᠦᠬᠦ ᠠᠵᠢᠯᠯᠠᠭ᠎ᠠ ᠦᠷᠨᠢᠬᠦᠯᠪᠠ
ᠨᠡᠶᠢᠲᠡᠯᠡᠭᠰᠡᠨ ᠴᠠᠭ᠄
2019/3/21
       ᠬᠤᠶᠠᠷ ᠪᠤᠭᠤᠷᠤᠯ ᠨᠡᠶᠢᠭᠡᠮ ᠤᠨ ᠠᠰᠠᠷᠠᠮᠵᠢ ᠶᠢᠨ ᠬᠥᠷᠢᠶᠡᠯᠡᠩ ᠳᠤ ᠠᠮᠤ ᠬᠥᠨᠡᠰᠤ ᠢᠳᠡᠰᠢᠨ ᠲᠤᠰᠤ ᠲᠤᠰᠠᠯᠠᠵᠤ ᠪᠠᠶᠢᠨ᠎ᠠ᠃ ︵ᠲᠠᠪᠰᠢᠯᠳᠤ ᠰᠡᠬᠦᠳᠡᠷᠯᠡᠪᠡ︶               3 ᠰᠠᠷ᠎ᠠ ᠶᠢᠨ 19 ᠤ ᠡᠳᠤᠷ᠂ ᠪᠤᠶᠠᠨᠳᠤ ᠥᠢᠯᠡᠰ ᠤᠨ ᠲᠥᠯᠤᠬᠡ ᠪᠡᠶ᠎ᠡ ᠰᠡᠳᠬᠢᠯ ᠢᠶᠠᠨ ᠴᠢᠯᠡᠬᠡᠵᠤ ᠶᠠᠪᠤᠭᠰᠠᠨ ᠤᠷᠳᠤᠰ ᠨᠤᠳᠤᠭᠳᠠᠢ ᠬᠤᠶᠠᠷ ᠪᠤᠭᠤᠷᠤᠯ ᠮᠠᠨ ᠤ ᠠᠶᠢᠮᠠᠭ ᠲᠤ ᠮᠤᠷᠢᠯᠠᠨ ᠰᠠᠭᠠᠳᠠᠵᠤ᠂ ᠨᠡᠶᠢᠬᠡᠮ ᠤᠨ ᠠᠰᠠᠷᠠᠮᠵᠢ ᠶᠢᠨ ᠬᠥᠷᠢᠶᠡᠯᠡᠩ ᠪᠤᠯᠤᠨ ᠡᠯ᠎ᠡ ᠰᠤᠷᠭᠠᠭᠤᠯᠢ ᠪᠠᠷ ᠬᠥᠷᠴᠤ ᠬᠠᠶᠢᠷ᠎ᠠ ᠶᠢᠨ ᠬᠠᠨᠳᠢᠪ ᠡᠷᠭᠦᠯ᠎ᠡ᠃             ᠪᠠᠳᠤᠪᠢᠯᠢᠭ᠌ ᠪᠤᠯᠤᠨ ᠤᠳᠤᠨᠴᠡᠴᠡᠭ ᠪᠤᠯ 2017 ᠤᠨ ᠠᠴᠠ ᠡᠬᠢᠯᠡᠵᠤ ᠪᠤᠶᠠᠨ ᠤ ᠥᠢᠯᠡ ᠬᠢᠵᠤ᠂ ᠴᠠᠯᠢᠩ ᠮᠥᠩᠭᠦ ᠪᠠᠨ ᠭᠠᠮᠨᠠᠵᠦ ᠪᠠᠶᠢᠭᠠᠳ ᠪᠤᠰᠤᠳ ᠢ ᠬᠠᠪᠰᠤᠷᠬᠤ ᠪᠠᠷ ᠵᠢᠷᠭᠠᠯ ᠢᠶᠠᠨ ᠪᠤᠯᠭᠠᠳᠠᠭ ᠠᠷᠢᠭᠤᠨ ᠲᠡᠬᠡᠳᠤ ᠰᠤᠷᠳᠠᠯ ᠲᠠᠢ ᠬᠤᠶᠠᠷ ᠪᠤᠭᠤᠷᠤᠯ ᠪᠢᠯᠡ᠃ ᠲᠡᠳᠡ ᠵᠤᠪᠠᠭᠤᠷᠢ ᠵᠥᠳᠡᠭᠦᠷᠢ ᠲᠠᠢ᠂ ᠠᠮᠢᠳᠤᠷᠠᠯ ᠬᠥᠴᠢᠷᠳᠡᠯᠳᠠᠢ ᠨᠢᠬᠡᠨ ᠢ ᠲᠡᠮᠵᠢᠨ ᠲᠤᠰᠠᠯᠠᠵᠤ᠂ ᠨᠡᠶᠢᠬᠡᠮ ᠨᠡᠶᠢᠳᠡ ᠪᠠ ᠬᠤᠶᠢᠴᠢ ᠨᠢᠬᠡ ᠥᠶ᠎ᠡ ᠶᠢᠨ ᠬᠢᠨ ᠳᠡᠭᠡᠨ ᠰᠤᠷᠤᠯᠴᠠᠬᠤ ᠶᠤᠰᠤᠳᠠᠢ ᠭᠡᠪ ᠲᠠᠭᠤᠷᠢᠶᠠᠯ ᠪᠤᠯᠵᠤ᠂ ᠨᠡᠶᠢᠬᠡᠮ ᠤᠨ ᠡᠶ᠎ᠡ ᠵᠤᠬᠢᠴᠠᠩᠭᠤᠢ ᠰᠠᠶᠢᠨ ᠰᠠᠶᠢᠬᠠᠨ ᠤᠷᠴᠢᠨ ᠲᠤᠭᠤᠷᠢᠨ ᠢ ᠪᠤᠢ ᠪᠤᠯᠭᠠᠵᠤ ᠶᠠᠪᠤᠨ᠎ᠠ᠃             ᠪᠠᠳᠤᠪᠢᠯᠢᠭ᠌ ᠨᠠᠰᠤᠳᠠᠨ ᠪᠤᠯ ᠤᠳᠤᠭ ᠬᠤᠰᠢᠭᠤᠨ ᠤ ᠪᠤᠷᠤᠬᠤᠰᠢᠭᠤ ᠰᠤᠮᠤᠨ ᠤ ᠪᠤᠷᠤᠬᠤᠰᠢᠭᠤ ᠭᠠᠴᠠᠭᠠᠨ ᠤ ᠬᠥᠮᠤᠨ᠂ ᠨᠠᠮ ᠤᠨ ᠬᠡᠰᠢᠭᠦᠨ᠂ 83 ᠨᠠᠰᠤᠳᠠᠢ᠃ 1993 ᠤᠨ ᠳᠤ ᠤᠳᠤᠭ ᠬᠤᠰᠢᠭᠤᠨ ᠤ ᠰᠤᠷᠭᠠᠨ ᠬᠥᠮᠤᠵᠢᠯ ᠪᠡᠶ᠎ᠡ ᠶᠢᠨ ᠲᠠᠮᠢᠷ ᠤᠨ ᠲᠤᠪᠴᠢᠶᠠᠨ ᠠᠴᠠ ᠠᠵᠢᠯ ᠤᠨ ᠠᠮᠠᠷᠠᠯᠳᠠ ᠪᠠᠨ ᠠᠪᠴᠠᠢ᠃ ᠰᠤᠷᠭᠠᠨ ᠬᠥᠮᠤᠵᠢᠯ ᠤᠨ ᠠᠵᠢᠯ ᠪᠠ ᠤᠳᠬ᠎ᠠ ᠤᠷᠠᠯᠢᠭ ᠤᠨ ᠠᠵᠢᠯ ᠢ ᠨᠠᠰᠤ ᠪᠠᠷ ᠢᠶᠠᠨ ᠬᠢᠵᠤ᠂ ᠰᠤᠷᠭᠠᠨ ᠬᠥᠮᠤᠵᠢᠯ ᠤᠨ ᠹᠷᠤᠨᠲ ᠲᠡᠬᠡᠷ᠎ᠡ ᠨᠠᠮ ᠳᠠᠭᠠᠨ ᠥᠨᠡᠨᠴᠢ᠂ ᠠᠷᠠᠳ ᠲᠥᠮᠡᠨ ᠳᠡᠭᠡᠨ ᠥᠨᠡᠨᠴᠢ ᠶᠠᠪᠤᠭᠰᠠᠨ ᠲᠤᠯᠠ ᠵᠤᠬᠢᠶᠠᠨ ᠪᠠᠶᠢᠭᠤᠯᠤᠯᠳᠠ ᠶᠢᠨ ᠰᠠᠶᠢᠰᠢᠶᠠᠯ ᠬᠥᠬᠢᠭᠦᠯᠤᠯ ᠢ ᠤᠯᠤᠭᠰᠠᠭᠠᠷ ᠢᠷᠠᠵᠠᠢ᠃ ᠠᠵᠢᠯ ᠠᠴᠠ ᠪᠠᠨ ᠠᠮᠠᠷᠠᠭᠰᠠᠨ ᠤ ᠲᠠᠷᠠᠭ᠎ᠠ᠂ ᠨᠠᠮ ᠤᠨ ᠬᠡᠰᠢᠭᠦᠨ ᠤ ᠥᠢᠯᠡᠳᠤᠯ ᠢᠶᠠᠨ ᠥᠷᠭᠦᠯᠵᠢᠯᠡᠨ ᠪᠠᠳᠠᠷᠠᠭᠤᠯᠵᠤ᠂ ᠠᠷᠠᠳ ᠲᠥᠮᠡᠨ ᠳᠡᠭᠡᠨ ᠠᠴᠢ ᠲᠤᠰᠠ ᠥᠵᠡᠬᠦᠯᠬᠦ ᠶᠢ ᠵᠤᠷᠢᠵᠤ ᠶᠠᠪᠤᠭ᠎ᠠ ᠨᠢ ᠡᠨᠡ ᠪᠤᠶᠤ᠃             ᠤᠳᠤᠨᠴᠠᠴᠡᠭ ᠨᠠᠰᠤᠳᠠᠨ ᠪᠤᠯ ᠤᠳᠤᠭ ᠬᠤᠰᠢᠭᠤᠨ ᠤ ᠰᠥᠮᠡᠳᠤ ᠰᠤᠮᠤᠨ ᠤ ᠬᠠᠳᠠᠳᠤ ᠭᠠᠴᠠᠭᠠᠨ ᠤ ᠮᠠᠯᠴᠢᠨ᠂ 62 ᠨᠠᠰᠤᠳᠠᠢ᠃ ᠲᠡᠷᠡᠪᠡᠷ ᠬᠠᠷᠠᠬᠠᠨ ᠪᠠᠭ᠎ᠠ ᠠᠴᠠ ᠪᠠᠨ ᠵᠤᠪᠠᠭᠤᠷᠢ ᠵᠥᠳᠡᠭᠦᠷᠢ ᠲᠠᠢ ᠬᠡᠷ ᠪᠥᠯᠢ ᠳᠤ ᠲᠥᠷᠥᠵᠤ ᠥᠰᠥᠭᠰᠡᠨ ᠪᠤᠯᠬᠤᠷ ᠨᠢᠬᠡ ᠨᠠᠰᠤ ᠪᠠᠷ ᠢᠶᠠᠨ ᠥᠷᠤᠬᠡᠯ ᠪᠤᠰᠤᠳ ᠢ ᠠᠪᠤᠷᠠᠨ ᠲᠤᠰᠠᠯᠠᠬᠤ᠂ ᠠᠰᠠᠷᠠᠨ ᠲᠡᠳᠭᠦᠭᠦ ᠪᠤᠶᠠᠨ ᠤ ᠥᠢᠯᠠ ᠶᠢ ᠠᠵᠤ ᠠᠮᠢᠳᠤᠷᠠᠯ ᠲᠤᠮᠳᠠᠬᠢ ᠤᠳᠬ᠎ᠠ ᠠᠭᠤᠯᠭ᠎ᠠ ᠲᠠᠢ ᠠᠵᠢᠯᠯᠠᠭ᠎ᠠ ᠪᠠᠷ ᠥᠵᠡᠳᠡᠭ ᠪᠠᠶᠢᠨ᠎ᠠ᠃ ᠲᠡᠷᠡ ᠪᠤᠯ 30 ᠭᠠᠷᠤᠢ ᠵᠢᠯ ᠤᠨ ᠬᠤᠭᠤᠷᠤᠨᠳᠤ 23 ᠨᠠᠰᠤᠳᠠᠨ ᠢ ᠠᠰᠠᠷᠠᠵᠤ᠂ 3 ᠬᠡᠤᠬᠡᠳ ᠢ ᠥᠷᠡᠴᠢᠯᠡᠨ ᠲᠡᠵᠢᠬᠡᠵᠤ ᠥᠰᠬᠡᠭᠰᠡᠨ ᠭᠠᠪᠢᠶᠠᠳᠤ ᠡᠬᠡ ᠶᠤᠮ᠃ 2016 ᠤᠨ ᠳᠤ ᠤᠷᠳᠤᠰ ᠬᠤᠳᠠ ᠶᠢᠨ       ︽ᠰᠠᠶᠢᠨ ᠬᠥᠮᠤᠨ ᠤ ᠰᠠᠶᠢᠨ ᠥᠢᠯᠠ ᠶᠠᠪᠤᠳᠠᠯ ᠪᠥᠳᠤᠬᠡᠭᠰᠡᠨ ᠵᠢᠱᠢᠶᠡᠴᠢ︾ ᠪᠠᠷ ᠬᠥᠬᠢᠭᠦᠯᠥᠭᠳᠡᠵᠤ᠂ 2018 ᠤᠨ ᠤ 5 ᠰᠠᠷ᠎ᠠ ᠳᠤ ︽ᠥᠪᠤᠷ ᠮᠤᠩᠭᠤᠯ ᠤᠨ ᠰᠠᠶᠢᠨ ᠬᠥᠮᠤᠨ︾ ᠢᠶᠠᠷ ᠴᠤᠯᠠᠯᠠᠭᠳᠠᠭᠰᠠᠨ ᠪᠠᠶᠢᠨ᠎ᠠ᠃             ᠡᠨᠡ ᠤᠳᠠᠭ᠎ᠠ᠂ ᠬᠤᠶᠠᠷ ᠪᠤᠭᠤᠷᠤᠯ ᠠᠯᠠᠱᠠ ᠠᠶᠢᠮᠠᠭ ᠤᠨ ᠨᠡᠶᠢᠬᠡᠮ ᠤᠨ ᠠᠰᠠᠷᠠᠮᠵᠢ ᠶᠢᠨ ᠬᠥᠷᠢᠶᠡᠯᠡᠩ ᠳᠤ ᠬᠥᠷᠴᠤ ᠨᠠᠰᠤᠳᠠᠶᠢᠴᠤᠤᠯ ᠢ ᠪᠤᠯᠭᠤᠭᠠᠨ ᠲᠤᠬᠤᠨᠢᠭᠤᠯᠬᠤ ᠶᠢᠨ ᠬᠠᠮᠳᠤ᠂ ᠠᠯᠠᠱᠠ ᠵᠡᠭᠦᠨ ᠬᠤᠰᠢᠭᠤᠨ ᠤ ᠮᠤᠩᠭᠤᠯ ᠥᠨᠳᠤᠰᠤᠳᠡᠨ ᠤ ᠰᠤᠷᠭᠠᠭᠤᠯᠢ ᠪᠠ ᠠᠯᠠᠱᠠ ᠵᠡᠭᠦᠨ ᠬᠤᠰᠢᠭᠤᠨ ᠤ ᠨᠠᠢᠮᠠᠳᠤᠭᠠᠷ ᠪᠠᠭ᠎ᠠ ᠰᠤᠷᠭᠠᠭᠤᠯᠢ ᠪᠠᠷ ᠬᠥᠷᠴᠤ᠂ ᠠᠮᠢᠳᠤᠷᠠᠯ ᠬᠥᠴᠢᠷᠳᠡᠯᠳᠠᠢ 20 ᠰᠤᠷᠤᠭᠴᠢ ᠳᠤ ᠵᠤᠭᠤᠰ ᠮᠥᠩᠭᠦᠨ ᠤ ᠲᠤᠰᠠᠯᠠᠮᠵᠢ ᠥᠵᠡᠭᠦᠯᠪᠡ᠃ ᠵᠠᠯᠭᠠᠭᠠᠳ ᠤᠷᠳᠤᠰ ᠬᠤᠳᠠ ᠶᠢᠨ ᠡᠵᠡᠨ ᠬᠤᠷᠤᠭ᠎ᠠ᠂ ᠲᠠᠯᠠᠳ᠂ ᠵᠥᠩᠭᠠᠷ᠂ ᠥᠤᠰᠢᠨ᠂ ᠬᠠᠩᠬᠢᠨ᠂ ᠤᠳᠤᠭ ᠤᠨ ᠡᠮᠤᠨᠡᠳᠤ ᠬᠤᠰᠢᠭᠤ ᠪᠠ ᠪᠠᠶᠠᠨᠨᠠᠭᠤᠷ ᠠᠶᠢᠮᠠᠭ᠂ ᠬᠥᠬᠡᠬᠤᠳᠠ ᠪᠠᠷ ᠬᠥᠷᠴᠤ ᠬᠠᠨᠳᠢᠪ ᠡᠷᠭᠦᠬᠦ ᠬᠠᠶᠢᠷ᠎ᠠ ᠶᠢᠨ ᠠᠶᠠᠨ ᠢᠶᠠᠨ ᠥᠷᠭᠦᠯᠵᠢᠯᠡᠭᠦᠯᠭᠦ ᠪᠤᠯᠤᠨ᠎ᠡ᠃                                                 (ᠵᠣᠬᠢᠶᠠᠭᠴᠢ᠄ ᠲᠠᠪᠰᠢᠯᠳᠤ)
 
ᠢᠷᠡᠯᠲᠡ᠄ ᠠᠯᠠᠱᠠ ᠶᠢᠨ ᠮᠣᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号