ᠢᠩᠭᠡ ᠶᠢ ᠭᠡᠷᠬᠢᠨ ᠪᠣᠳᠣᠭᠤᠯᠠᠭᠤᠯᠬᠤ ᠪᠣᠢ︖
ᠨᠡᠶᠢᠲᠡᠯᠡᠭᠰᠡᠨ ᠴᠠᠭ᠄
2019/2/27
   ᠢᠩᠭᠡ ᠪᠣᠳᠣᠭᠤᠯᠠᠬᠤ ᠦᠶ᠎ᠡ ᠳᠤ ᠭᠡᠳᠡᠰᠣ ᠨᠢ ᠳᠣᠷᠣᠭᠰᠢ ᠪᠠᠨ ᠣᠨᠵᠢᠢᠨ ᠪᠠᠭᠤᠵᠤ᠂ ᠪᠠᠷᠠᠭᠤᠨ ᠳᠠᠯ᠎ᠠ ᠨᠢ ᠪᠦᠳᠦᠬᠦᠷᠡᠨ᠂ ᠳᠠᠯᠠᠩ ᠨᠢ ᠪᠦᠷ ᠬᠦᠭᠡᠭᠡᠭᠰᠡᠨ ᠪᠠᠶᠢᠳᠠᠭ᠃ ᠵᠠᠷᠢᠮ ᠳᠠᠭᠠᠨ ᠪᠠᠰᠠ ᠭᠡᠪᠡᠯᠢ ᠶᠢᠨ ᠭᠡᠰᠡᠭ ᠨᠢ ᠨᠡᠯᠢᠶᠡᠳ ᠬᠠᠪᠤᠳᠴᠤ᠂ ᠰᠠᠭᠠᠬᠤ ᠳᠤ ᠣᠭᠤᠷᠠᠭ ᠰᠦ ᠭᠠᠷᠳᠠᠭ᠃ ᠪᠣᠳᠣᠭᠤᠯᠠᠬᠤ ᠠᠴᠠ ᠡᠮᠣᠨᠡᠭᠡᠨ ᠢᠩᠭᠡᠨ ᠤ ᠪᠠᠶᠢᠳᠠᠯ ᠨᠢ ᠳᠣᠭᠳᠠᠪᠣᠷᠢ ᠦᠭᠡᠢ ᠪᠤᠯᠵᠤ᠂ ᠪᠠᠶᠢᠨ ᠳᠠᠬᠢᠨ ᠭᠡᠪᠳᠡᠵᠣ ᠪᠣᠰᠣᠭᠠᠳ ᠪᠤᠶᠢᠯᠠᠬᠤ ᠪᠣᠶᠣ ᠰᠢᠭᠡᠰᠣ ᠠᠯᠳᠠᠨ᠎ᠠ᠃ ᠭᠡᠪ ᠤᠨ ᠪᠠᠶᠢᠳᠠᠯ ᠳᠣᠣᠷ᠎ᠠ ᠢᠩᠭᠡ ᠪᠣᠳᠣᠭᠤᠯᠠᠬᠤ ᠳᠠᠭᠠᠨ ᠦᠷᠬᠦᠯᠵᠢ ᠵᠡᠬᠦᠨ ᠳᠠᠯ᠎ᠠ ᠪᠠᠷ ᠢᠶᠠᠨ ᠭᠡᠪᠳᠡᠵᠣ᠂ ᠣᠷᠢᠳᠠᠪᠡᠷ ᠰᠠᠯᠢᠰᠤ ᠲᠠᠢ ᠬᠠᠮᠳᠣ ᠭᠡᠭᠡᠯ ᠤᠨ ᠡᠮᠣᠨ᠎ᠡ ᠮᠦᠴᠠ ᠨᠢ ᠭᠠᠷᠴᠣ ᠢᠷᠡᠳᠡᠭ᠃ ᠳᠦᠯᠡᠬᠦ ᠬᠦᠴᠦᠨ ᠤ ᠨᠡᠮᠡᠭᠳᠡᠬᠦ ᠶᠢ ᠳᠠᠭᠠᠯᠳᠣᠨ ᠭᠡᠭᠡᠯ ᠨᠢ ᠪᠦᠬᠦᠨ ᠢᠶᠠᠷ ᠢᠶᠠᠨ ᠭᠠᠷᠴᠣ ᠢᠷᠡᠳᠡᠭ ᠪᠠᠶᠢᠨ᠎ᠠ᠃ ᠪᠡᠷᠭᠡᠳᠡᠵᠣ ᠪᠣᠳᠣᠭᠤᠯᠠᠬᠤ ᠦᠶ᠎ᠡ ᠳᠤ᠂ ᠭᠡᠭᠡᠯ ᠤᠨ ᠡᠮᠣᠨ᠎ᠡ ᠮᠦᠴᠡ ᠠᠴᠠ ᠠᠳᠬᠤᠵᠣ᠂ ᠲᠦᠯᠡᠬᠦ ᠶᠢ ᠨᠢ ᠳᠠᠭᠠᠷᠠᠭᠤᠯᠣᠨ ᠢᠩᠭᠡᠨ ᠤ ᠬᠤᠶᠢᠳᠣ ᠮᠦᠴᠠ ᠶᠢᠨ ᠳᠠᠭᠠᠣ ᠵᠦᠭ ᠳᠠᠳᠠᠵᠣ ᠭᠠᠷᠭᠠᠨ᠎ᠠ᠃ ᠪᠣᠳᠣᠭᠤ ᠭᠠᠷᠣᠭᠰᠠᠨ ᠤ ᠰᠡᠬᠦᠯᠡᠷ ᠭᠡᠷᠪᠡ ᠢᠩᠭᠡ ᠨᠢ‌‍ᠲ᠋ᠣᠯᠢᠶᠠᠵᠣ ᠴᠡᠪᠡᠷᠯᠡᠬᠦ ᠦᠭᠡᠢ ᠪᠤᠯ ᠴᠡᠪᠡᠷ ᠠᠯᠴᠢᠭᠤᠷ ᠢᠶᠠᠷ ᠪᠣᠳᠣᠭᠤ ᠶᠢᠨ ᠬᠠᠮᠠᠷ᠂ ᠨᠢᠳᠣ᠂ ᠴᠢᠬᠢ ᠳᠡᠭᠡᠷᠡᠬᠢ ᠰᠠᠯᠢᠰᠣ ᠶᠢ ᠨᠢ ᠠᠷᠢᠯᠭᠠᠨ᠎ᠠ᠃ ᠪᠣᠳᠣᠭᠤ ᠶᠢᠨ ᠬᠦᠢᠰᠣ ᠶᠢ ᠨᠢ ᠪᠡᠶ᠎ᠡ ᠠᠴᠠ ᠨᠢ 10 ᠰᠡᠨᠲ᠋ᠢᠮᠧᠳ᠋ᠷ ᠵᠠᠶᠢᠳᠠᠢ ᠪᠤᠭᠤᠵᠤ ᠬᠠᠶᠢᠴᠢᠯᠠᠭᠠᠳ᠂ ᠦᠯᠡᠳᠡᠭᠰᠡᠨ ᠭᠡᠰᠡᠭ ᠢ ᠨᠢ ᠠᠷᠢᠭᠤᠳᠬᠠᠨ᠎ᠠ᠃ ᠰᠠᠶ᠋ᠢ ᠭᠠᠷᠤᠭᠰᠠᠨ ᠨᠢᠯᠬ᠎ᠠ ᠪᠣᠳᠣᠭᠤ ᠶᠢ ᠨᠢᠭᠡᠳᠦᠭᠡᠷ ᠡᠳᠣᠷ ᠲᠤᠨᠢ ᠬᠠᠪᠰᠣᠷᠴᠣ ᠪᠣᠰᠬᠠᠭᠠᠳ ᠡᠭᠡ ᠶᠢᠨ ᠬᠢᠨᠢ ᠬᠦᠬᠦ ᠶᠢ ᠣᠯᠵᠣ ᠦᠭᠬᠦᠨ᠎ᠡ᠃ ᠨᠡᠩ ᠢᠯᠠᠩᠭᠤᠶ᠎ᠠ ᠠᠩᠬ᠎ᠠ ᠪᠣᠳᠣᠭᠤᠯᠠᠵᠣ ᠪᠠᠶᠢᠭ᠎ᠠ ᠵᠠᠯᠠᠭᠤ ᠢᠩᠭᠡ ᠶᠢᠨ ᠪᠣᠳᠣᠭᠤ ᠨᠢ ᠨᠡᠯᠢᠶᠡᠳ ᠨᠣᠨᠵᠢ ᠳᠣᠷᠦᠢ ᠳᠣᠯᠠ ᠡᠷᠭᠡᠪᠰᠢ ᠳᠡᠬᠦᠨ ᠢ ᠬᠠᠪᠰᠣᠷᠬᠤ ᠭᠡᠷᠡᠭᠳᠡᠢ᠃ ᠣᠭᠤᠷᠠᠭ ᠰᠦ ᠶᠢ ᠬᠦᠢᠴᠡᠳ ᠠᠰᠢᠭᠯᠠᠬᠤ ᠭᠡᠷᠡᠭᠳᠡᠢ᠃ ᠨᠢᠯᠬ᠎ᠠ ᠪᠣᠳᠣᠭᠤ ᠶᠢᠨ ᠡᠬᠢᠨ ᠤ ᠭᠡᠳᠣᠨ ᠡᠳᠣᠷ ᠤᠨ ᠠᠮᠢᠳᠣᠷᠠᠯ ᠳᠤ ᠣᠭᠤᠷᠠᠭ ᠰᠦ ᠪᠤᠯ ᠪᠣᠰᠣᠳ ᠶᠠᠮᠠᠷᠴᠣ ᠪᠣᠳᠠᠰ ᠢᠶᠠᠷ ᠣᠷᠣᠯᠠᠭᠤᠯᠵᠣ ᠪᠣᠯᠣᠰᠢ ᠦᠭᠡᠢ ᠢᠳᠡᠭᠡᠨ ᠮᠥᠨ᠃ ᠣᠭᠤᠷᠠᠭ ᠰᠦ ᠨᠢ ᠬᠠᠪᠰᠣᠷᠣᠨ ᠳᠣᠭᠤᠯᠭᠠᠵᠣ ᠭᠡᠳᠡᠰᠣᠨ ᠳᠠᠬᠢ ᠵᠣᠩᠭᠠᠭ ᠢ ᠠᠷᠢᠯᠭᠠᠨ᠎ᠠ᠃ ᠮᠦᠨᠴᠣ ᠰᠢᠩᠭᠡᠭᠡᠯᠳᠡ ᠶᠢᠨ ᠵᠠᠮ ᠤᠨ ᠠᠵᠢᠯᠯᠠᠭ᠎ᠠ ᠳᠤᠨᠢ ᠰᠡᠳᠡᠯᠳᠡ ᠥᠭᠳᠡᠭ᠃ ᠠᠭᠤᠷ ᠠᠮᠢᠰᠬᠤᠯ ᠳᠣᠯᠠᠭᠠᠨ ᠦᠶ᠎ᠡ ᠳᠤ ᠨᠢᠯᠬ᠎ᠠ ᠪᠣᠳᠣᠭᠤ ᠶᠢ ᠡᠭᠡ ᠲᠠᠢ ᠨᠢ ᠭᠠᠳᠠᠨ᠎ᠠ ᠨᠠᠷᠠᠨ ᠳᠤ ᠭᠠᠷᠭᠠᠬᠤ ᠶᠢᠨ ᠬᠠᠮᠳᠣ ᠢᠳᠡᠭ ᠢᠳᠡᠭ ᠢᠶᠠᠷ  ᠭᠠᠳᠠᠭ᠎ᠠ ᠪᠠᠶᠢᠬᠤ ᠴᠠᠭ ᠢ ᠨᠢ ᠨᠡᠮᠡᠭᠳᠡᠬᠦᠯᠦᠨ᠎ᠡ᠃ ᠰᠦᠨᠢ ᠳᠡᠭᠡᠨ ᠨᠢᠯᠬ᠎ᠠ ᠪᠣᠳᠣᠭᠤ ᠶᠢ ᠡᠭᠡ ᠠᠴᠠ ᠨᠢ ᠰᠠᠯᠭᠠᠨ᠎ᠠ᠃ ᠰᠠᠭᠤᠷᠢᠨ ᠤ ᠦᠢᠷ᠎ᠠ ᠣᠷᠴᠢᠮ ᠤᠨ ᠰᠢᠮ᠎ᠡ ᠰᠠᠶᠢᠳᠠᠢ ᠪᠡᠯᠴᠢᠭᠡᠷ ᠢ ᠨᠢᠯᠬ᠎ᠠ ᠪᠣᠳᠣᠭᠤ ᠲᠠᠢ ᠢᠩᠭᠡ ᠳᠤ ᠦᠯᠡᠳᠡᠭᠡᠵᠣ ᠦᠭᠬᠦᠨ᠎ᠡ᠃        
 
ᠢᠷᠡᠯᠲᠡ᠄ ︽ᠮᠠᠯ ᠠᠵᠤ ᠠᠬᠤᠢ ᠶᠢᠨ ᠳᠣᠰᠠᠯᠠᠮᠵᠢ︾ 
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号