ᠲᠡᠮᠡᠭᠡ ᠪᠤᠶᠢᠯᠠᠯᠡᠬᠤ ᠪᠠ ᠠᠩᠬᠠᠷᠬᠤ ᠵᠦᠢᠯ ᠤᠳ
ᠨᠡᠶᠢᠲᠡᠯᠡᠭᠰᠡᠨ ᠴᠠᠭ᠄
2019/2/25
     
      ᠵᠢᠷᠤᠭ ᠪᠤᠯ ᠰᠠᠷᠡᠩᠭᠤᠸ᠎ᠠ ᠶᠢᠨ ᠬᠢᠨ ᠲᠡᠮᠡᠭᠡ ᠪᠤᠶᠢᠯᠠᠯᠠᠵᠤ ᠪᠠᠶᠢᠨ᠎ᠠ᠃       ᠮᠤᠩᠭᠤᠯᠴᠤᠳ ᠠᠯᠢ ᠡᠷᠳᠡ ᠠᠴᠠ ᠡᠬᠢᠯᠡᠡ᠂ ᠠᠷᠭ᠎ᠠ ᠶᠢᠨ ᠤᠯᠠᠷᠢᠯ ᠤᠨ ᠠᠷᠪᠠᠨ ᠰᠠᠷ᠎ᠠ ᠶᠢᠨ ᠲᠤᠮᠳᠠᠴᠢ ᠠᠴᠠ ᠠᠷᠪᠠᠨ ᠨᠢᠭᠡᠨ ᠰᠠᠷ᠎ᠠ ᠶᠢᠨ ᠲᠤᠮᠳᠠᠴᠢ ᠪᠤᠶᠤ ᠴᠠᠭᠠᠠ ᠰᠠᠷ᠎ᠠ ᠥᠡᠭᠭᠡᠷᠡᠭᠡᠳ ᠭᠤᠷᠪᠠ ᠲᠥᠷᠪᠡᠨ ᠰᠠᠷ᠎ᠠ ᠶᠢᠨ ᠥᠶ᠎ᠡ ᠪᠤᠯᠬᠤ ᠳᠤ ᠲᠡᠮᠡᠭᠡ ᠪᠠᠨ ᠪᠤᠶᠢᠯᠡᠯᠡᠡ ᠲᠡᠭᠡᠰᠤ ᠪᠤᠷᠠᠨᠳᠠᠬ ᠲᠤ ᠳᠠᠰᠬᠠᠵᠤ ᠠᠷᠡᠴᠢᠯᠠᠵᠤ ᠲᠤᠳᠤᠮᠳᠠᠳᠠᠬ᠃ ᠡᠶᠢᠨᠬᠦ ᠲᠡᠮᠡᠭᠡ ᠪᠤᠶᠢᠯᠠᠯᠠᠬᠤ ᠪᠠ ᠠᠩᠬᠠᠷᠬᠤ ᠵᠦᠢᠯ ᠤᠳ ᠤᠨ ᠲᠤᠬᠠᠢ ᠠᠯᠠᠱᠠ ᠵᠡᠬᠦᠨ ᠬᠤᠰᠢᠭᠤᠨ ᠤ ᠤᠯᠠᠨᠪᠤᠯᠠᠭ ᠪᠠᠯᠭᠠᠰᠤᠨ ᠤ ᠰᠢᠨ᠋ᠬᠤᠰᠤ ᠭᠠᠴᠠᠭᠠᠠ ᠤ ᠬᠠᠰᠢᠷ ᠮᠠᠯᠴᠢᠨ ᠰᠠᠷᠠᠩᠭᠤᠸ᠎ᠠ ᠠᠴᠠ ᠰᠤᠷᠪᠤᠯᠵᠢᠯᠠᠵᠤ᠂ ᠲᠠ ᠪᠥᠬᠦᠨ ᠲᠠᠢ ᠪᠠᠨ ᠲᠡᠮᠡᠭᠡᠨ ᠳᠤ ᠪᠤᠶᠢᠯᠡ ᠬᠠᠳᠬᠤᠬᠤ ᠲᠤᠬᠠᠢ ᠠᠷᠭ᠎ᠠ ᠲᠤᠷᠰᠢᠯᠭ᠎ᠠ ᠶᠢ ᠬᠤᠪᠢᠶᠠᠯᠴᠠᠬᠤ ᠭᠡᠰᠡᠡ ᠶᠤᠮ᠃      ᠲᠡᠮᠡᠭᠡᠨ ᠳᠤ ᠪᠤᠶᠢᠯᠠ ᠬᠠᠳᠬᠤᠬᠤ ᠥᠬᠡᠢ ᠪᠠᠷ ᠵᠥᠪᠭᠡᠨ ᠨᠤᠬᠳᠤ ᠵᠡᠬᠦᠯᠭᠡᠭᠡᠳ ᠤᠨᠤᠵᠤ ᠡᠳ᠋ᠯᠡᠬᠦ ᠳᠤ ᠪᠡᠷᠭᠡ ᠪᠠᠶᠢᠳᠠᠭ᠂ ᠪᠤᠶᠢᠯᠡ ᠨᠢ ᠭᠡᠳᠦ᠋ᠢᠪᠡᠷ ᠲᠥᠭᠡ ᠴᠢᠨᠡᠭᠡᠨ ᠪᠠᠶᠢᠳᠠᠬ ᠴᠤ ᠲᠡᠮᠡᠭᠡ ᠶᠢ ᠰᠤᠷᠭᠠᠵᠦ ᠡᠳ᠋ᠯᠡᠬᠦ ᠳᠤ ᠤᠨᠴᠠ ᠶᠢᠨ ᠦᠢᠯᠠᠳᠦᠯ ᠲᠠᠢ ᠪᠠᠶᠢᠳᠠᠬ ᠠᠵᠢ᠃ ᠰᠠᠷᠠᠩᠭᠤᠸ᠎ᠠ ᠶᠢᠨ ᠲᠠᠨᠢᠯᠴᠠᠭᠤᠯᠬᠤ ᠪᠠᠷ᠂ ᠵᠤᠨ ᠤ ᠬᠠᠯᠠᠭᠤᠨ ᠪᠤᠶᠤ ᠡᠪᠤᠯ ᠤᠨ ᠬᠠᠬᠢᠷ ᠬᠦᠢᠳᠠᠡ ᠳᠤ ᠪᠤᠶᠢᠯᠠ ᠬᠠᠳᠬᠤᠳᠠᠭ ᠦᠬᠡᠢ᠂ ᠵᠤᠨ ᠤ ᠤᠯᠠᠷᠢᠯ ᠳᠤ ᠪᠤᠶᠢᠯᠠ ᠬᠠᠳᠬᠤᠭᠰᠠᠨ ᠲᠡᠮᠡᠬᠡᠨ ᠤ ᠬᠠᠮᠡᠷ ᠦᠳᠦᠬᠦ ᠪᠤᠶᠤ ᠡᠪᠤᠯ ᠤᠨ ᠤᠯᠠᠷᠢᠯ ᠳᠤ ᠬᠠᠮᠠᠷ ᠨᠢ ᠬᠦᠯᠳᠡᠵᠦ ᠰᠢᠷᠬᠠᠳᠤᠳᠠᠭ ᠤᠴᠢᠷ ᠠᠴᠠ ᠡᠷᠬᠡᠪᠰᠢ ᠨᠠᠮᠤᠷ ᠤᠨ ᠰᠡᠬᠦᠯᠴᠢ ᠪᠤᠶᠤ ᠬᠠᠪᠤᠷ ᠤᠨ ᠭᠤᠷᠪᠠ ᠲᠥᠷᠪᠡᠨ ᠰᠠᠷ᠎ᠠ ᠳᠤ ᠲᠡᠮᠡᠭᠡᠨ ᠤ ᠰᠥᠨᠡᠰᠤ ᠶᠢ ᠲᠠᠭᠠᠷᠠᠭᠤᠯᠵᠤ᠂ ᠬᠠᠭᠤᠴᠢᠨ ᠤ ᠰᠢᠨ᠎ᠡ ᠶᠢᠨ ᠨᠢᠭᠡᠨ ᠠᠴᠠ ᠠᠷᠪᠠᠨ ᠤ ᠬᠤᠭᠤᠷᠤᠨᠳᠤᠬᠢ ᠡᠳᠦᠷ ᠢ ᠰᠤᠩᠭᠤᠵᠤ ᠪᠠᠶᠢᠭᠠᠳ ᠲᠡᠮᠡᠭᠡᠨ ᠳᠤ ᠪᠤᠶᠢᠯᠡ ᠬᠠᠳᠬᠤᠬᠤ ᠶᠢ ᠡᠷᠬᠢᠮᠯᠡᠳᠡᠭ᠃ ᠭᠡᠷᠪᠡ ᠬᠤᠷᠢᠳ ᠢᠶᠠᠷ ᠲᠡᠮᠡᠭᠡ ᠪᠤᠶᠢᠯᠠᠯᠠᠪᠠᠯ ᠲᠡᠮᠡᠭᠡᠨ ᠰᠥᠨᠡᠰᠤ ᠨᠢ ᠬᠤᠨᠭ᠍ᠰᠢᠶᠠᠷ ᠲᠤ ᠨᠢ ᠲᠤᠭᠳᠠᠳᠠᠭ ᠤᠴᠢᠷ ᠬᠠᠮᠠᠷ ᠨᠢ ᠬᠠᠪᠤᠳᠴᠤ ᠬᠡᠮᠳᠦᠬᠦ ᠠᠶᠤᠯ ᠲᠠᠢ ᠪᠠᠶᠢᠳᠠᠬ ᠪᠤᠯᠬᠤᠷ ᠤᠯᠠᠮᠵᠢᠯᠠᠯᠳᠤ ᠶᠤᠰᠤ ᠪᠠᠨ ᠪᠠᠷᠢᠮᠳᠠᠯᠠᠠ ᠵᠠᠪᠠᠯ ᠰᠢᠨ᠎ᠡ ᠶᠢᠨ ᠨᠢᠭᠡᠨ ᠠᠴᠠ ᠠᠷᠪᠠᠨ ᠤ ᠬᠤᠭᠤᠷᠤᠨᠳᠤ ᠪᠤᠶᠢᠯᠠᠯᠠᠬᠤ ᠶᠤᠰᠤ ᠭᠤᠷᠢᠮ ᠲᠠᠢ ᠪᠠᠶᠢᠳᠠᠭ ᠬᠡᠵᠦ ᠪᠠᠶᠢᠯ᠎ᠠ᠃             ᠲᠡᠮᠡᠭᠡᠨ ᠪᠤᠶᠢᠯᠠ ᠶᠢ ᠰᠤᠬᠠᠢ ᠪᠤᠶᠤ ᠬᠠᠳᠠᠭᠤ ᠬᠠᠷ᠎ᠠ ᠶᠢᠨ ᠥᠨᠳᠦᠰᠤ ᠵᠡᠷᠭᠡ ᠮᠤᠳᠤ ᠪᠠᠷ ᠬᠢᠳᠡᠭ᠃ ᠭᠡᠬᠦ ᠳᠡᠭᠡᠨ ᠰᠤᠬᠠᠢ ᠶᠢ ᠳᠡᠬᠦᠬᠦ ᠳᠤ ᠶᠡᠷᠦᠳᠡᠭᠡᠨ ᠶᠢᠰᠤ ᠡᠬᠢᠯᠡᠭᠰᠡᠡᠡ ᠤ ᠳᠠᠷᠠᠭ᠎ᠠ ᠲᠡᠬᠦᠳᠡᠭ᠃ ᠮᠤᠩᠭᠤᠯᠴᠤᠳ ᠰᠤᠬᠠᠢ ᠶᠢ ᠬᠥᠨᠳᠦᠳᠭᠡᠨ᠂ ᠥᠭᠡᠷ᠎ᠠ ᠤᠯᠠᠷᠢᠯ ᠳᠤ ᠰᠤᠬᠠᠢ ᠶᠢ ᠲᠡᠬᠦᠪᠠᠯ ᠭᠠᠵᠠᠷ ᠤᠰᠤ ᠲᠤᠬᠰᠢᠷᠠᠬᠤ ᠪᠤᠶᠤ ᠬᠥᠮᠦᠨ ᠠᠮᠢᠳᠠᠨ ᠤ ᠪᠠᠶ᠎ᠠ ᠮᠠᠬᠠᠪᠤᠳ ᠲᠡᠬᠡᠷ᠎ᠠ ᠶᠡᠷ᠎ᠠ ᠭᠠᠷᠳᠠᠭ ᠬᠡᠳᠡᠭ᠃ ᠪᠤᠶᠢᠯᠠ ᠶᠢᠨ ᠲᠠᠬ ᠤᠨ ᠮᠤᠳᠤ ᠶᠢ ᠪᠤᠴᠢᠬᠢᠨᠠᠭᠤᠷ ᠪᠤᠶᠤ ᠲᠤᠷᠯᠤᠬ ᠤᠨ ᠮᠤᠳᠤ ᠪᠠᠷ ᠬᠢᠳᠡᠭ᠂ ᠪᠤᠶᠢᠯᠠ ᠶᠢᠨ ᠰᠤᠬᠠᠢ ᠶᠢ ᠬᠤᠶᠠᠷ ᠵᠢᠯ ᠬᠠᠳᠠᠭᠠᠬᠰᠠᠠ ᠤ ᠳᠠᠷᠠᠭ᠎ᠠ ᠰᠠᠶ᠋ᠢ ᠭᠠᠷᠭᠠᠠ ᠠᠪᠴᠤ᠂ ᠪᠦᠯᠢᠶᠠᠨ ᠭᠠᠯ ᠤᠨ ᠴᠤᠬ ᠲᠠᠢ ᠬᠡᠰᠡᠭ ᠬᠠᠯᠠᠭᠠᠭᠰᠠᠨ ᠢᠶᠠᠨ ᠵᠤᠷᠭᠤᠵᠦ ᠬᠢᠪᠠᠯ ᠬᠠᠳᠠᠭᠤ ᠮᠦᠷᠳᠡᠬᠡᠨ ᠪᠦᠬᠡ ᠪᠤᠯᠳᠠᠬ ᠬᠡᠨ᠎ᠠ᠃           ᠰᠠᠷᠠᠩᠭᠤᠸ᠎ᠠ ᠶᠢᠨ ᠲᠠᠨᠢᠯᠴᠠᠭᠤᠯᠬᠤ ᠪᠠᠷ᠂ ᠲᠡᠮᠡᠭᠡ ᠶᠢ ᠬᠤᠶᠠᠷ ᠨᠠᠰᠤ ᠪᠤᠯᠤᠬᠰᠠᠭᠠᠷ ᠪᠤᠶᠢᠯᠡ ᠬᠠᠳᠬᠤᠬᠤ ᠪᠠᠷ ᠪᠡᠯᠡᠳᠬᠡᠵᠦ᠂ ᠲᠡᠮᠡᠭᠡ ᠮᠠᠯ ᠪᠤᠶᠢᠯᠠᠯᠠᠬᠤ ᠪᠤᠶᠤ ᠠᠬᠳᠠᠯᠠᠬᠤ ᠳᠤ ᠪᠥᠷ ᠯᠡ ᠡᠳᠦᠷ ᠰᠤᠳᠤᠷ ᠥᠵᠡᠨ᠂ ᠬᠡᠨᠭᠰᠢᠬᠦᠦ ᠰᠠᠩ ᠳᠠᠯᠪᠢᠵᠦ᠂ ᠰᠥᠨᠡᠰᠤᠨ ᠳᠤᠨᠢ ᠲᠤᠮ ᠬᠢᠵᠤ᠂ ᠬᠡᠢ ᠶᠢ ᠨᠢ ᠳᠠᠷᠤᠳᠠᠬ ᠵᠡᠩᠰᠢᠯ ᠲᠠᠢ᠂ ᠤᠳᠤ ᠲᠦᠬᠦᠮ ᠢ ᠪᠤᠳᠤᠭᠠᠳ ᠵᠠᠷᠢᠮ ᠵᠦᠢᠯᠡᠰ ᠬᠠᠷᠢᠨ ᠦᠬᠡᠷᠡᠴᠢᠯᠡᠭᠳᠡᠨ ᠬᠤᠪᠢᠷᠠᠵᠦ ᠪᠠᠶᠢᠭ᠎ᠠ ᠬᠠᠨᠳᠤᠰᠢ ᠲᠠᠢ᠂ ᠬᠡᠪᠡᠴᠦ ᠬᠠᠰᠢᠯᠠ ᠤᠯᠠᠮᠵᠢᠯᠠᠯᠲᠦ ᠶᠤᠰᠤ ᠵᠢᠷᠤᠮ ᠢ ᠪᠠᠷᠢᠮᠳᠠᠯᠠᠨ ᠪᠤᠶᠢᠯᠠ ᠬᠠᠳᠬᠤᠬᠤ ᠨᠢ ᠵᠦᠪ ᠮᠦᠷᠳᠡᠬᠡᠨ ᠲᠡᠮᠡᠭᠡ ᠮᠠᠯ ᠳᠤ ᠴᠦ ᠵᠤᠪᠠᠭᠤᠷᠢ ᠦᠬᠡᠢ ᠪᠠᠶᠢᠳᠠᠭ ᠬᠡᠵᠦ ᠪᠠᠶᠢᠯ᠎ᠠ᠃                                                                                                                ︵ᠵᠣᠬᠢᠶᠠᠭᠴᠢ᠄  ᠡᠷᠳᠡᠨᠢᠴᠡᠴᠡᠭ︶
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号