ᠠᠯᠠᠱᠠ ᠵᠡᠬᠦᠨ ᠬᠤᠰᠢᠭᠤᠨ ᠤ ᠤᠯᠠᠭᠠᠨᠮᠦ᠋ᠴᠢᠷ ᠤᠨ ᠲᠤᠪᠴᠢ ᠲᠠᠨᠢᠯᠴᠠᠭᠤᠯᠭ᠎ᠠ
ᠨᠡᠶᠢᠲᠡᠯᠡᠭᠰᠡᠨ ᠴᠠᠭ᠄
2019/12/30
       ᠠᠯᠠᠱᠠ ᠵᠡᠬᠦᠨ ᠬᠤᠰᠢᠭᠤᠨ ᠤ ᠤᠯᠠᠭᠠᠨᠮᠦ᠋ᠴᠢᠷ 1958 ᠤᠨ ᠳᠤ ᠪᠠᠶᠢᠭᠤᠯᠤᠬᠳᠠᠵᠤ᠂ ᠤᠯᠠᠭᠠᠨᠮᠦ᠋ᠴᠢᠷ ᠪᠠᠶᠢᠭᠤᠯᠤᠬᠳᠠᠬᠰᠠᠨ ᠠᠴᠠ ᠨᠠᠰᠢᠬᠢ 60 ᠵᠢᠯ ᠤᠨ ᠲᠤᠷᠰᠢ᠂ ᠦᠨᠳᠦᠰᠦᠨ ᠱᠠᠳᠤᠨ ᠤ ᠨᠠᠮ ᠤᠨ ᠵᠤᠬᠢᠶᠠᠨ ᠪᠠᠶᠢᠭᠤᠯᠤᠯᠳᠠ ᠶᠢᠨ ᠲᠠᠶᠢᠴᠢᠨ ᠪᠠᠬᠢᠯᠡᠯᠳᠡ ᠶᠢᠨ ᠦᠢᠯᠡᠳᠦᠯ ᠢ ᠬᠦᠢᠴᠡᠳ ᠪᠠᠳᠠᠷᠠᠭᠤᠯᠵᠤ᠂ ᠤᠷᠢᠳ ᠬᠤᠵᠢᠳ ᠪᠦᠬᠦ ᠤᠷᠤᠨ ᠤ ᠵᠢᠷᠭᠤᠳᠤᠭᠠᠷ ᠬᠤᠭᠤᠴᠠᠭᠠᠨ ᠤ ᠤᠯᠠᠭᠠᠨᠮᠦ᠋ᠴᠢᠷ ᠤᠨ ᠤᠷᠠᠯᠢᠭ ᠤᠨ ᠨᠠᠶᠢᠷ ᠤᠨ ᠮᠦᠡᠭᠬᠦᠨ ᠮᠧᠳᠡᠯ᠂ ᠪᠦᠬᠦ ᠠᠶᠢᠮᠠᠭ ᠤᠨ ᠶᠢᠰᠦᠳᠦᠬᠡᠷ ᠬᠤᠭᠤᠴᠠᠭᠠᠨ ᠤ ᠲᠤᠰᠬᠠᠢ ᠮᠡᠷᠭᠡᠵᠢᠯ ᠤᠨ ᠤᠷᠠᠯᠢᠭ ᠤᠨ ᠪᠦᠯᠬᠦᠮ ᠤᠨ ᠬᠠᠷᠢᠭᠤ ᠮᠡᠳᠡᠬᠦᠯᠦᠯᠳᠡ ᠶᠢᠨ ᠲᠤᠬᠯᠠᠯᠳᠠ ᠶᠢᠨ ᠠᠯᠳᠠᠨ ᠮᠧᠳᠡᠯ᠂ ᠪᠦᠬᠦ ᠤᠷᠤᠨ ᠤ ︽ᠭᠤᠷᠪᠠ ᠶᠢ ᠬᠦᠳᠡᠭᠡ ᠬᠦᠷᠬᠡᠬᠦ︾ ᠲᠠᠷᠢᠬᠦᠨ ᠤ ᠬᠠᠮᠳᠤ ᠨᠠᠶᠢᠳᠠ ᠪᠠᠷ ᠱᠠᠩᠨᠠᠬᠳᠠᠪᠠ︔ ᠦᠪᠡᠷᠳᠡᠬᠡᠨ ᠵᠠᠰᠠᠬᠤ ᠤᠷᠤᠨ ᠤ ᠰᠤᠶᠤᠯ ᠤᠨ ᠲᠢᠩᠬᠢᠮ ᠠᠴᠠ   ︽ᠠᠷᠪᠠᠨ ᠰᠠᠶᠢᠨᠳᠠᠢ ᠤᠯᠠᠭᠠᠨᠮᠦ᠋ᠴᠢᠷ︾ ︽ᠨᠢᠬᠡᠳᠦᠬᠡᠷ ᠲᠦᠷᠦᠯ ᠤᠨ ᠤᠯᠠᠭᠠᠨᠮᠦ᠋ᠴᠢᠷ︾ ᠪᠠ ︽ᠰᠢᠯᠢᠳᠡᠭ ᠤᠯᠠᠭᠠᠨᠮᠦ᠋ᠴᠢᠷ︾ ᠭᠡᠬᠦ ᠢᠷᠠᠭᠤ ᠠᠯᠳᠠᠷ ᠢ ᠤᠯᠭᠤᠵᠠᠢ᠃        ᠤᠯᠠᠭᠠᠨᠮᠦ᠋ᠴᠢᠷ ᠨᠢ ᠰ᠊ · ᠫᠦᠷᠪᠦ᠂ ᠯᠸᠢ · ᠰᠡᠴᠡᠨᠪᠡᠳᠦ᠂ ᠰ᠊ · ᠡ᠊ᠡᠭᠬᠡᠪᠡᠶ᠋ᠷ᠂ ᠵᠠᠯᠰᠠᠨ᠂ ᠬᠠᠳᠠ ᠵᠡᠷᠭᠡ ᠰᠢᠯᠢᠳᠡᠭ ᠠᠷᠠᠳ ᠤᠨ ᠤᠷᠠᠯᠢᠭᠴᠢᠨ ᠢ ᠬᠦᠮᠦᠵᠢᠬᠦᠯᠵᠤ ᠭᠠᠷᠭᠠᠬᠰᠠᠨ ᠢᠶᠠᠷ ᠪᠠᠷᠠᠬᠤ ᠦᠬᠡᠢ᠂ ︽ᠨᠤᠮᠤᠨ ᠪᠦᠵᠢᠭ︾ ︽ᠮᠠᠩᠯᠠᠢ ᠲᠡᠮᠡᠬᠡᠨ ᠤ ᠮᠠᠬᠳᠠᠭᠠᠯ︾ ︽ᠦᠬᠡᠯᠡᠳ ᠪᠦᠰᠡᠬᠦᠢ︾ ︽ᠰᠡᠪᠡᠷᠳᠡᠩ︾ ︽ᠠᠯᠠᠱᠠ ᠭᠤᠷᠪᠠᠨ ᠵᠠᠭᠤᠨ ᠨᠠᠰᠤ︾ ︽ᠠᠯᠠᠱᠠ ᠲᠤᠷᠭᠤᠳ ᠢᠶᠠᠷ ᠠᠶᠢᠯᠴᠢᠯᠠᠵᠤ ᠢᠷᠡᠬᠡᠷᠡᠢ︾ ︽ᠮᠠᠩᠬᠠᠨ ᠲᠤᠮᠳᠡᠬᠢ ᠠᠶᠢᠯ︾ ᠵᠡᠷᠭᠡ ᠨᠦᠯᠦᠬᠡᠯᠡᠬᠦ ᠬᠦᠴᠦᠨ ᠪᠦᠬᠦᠢ ᠤᠷᠠᠯᠢᠭ ᠤᠨ ᠪᠦᠳᠦᠬᠡᠯ ᠢ ᠵᠤᠬᠢᠶᠠᠨ ᠪᠦᠳᠦᠬᠡᠵᠡᠢ᠃        ᠠᠯᠠᠱᠠ ᠵᠡᠬᠦᠨ ᠬᠤᠰᠢᠭᠤᠨ ᠤ ᠤᠯᠠᠭᠠᠨᠮᠦ᠋ᠴᠢᠷ ᠤᠳᠤ 47 ᠲᠤᠬᠯᠠᠬᠴᠢ ᠲᠠᠢ᠂ ᠡᠬᠦᠨ ᠳᠤ ᠤᠯᠤᠰ ᠤᠨ ᠨᠢᠬᠡᠳᠦᠬᠡᠷ᠂ ᠬᠤᠶᠠᠳᠤᠭᠠᠷ᠂ ᠭᠤᠷᠪᠠᠳᠤᠭᠠᠷ ᠲᠠᠰ ᠤᠨ ᠲᠤᠬᠯᠠᠬᠴᠢ 13 ᠪᠤᠢ᠃ ᠵᠢᠯ ᠳᠤ 7 ᠲᠦᠮᠨ ᠭᠠᠷᠤᠢ ᠺᠢᠯᠣᠮᠧᠲᠷ ᠠᠶᠠᠯᠠᠵᠤ᠂ ᠡᠯ᠎ᠠ ᠲᠦᠷᠦᠯ ᠤᠨ ᠲᠤᠬᠯᠠᠯᠳᠠ ᠶᠢ 120 ᠭᠠᠷᠤᠢ ᠲᠠᠯᠠᠪᠠᠢ ᠲᠤᠬᠯᠠᠵᠤ᠂ ᠵᠢᠯ ᠳᠤ ᠲᠡᠭᠰᠢᠳᠬᠡᠬᠡᠳ 80 ᠭᠠᠷᠤᠢ ᠤᠳᠠᠭ᠎ᠠ ᠶᠢᠨ ᠵᠢᠯᠤᠭᠤᠳᠤᠯᠭ᠎ᠠ ᠦᠢᠯᠡᠴᠢᠯᠡᠭᠡ ᠬᠢᠵᠤ᠂ ᠲᠤᠬᠠᠢ ᠶᠢᠨ ᠭᠠᠵᠠᠷ ᠤᠨ ᠨᠡᠶᠢᠬᠡᠮ ᠤᠨ ᠲᠠᠪᠰᠢᠯᠳᠠ᠂ ᠠᠵᠤ ᠠᠬᠤᠢ ᠶᠢᠨ ᠬᠦᠭᠵᠢᠯᠳᠡ᠂ ᠰᠤᠶᠤᠯ ᠤᠨ ᠴᠡᠴᠡᠭᠯᠡᠯ᠂ ᠦᠨᠳᠦᠰᠦᠳᠡᠨ ᠤ ᠪᠦᠯᠬᠦᠮᠳᠡᠯ ᠢ ᠠᠬᠢᠭᠤᠯᠬᠤ ᠴᠢᠬᠤᠯᠠ ᠬᠦᠴᠦᠨ ᠪᠤᠯᠵᠠᠢ᠃        ᠮᠠᠨ ᠤ ᠠᠶᠢᠮᠠᠭ ᠰᠤᠶᠤᠯ ᠵᠢᠭᠤᠯᠴᠢᠯᠠᠯ ᠢ ᠠᠭᠤᠰᠤᠯᠴᠠᠭᠤᠯᠤᠨ ᠬᠥᠭᠵᠢᠬᠦᠯᠵᠤ᠂ ᠲᠡᠯᠡᠬᠡᠢ ᠶᠢᠨ ᠵᠢᠭᠤᠯᠴᠢᠯᠠᠯ ᠤᠨ ᠬᠠᠷᠠᠯᠳᠠᠳᠤ ᠤᠷᠤᠨ ᠪᠤᠯᠭᠠᠨ ᠪᠦᠳᠦᠬᠡᠨ ᠪᠠᠶᠢᠭᠤᠯᠬᠤ ᠰᠢᠨ᠎ᠠ ᠪᠠᠶᠢᠳᠠᠯ ᠲᠤᠤᠷ᠎ᠠ᠂ ᠠᠯᠠᠱᠠ ᠵᠡᠬᠦᠨ ᠬᠤᠰᠢᠭᠤᠨ ᠤ ᠤᠯᠠᠭᠠᠨᠮᠦ᠋ᠴᠢᠷ ︽ᠪᠦᠬᠦ ᠤᠯᠤᠰ ᠤᠨ ᠮᠠᠰᠢᠨ ᠲᠡᠷᠬᠡᠨ ᠤ ᠬᠦᠴᠦ ᠵᠠᠯᠭᠠᠬᠤ ᠤᠷᠤᠯᠳᠤᠭᠠᠨ︾      ︽ᠬᠡᠬᠡᠷᠡᠯᠡᠨ ᠠᠶᠠᠯᠠᠬᠤ e ᠠᠩᠬᠢ ᠶᠢᠨ ᠪᠠᠭᠠᠳᠤᠷᠴᠤᠳ ᠤᠨ ᠴᠤᠬᠯᠠᠭᠠᠨ︾ ︽ᠬᠠᠴᠢᠨ ᠴᠢᠯᠠᠭᠤᠨ ᠤ ᠰᠤᠶᠤᠯ ᠤᠨ ᠨᠠᠶᠢᠷ︾ ︽ᠠᠯᠠᠱᠠ ᠶᠢᠨ ᠲᠡᠮᠡᠬᠡᠨ ᠨᠠᠶᠢᠷ︾ ᠵᠡᠷᠭᠡ ᠰᠤᠶᠤᠯ ᠵᠢᠭᠤᠯᠴᠢᠯᠠᠯ ᠤᠨ ᠨᠠᠶᠢᠷ ᠢᠶᠠᠷ ︽ᠬᠠᠨ ᠲᠡᠭᠷᠢ ᠠᠯᠠᠱᠠ︾ ︽ᠮᠠᠨ ᠤ ᠤᠯᠠᠭᠠᠨᠮᠦ᠋ᠴᠢᠷ︾ ︽ᠪᠦᠬᠡ ᠱᠠᠯᠪᠢᠡᠭ︾ ᠵᠡᠷᠭᠡ ᠤᠨᠴᠠᠯᠢᠬᠳᠤ ᠤᠷᠠᠨ ᠰᠠᠶᠢᠬᠠᠨ ᠤ ᠲᠤᠬᠯᠠᠯᠳᠠ ᠭᠠᠷᠭᠠᠵᠤ᠂ ᠬᠤᠯᠠ ᠤᠢᠢᠷ᠎ᠠ ᠶᠢᠨ ᠵᠤᠭᠠᠴᠠᠬᠰᠠᠳ ᠲᠤ ᠠᠯᠠᠱᠠ ᠶᠢᠨ ᠰᠤᠶᠤᠯ ᠲᠡᠤᠭᠡ᠂ ᠵᠠᠩ ᠠᠷᠠᠨᠰᠢᠨ ᠢ ᠲᠠᠨᠢᠯᠴᠠᠭᠤᠯᠤᠬᠰᠠᠭᠠᠷ ᠢᠷᠡᠪᠡ᠃        ᠠᠯᠠᠱᠠ ᠵᠡᠬᠦᠨ ᠬᠤᠰᠢᠭᠤᠨ ᠤ ᠤᠯᠠᠭᠠᠨᠮᠦ᠋ᠴᠢᠷ ᠦᠨᠢᠷ ᠦᠳᠬᠡᠨ ᠦᠨᠳᠦᠰᠦᠳᠡᠨ ᠤ ᠤᠨᠴᠠᠯᠢᠭ ᠪᠠ ᠤᠷᠤᠨ ᠨᠤᠳᠤᠭ ᠤᠨ ᠤᠨᠴᠠᠯᠢᠭ ᠲᠠᠢ ᠤᠷᠠᠠ ᠰᠠᠶᠢᠬᠠᠨ ᠤ ᠲᠤᠬᠯᠠᠯᠳᠠ ᠪᠠᠨ ᠱᠧᠨᠵᠧᠨ᠂ ᠰᠢᠶᠠᠩᠭᠠᠡᠭ ᠵᠡᠷᠭᠡ ᠡᠬᠡ ᠤᠯᠤᠰ ᠤᠨ ᠡᠯ᠎ᠠ ᠭᠠᠵᠠᠷ ᠲᠤ ᠬᠦᠷᠬᠡᠨ ᠲᠤᠬᠯᠠᠬᠰᠠᠨ ᠢᠶᠠᠷ ᠪᠠᠷᠠᠬᠤ ᠦᠬᠡᠢ᠂ ᠠᠦ᠋ᠰᠲᠷᠢᠶ᠎ᠠ᠂ ᠭᠧᠷᠮᠠᠨ᠂ ᠲᠠᠢ ᠤᠯᠤᠰ᠂ ᠶᠠᠫᠤᠨ᠂ ᠮᠤᠩᠭᠤᠯ ᠤᠯᠤᠰ ᠵᠡᠷᠭᠡ ᠤᠯᠤᠰ ᠢᠶᠠᠷ ᠶᠠᠪᠤᠵᠤ ᠲᠤᠬᠯᠠᠯᠳᠠ ᠭᠠᠷᠭᠠᠨ᠂ ᠲᠡᠯᠡᠬᠡᠢ ᠨᠡᠶᠢᠳᠡ ᠶᠢᠨ ᠮᠠᠬᠳᠠᠭᠠᠯ ᠢ ᠤᠯᠵᠠᠢ᠃        ᠨᠠᠮ ᠤᠨ ᠠᠷᠪᠠ ᠶᠢᠰᠦᠳᠦᠬᠡᠷ ᠶᠡᠭᠡ ᠬᠤᠷᠠᠯ ᠠᠴᠠ᠂ ᠰᠤᠶᠤᠯ ᠤᠨ ᠢᠳᠡᠬᠡᠯ ᠢ ᠪᠠᠳᠤᠳᠬᠠᠵᠤ᠂ ᠨᠡᠶᠢᠬᠡᠮ ᠵᠢᠷᠤᠮ ᠤᠨ ᠰᠤᠶᠤᠯ ᠤᠨ ᠴᠡᠴᠡᠭᠯᠡᠯ ᠬᠦᠭᠵᠢᠯ ᠢ ᠠᠬᠢᠭᠤᠯᠬᠤ ᠪᠠᠶᠢᠯᠳᠤᠬᠤ ᠪᠤᠳᠤᠯᠭ᠎ᠠ ᠶᠢᠨ ᠡᠬᠦᠷᠬᠡ ᠶᠢ ᠲᠤᠷᠠᠳᠤᠨ ᠭᠠᠷᠭᠠᠵᠠᠢ᠃ ᠴᠠᠭ ᠦᠶ᠎ᠠ ᠶᠢᠨ ᠬᠦᠭᠵᠢᠯᠳᠡ ᠤᠯᠠᠭᠠᠨᠮᠦ᠋ᠴᠢᠷ ᠲᠤ ᠰᠢᠨ᠎ᠠ ᠡᠬᠦᠷᠬᠡ ᠬᠠᠷᠢᠭᠤᠴᠠᠯᠭ᠎ᠠ ᠤᠯᠭᠤᠪᠡ᠃ ᠠᠯᠠᠱᠠ ᠵᠡᠬᠦᠨ ᠬᠤᠰᠢᠭᠤᠨ ᠤ ᠤᠯᠠᠭᠠᠨᠮᠦ᠋ᠴᠢᠷ ᠳᠣᠯᠭᠤᠷ ᠵᠣᠷᠢᠯᠳᠠ ᠪᠠᠨ ᠮᠠᠷᠳᠡᠯ ᠦᠬᠡᠢ ᠳᠠᠷᠬᠠᠨ ᠬᠠᠷᠢᠭᠤᠴᠠᠯᠭ᠎ᠠ ᠪᠠᠨ ᠪᠠᠳᠤ ᠴᠡᠭᠡᠵᠢᠯᠡᠵᠤ᠂ ᠦᠵᠡᠯ ᠤᠬᠠᠮᠰᠠᠷ ᠤᠨ ᠠᠵᠢᠯ ᠤᠨ ᠤᠳᠤᠷᠢᠳᠬᠤ ᠡᠷᠭᠡ ᠪᠠ ᠭᠤᠤᠯᠯᠠᠬᠤ ᠡᠷᠭᠡ ᠶᠢ ᠢᠮᠠᠬᠳᠠ ᠡᠵᠡᠮᠳᠡᠵᠤ᠂ ᠤᠯᠠᠭᠠᠨᠮᠦ᠋ᠴᠢᠷ ᠤᠨ ᠵᠤᠷᠢᠭ ᠰᠠᠨᠠᠭ᠎ᠠ ᠶᠢ ᠪᠠᠳᠠᠷᠠᠭᠤᠯᠤᠨ᠂ ᠠᠷᠠᠳ ᠤᠨ ᠲᠤᠮᠳᠠ ᠬᠦᠨᠵᠡᠬᠡᠶᠢᠷᠡᠵᠤ᠂ ᠨᠡᠩ ᠤᠯᠠᠨ ᠰᠢᠯᠢᠳᠡᠭ ᠪᠦᠳᠦᠬᠡᠯ ᠭᠠᠷᠭᠠᠬᠤ ᠪᠠᠷ ᠴᠢᠷᠮᠠᠶᠢᠨ᠂ ᠨᠠᠮ ᠤᠨ ᠬᠠᠯᠠᠮᠵᠢ ᠪᠠ ᠲᠠᠭᠤᠨ ᠬᠤᠭᠤᠯᠠᠢ ᠶᠢ ᠲᠠᠮᠵᠢᠭᠤᠯᠵᠤ᠂ ᠨᠠᠮ ᠪᠠ ᠤᠯᠤᠰ ᠢᠶᠠᠨ ᠮᠠᠬᠳᠠᠨ ᠲᠠᠭᠤᠯᠠᠬᠰᠠᠨ ᠲᠠᠯ᠎ᠠ ᠨᠤᠳᠤᠭ ᠤᠨ ᠤᠳᠬ᠎ᠠ ᠤᠷᠠᠯᠢᠭ ᠤᠨ ᠬᠦᠡᠭᠬᠡᠨ ᠮᠤᠷᠢᠳᠦ ᠴᠡᠷᠢᠭ ᠪᠤᠯᠵᠤ᠂ ᠡᠬᠡ ᠤᠯᠤᠰ ᠤᠨ ᠢᠶᠠᠨ ᠤᠮᠡᠷᠠᠳᠤ ᠬᠢᠯᠢ ᠶᠢᠨ ᠦᠵᠡᠰᠬᠦᠯᠡᠩᠳᠦ ᠰᠠᠶᠢᠬᠠᠨ ᠨᠣᠳᠤᠭ ᠤᠷᠤᠨ ᠪᠠ ᠪᠠᠶᠠᠨ ᠴᠢᠨᠡᠬᠡᠯᠢᠭ᠂ ᠠᠷᠠᠳᠴᠢᠯᠠᠬᠰᠠᠨ᠂ ᠪᠤᠯᠪᠠᠰᠤᠨ᠂ ᠡᠶ᠎ᠡ ᠨᠠᠶᠢᠷᠠᠮᠳᠠᠭᠤ ᠠᠯᠠᠱᠠ ᠵᠡᠬᠦᠨ ᠬᠤᠰᠢᠭᠤ ᠶᠢ ᠪᠦᠳᠦᠬᠡᠨ ᠪᠠᠶᠢᠭᠤᠯᠬᠤ ᠰᠢᠨ᠎ᠠ ᠬᠠᠭᠤᠳᠠᠰᠤ ᠶᠢ ᠪᠢᠴᠢᠭᠯᠡᠵᠤ ᠪᠠᠶᠢᠨ᠎ᠠ᠃
 
ᠢᠷᠡᠯᠲᠡ᠄ ᠠᠯᠠᠱᠠ ᠶᠢᠨ ᠮᠣᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号