ᠮᠠᠯ ᠤᠨ ᠶᠠᠰᠤ ᠵᠦᠭᠡᠯᠡᠷᠡᠭᠦ ᠭᠡᠮ ᠢ ᠭᠡᠷᠬᠢᠨ ᠡᠮᠨᠡᠨ ᠵᠠᠰᠠᠬᠤ ᠲᠤᠬᠠᠢ ᠲᠤᠰᠬᠠᠢ ᠮᠡᠷᠭᠡᠵᠢᠯᠳᠡᠨ ᠤ ᠰᠠᠨᠠᠭᠤᠯᠤᠮᠵᠢ
ᠨᠡᠶᠢᠲᠡᠯᠡᠭᠰᠡᠨ ᠴᠠᠭ᠄
2019/3/15
    ᠮᠠᠯᠴᠢᠨ᠄ ᠮᠠᠯ ᠤᠨ ᠶᠠᠰᠤ ᠵᠦᠭᠡᠯᠡᠷᠡᠭᠦ ᠡᠪᠡᠳᠴᠢᠨ ᠶᠠᠮᠠᠷ ᠰᠢᠯᠳᠠᠭᠠᠨ ᠠᠴᠠ ᠡᠭᠦᠰᠴᠤ᠂ ᠶᠠᠮᠠᠷᠬᠠᠨ ᠰᠢᠨᠵᠢ ᠲᠡᠮᠳᠡᠭ ᠲᠠᠢ ᠪᠠᠶᠢᠵᠤ᠂ ᠭᠡᠷᠭᠢᠨ ᠡᠮᠨᠡᠨ ᠵᠠᠰᠠᠬᠤ ᠪᠤᠢ︖         ᠲᠤᠰᠬᠠᠢ ᠮᠡᠷᠭᠡᠵᠢᠯᠳᠡᠨ ᠪᠠᠭᠠᠨ᠎ᠠ᠄ ᠭᠠᠩ ᠬᠠᠭᠤᠷᠠᠢ᠂ ᠰᠠᠯᠭᠢᠨ ᠶᠡᠭᠡ᠂ ᠤᠷᠭᠤᠮᠠᠯ ᠤᠨ ᠪᠦᠷᠭᠦᠴᠡ ᠰᠡᠶᠢᠷᠡᠭᠵᠢᠨ᠂ ᠰᠢᠮ᠎ᠡ ᠲᠡᠵᠢᠭᠡᠯᠳᠤ ᠡᠪᠡᠰᠤ ᠤᠷᠭᠤᠬᠤ ᠨᠢ ᠪᠠᠭᠠᠰᠤᠭᠰᠠᠨ ᠠᠴᠠ ᠤᠷᠳᠤ ᠬᠤᠭᠤᠴᠠᠭ᠎ᠠ ᠪᠠᠷ ᠹᠤᠰᠹᠤᠷ ᠺᠠᠯᠼ ᠲᠤᠳᠠᠬᠤ ᠪᠤᠶᠤ ᠹᠤᠰᠹᠤᠷ ᠺᠠᠯᠼ ᠤᠨ ᠬᠠᠷᠢᠴᠠᠯ ᠨᠢ ᠲᠡᠩᠴᠡᠭᠦᠷᠢ ᠪᠠᠨ ᠠᠯᠳᠠᠵᠤ᠂ ᠸᠢᠲ᠋ᠠᠮᠢᠨ ᠲᠤᠳᠠᠭᠳᠠᠭᠰᠠᠨ ᠵᠡᠷᠭᠡ ᠠᠴᠠ ᠦᠭᠡᠷ ᠬᠤᠨᠢ ᠠᠮᠠᠷᠬᠠᠨ ᠲᠤᠭᠤᠯᠳᠠᠭ᠃ ᠭᠡᠭᠦ ᠳᠡᠭᠡᠨ ᠭᠤᠤᠯᠳᠠᠭᠤ ᠠᠭᠠᠵᠢᠮ‌ᠵᠢᠡᠷ ᠡᠴᠡᠵᠤ ᠲᠤᠷᠠᠭᠠᠳ ᠭᠦᠳᠡᠯᠭᠦ ᠲᠤᠷ᠎ᠠ ᠦᠭᠡᠢ ᠭᠡᠪᠳᠡᠭᠦ᠂ ᠭᠡᠨᠡᠳᠳᠡ ᠪᠠᠶᠢᠨ ᠪᠠᠶᠢᠨ ᠲᠤᠭᠤᠯᠬᠤ᠂ ᠡᠪᠡᠳᠴᠢᠨ ᠨᠢ ᠭᠦᠨᠳᠤᠷᠠᠭᠦ ᠶᠢ ᠲᠠᠭᠠᠯᠳᠤᠨ ᠲᠤᠯᠤᠭᠠᠢ ᠨᠢ ᠬᠠᠪᠤᠳᠴᠤ᠂ ᠡᠷᠡᠤ ᠶᠢᠨ ᠶᠠᠰᠤ ᠨᠢ ᠵᠤᠵᠠᠭᠠᠷᠠᠬᠤ᠂ ᠰᠡᠭᠦᠯ ᠳᠡᠭᠡᠨ ᠦᠶ᠎ᠡ ᠭᠡᠰᠢᠭᠦᠤ ᠨᠢ ᠬᠠᠪᠤᠳᠤᠨ ᠪᠦᠳᠦᠭᠦᠷᠡᠵᠤ᠂ ᠲᠦᠷᠪᠡᠨ ᠮᠦᠴᠢ ᠪᠤᠯᠤᠨ ᠨᠢᠷᠤᠭᠤᠨ ᠤ ᠶᠠᠰᠤ ᠨᠢ ᠮᠤᠷᠦ᠋ᠢᠵᠤ᠂ ᠬᠠᠪᠢᠷᠭ᠎ᠠ ᠶᠢᠨ ᠶᠠᠰᠤ   ᠨᠢ ᠲᠡᠭᠰᠢᠷᠡᠨ ᠬᠠᠪᠳᠠᠭᠠᠢᠢᠷᠠᠵᠤ ᠭᠡᠪᠡᠷᠡᠭ ᠪᠤᠯᠳᠠᠭ᠃         ᠡᠮᠨᠡᠨ ᠵᠠᠰᠠᠬᠤ ᠠᠷᠭ᠎ᠠ᠄ ᠠᠷᠠᠴᠢᠯᠠᠭ᠎ᠠ ᠮᠠᠯᠵᠢᠯᠠᠭ᠎ᠠ ᠪᠠᠨ ᠴᠢᠩᠭᠠᠳᠬᠠᠨ᠂ ᠡᠪᠡᠰᠤ ᠪᠤᠷᠳᠤᠭ᠎ᠠ ᠨᠦᠭᠦᠪᠤᠷᠢᠯᠡᠭᠦ  ᠳᠡᠭᠡᠨ ᠢᠯᠡᠭᠦᠭᠡᠨ ᠹᠤᠰᠹᠤᠷ᠂ ᠺᠠᠯᠼ᠂ ᠸᠢᠲ᠋ᠠᠮᠢᠨ ᠬᠤᠯᠢᠵᠤ ᠦᠭᠭᠦᠨ᠎ᠠ᠃         1᠂ ᠹᠤᠰᠹᠤᠷ ᠭᠦᠴᠢᠯ ᠤᠨ ᠬᠤᠶᠠᠷ ᠤᠰᠤᠳᠦ᠋ᠷᠦᠭᠴᠢ ᠨᠠᠲᠷᠢ ᠶᠢᠨ ᠨᠤᠨᠳᠠᠭ ᠢ ᠪᠦᠳᠦᠭᠦᠨ ᠦᠭᠡᠷ ᠲᠤ 5  — 70 ᠭᠷᠡᠮ ᠦᠭᠴᠤ᠂ ᠲᠠᠭᠢᠨ 0.3 ᠭᠷᠡᠮ ᠺᠠᠯᠼ ᠤᠨ ᠦᠷᠡᠯ ᠢ ᠡᠳᠤᠷ ᠲᠤ ᠨᠢᠭᠡ ᠤᠳᠠᠭ᠎ᠠ 100 ᠦᠷᠡᠯ ᠢᠶᠠᠷ ᠦᠭᠭᠦᠨ᠎ᠡ᠃ ᠪᠢᠷᠠᠭᠤ ᠳᠤ ᠹᠤᠰᠹᠤᠷ ᠭᠦᠴᠢᠯ ᠤᠨ ᠬᠤᠶᠠᠷ ᠤᠰᠤᠳᠦ᠋ᠷᠦᠭᠴᠢ ᠨᠠᠲᠷᠢ ᠶᠢᠨ ᠨᠤᠨᠳᠠᠭ 30 ᠭᠷᠡᠮ ᠦᠭᠴᠤ᠂ 0.3 ᠭᠷᠡᠮ ᠤᠨ ᠺᠠᠯᠼ ᠢ 20 ᠦᠷᠡᠯ ᠴᠢᠳᠬᠤᠵᠤ ᠦᠭᠭᠦᠨ᠎ᠡ᠃ ᠲᠤᠰ ᠲᠤᠰ ᠡᠳᠤᠷ ᠲᠤ ᠨᠢᠭᠡ ᠤᠳᠠᠭ᠎ᠠ ᠪᠠᠷ 3 — 7 ᠡᠳᠤᠷ ᠴᠢᠳᠬᠤᠵᠤ ᠦᠭᠭᠦᠨ᠎ᠡ᠃         2᠂ 20% ᠶᠢᠨ ᠹᠤᠰᠹᠤᠷ ᠭᠦᠴᠢᠯ ᠤᠨ ᠬᠤᠶᠠᠷ ᠤᠰᠤᠳᠦ᠋ᠷᠦᠭᠴᠢ ᠨᠠᠲᠷᠢ ᠶᠢᠨ ᠲᠠᠷᠢᠯᠭ᠎ᠠ ᠶᠢᠨ ᠡᠮ ᠢ  ᠪᠦᠳᠦᠭᠦᠨ ᠦᠭᠡᠷ ᠲᠤ ᠨᠢᠭᠡ ᠯᠤᠩᠬᠤ ︵500 ᠮᠢᠯᠯᠢᠯᠢᠲᠷ︶᠂ ᠪᠢᠷᠠᠭᠤ ᠳᠤ ᠬᠠᠭᠠᠰ ᠯᠤᠩᠬᠤ ︵250 ᠮᠢᠯᠯᠢᠯᠢᠲᠷ︶ ᠢ ᠡᠳᠤᠷ ᠲᠤ ᠨᠢᠭᠡ ᠤᠳᠠᠭ᠎ᠠ ᠨᠠᠮᠵᠢᠭᠤᠨ ᠰᠤᠳᠠᠯ ᠢᠶᠠᠷ ᠲᠠᠷᠢᠵᠤ᠂ 3 — 5 ᠡᠳᠤᠷ ᠲᠠᠷᠢᠨ᠎ᠠ᠃         3᠂ ᠮᠤᠷᠢᠨ ᠲᠤᠯᠤᠭᠠᠢ ᠲᠡᠮᠳᠡᠭᠳᠤ ᠰᠤ᠋ ᠫᠦ᠋ ᠯᠢᠨ ᠭᠠᠢ ᠨᠤᠨᠳᠠᠭ ᠢ ᠪᠦᠳᠦᠭᠦᠨ ᠦᠭᠡᠷ ᠲᠤ 100 —  150 ᠭᠷᠡᠮ᠂ ᠪᠢᠷᠠᠭᠤ ᠳᠤ 60 — 80 ᠭᠷᠡᠮ᠂ ᠬᠤᠨᠢᠨ ᠳᠤ 30 — 50 ᠭᠷᠡᠮ ᠢ ᠡᠳᠤᠷ ᠲᠤ ᠨᠢᠭᠡ  ᠤᠳᠠᠭ᠎ᠠ᠂ ᠦᠷᠭᠦᠯᠵᠢᠯᠡᠨ 3 — 7 ᠡᠳᠤᠷ ᠴᠢᠳᠬᠤᠨ᠎ᠠ᠃         4᠂ ᠶᠠᠰᠤᠨ ᠲᠠᠯᠬ᠎ᠠ ᠶᠢ ᠡᠳᠤᠷ ᠪᠦᠷᠢ ᠵᠤᠭᠢᠰᠳᠠᠢ ᠨᠦᠭᠦᠪᠤᠷᠢᠯᠡᠨ ᠦᠭᠪᠡᠯ ᠰᠠᠶᠢᠨ ᠪᠠᠶᠢᠳᠠᠭ᠃    
 
ᠢᠷᠡᠯᠲᠡ᠄ ᠰᠢᠯᠢ ᠶᠢᠨ ᠭᠤᠣᠯ ᠤᠨ ᠡᠳᠦᠷ ᠤᠨ ᠰᠣᠨᠢᠨ ᠤ ᠰᠢᠨ᠎ᠠ ᠮᠠᠯᠴᠢᠳ ᠤᠨ ᠰᠤᠨᠢᠨ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号