ᠦᠪᠦᠷ ᠮᠤᠩᠭᠤᠯ ᠤᠨ ︽ᠲᠠᠯ᠎ᠠ ᠨᠤᠲᠤᠭ ᠤᠨ ᠠᠶᠠᠯᠠᠯ︾ ᠳᠤᠭᠤᠢ ᠲᠡᠷᠭᠡᠨ ᠤ ᠬᠤᠯᠪᠤᠭᠠᠲᠤ ᠤᠷᠤᠯᠳᠤᠭᠠᠨ ᠠᠯᠠᠱᠠ ᠵᠡᠬᠦᠨ ᠬᠤᠰᠢᠭᠤᠨ ᠳᠤ ᠠᠮᠵᠢᠯᠳᠠᠲᠠᠢ ᠦᠨᠳᠦᠷᠯᠡᠯ᠎ᠡ
ᠨᠡᠶᠢᠲᠡᠯᠡᠭᠰᠡᠨ ᠴᠠᠭ᠄
2019/12/3
            ᠵᠢᠷᠤᠭ ᠪᠤᠯ᠂ ᠪᠦᠬᠦ ᠤᠯᠤᠰ ᠤᠨ ᠡᠯ᠎ᠠ ᠭᠠᠵᠡᠷ ᠤᠷᠤᠨ ᠠᠴᠠ ᠬᠦᠷᠦᠯᠴᠠᠨ ᠢᠷᠡᠭᠰᠡᠳ ᠲᠤᠭᠤᠢ ᠲᠡᠷᠬᠡᠨ ᠤ ᠰᠢᠢᠳᠪᠤᠷᠢᠲᠦ ᠤᠷᠤᠯᠳᠤᠭᠠᠨ ᠳᠤ ᠬᠦᠴᠦ ᠰᠢᠨᠳᠠᠰᠤ ᠪᠠᠨ ᠰᠢᠯᠭᠠᠯ᠎ᠠ᠃         12 ᠰᠠᠷ᠎ᠠ ᠶᠢᠨ 1 ᠤ ᠡᠳᠦᠷ᠂ ᠦᠪᠡᠷᠳᠡᠬᠡᠨ ᠵᠠᠰᠠᠬᠤ ᠤᠷᠤᠨ ᠤ ᠪᠡᠶ᠎ᠠ ᠶᠢᠨ ᠲᠠᠮᠢᠷ ᠤᠨ ᠲᠤᠪᠴᠢᠶ᠎ᠠ᠂ ᠠᠯᠠᠱᠠ ᠵᠡᠬᠦᠨ ᠬᠤᠰᠢᠭᠤᠨ ᠤ ᠵᠠᠰᠠᠭ ᠤᠨ ᠤᠷᠳᠤᠨ ᠠᠴᠠ ᠭᠤᠤᠯᠯᠠᠨ ᠡᠷᠬᠢᠯᠡᠭᠰᠡᠨ 2019 ᠣᠨ ᠤ ᠦᠪᠦᠷ ᠮᠤᠩᠭᠤᠯ ᠤᠨ ︽ᠲᠠᠯ᠎ᠠ ᠨᠤᠲᠤᠭ ᠤᠨ ᠠᠶᠠᠯᠠᠯ︾ ᠳᠤᠭᠤᠢ ᠲᠡᠷᠭᠡᠨ ᠤ ᠬᠤᠯᠪᠤᠭᠠᠲᠤ ᠤᠷᠤᠯᠳᠤᠭᠠᠨ ᠤ ᠰᠢᠢᠳᠪᠦᠷᠢᠲᠤ ᠤᠷᠤᠯᠳᠤᠭᠠᠨ ᠠᠯᠠᠱᠠ ᠵᠡᠬᠦᠨ ᠬᠤᠰᠢᠭᠤᠨ ᠳᠤ ᠲᠡᠬᠦᠰᠴᠤ᠂ ᠪᠡᠭᠡᠵᠢᠩ᠂ ᠱᠠᠨ ᠰᠢ᠂ ᠨᠢᠩᠰᠢᠶᠠ᠂ ᠡᠾᠧᠪᠸᠢ᠂ ᠡᠾᠧᠨᠠᠨ᠂ ᠦᠪᠦᠷ ᠮᠤᠩᠭᠤᠯ᠂ ᠭᠠᠨᠰᠤ ᠵᠡᠷᠭᠡ ᠤᠯᠠᠨ ᠮᠤᠵᠢ ᠬᠤᠲᠠ ᠠᠴᠠ ᠬᠦᠷᠦᠯᠴᠡᠨ ᠢᠷᠡᠭᠰᠡᠨ ᠮᠢᠩᠭ᠎ᠠ ᠭᠠᠷᠤᠢ ᠲᠠᠮᠢᠷᠴᠢᠳ ᠤᠷᠤᠯᠴᠠᠭᠰᠠᠨ ᠪᠠᠶᠢᠨ᠎ᠠ᠃         ᠳᠣᠰ ᠣᠳᠠᠭᠠᠨ ᠤ ᠬᠤᠯᠪᠤᠭᠠᠲᠤ ᠤᠷᠤᠯᠳᠤᠭᠠᠨ ᠨᠢ ᠲᠤᠰᠪᠦᠷᠢ ᠬᠦᠬᠡᠬᠤᠲᠡ᠂ ᠦᠬᠠᠢ ᠪᠤᠯᠤᠨ ᠠᠯᠠᠱᠠ ᠵᠡᠬᠦᠨ ᠬᠤᠰᠢᠭᠤᠨ ᠳᠤ ᠶᠠᠪᠣᠭᠳᠠᠵᠠᠢ᠃ ᠤᠷᠤᠯᠳᠤᠭᠠᠨ ᠨᠢ ᠡᠷᠡᠭᠲᠡᠢ ᠶᠢᠨ ᠰᠤᠳᠤᠨᠴᠤᠳ ᠤᠨ A ᠲᠤᠭᠤᠶᠢᠯᠠᠩ᠂ B ᠲᠤᠭᠤᠶᠢᠯᠠᠩ᠂ ᠡᠮᠡᠭᠲᠡᠢ ᠶᠢᠨ ᠰᠤᠳᠤᠨᠴᠣᠳ ᠤᠨ ᠲᠤᠭᠤᠶᠢᠯᠠᠩ ᠪᠤᠯᠤᠨ ᠪᠦᠬᠦ ᠠᠷᠠᠳ ᠤᠨ ᠪᠡᠶ᠎ᠡ ᠴᠢᠬᠢᠷᠠᠭᠵᠢᠯ ᠤᠨ ᠲᠤᠭᠤᠶᠢᠯᠠᠩ ᠪᠣᠯᠭᠠᠨ ᠬᠤᠪᠢᠶᠠᠵᠣ ᠶᠠᠪᠣᠭᠳᠠᠭᠤᠯᠵᠡᠢ᠃ ᠣᠷᠣᠯᠳᠣᠭᠠᠨ ᠤ ᠡᠴᠦᠰ ᠲᠤ ᠡᠾᠧᠨᠠᠨ ᠮᠤᠵᠢ ᠶᠢᠨ ᠸᠠᠩ ᠯᠧ ᠡᠷᠡᠭᠲᠡᠢ ᠶᠢᠨ ᠰᠤᠳᠤᠨᠴᠤᠳ ᠤᠨ A ᠲᠤᠭᠤᠶᠢᠯᠠᠩ ᠤᠨ ᠮᠠᠩᠯᠠᠢ ᠰᠢᠬᠦᠷᠴᠦ᠂ ᠸᠠᠩ ᠬᠠᠢ ᠲᠤᠤ᠂ ᠸᠠᠩ ᠰᠢᠤᠸᠠᠢ ᠯᠢ ᠲᠤᠰᠪᠦᠷᠢ ᠡᠷᠡᠭᠲᠡᠢ ᠶᠢᠨ ᠰᠤᠳᠤᠨᠴᠤᠳ ᠤᠨ B ᠲᠤᠭᠤᠶᠢᠯᠠᠩ᠂ ᠡᠮᠡᠭᠲᠡᠢ ᠶᠢᠨ ᠰᠤᠳᠣᠨᠴᠣᠳ ᠤᠨ ᠲᠤᠭᠤᠶᠢᠯᠠᠩ ᠤᠨ ᠮᠠᠩᠯᠠᠢ ᠪᠠᠷ ᠲᠤᠳᠤᠷᠠᠭᠰᠠᠨ ᠪᠠᠶᠢᠨ᠎ᠠ᠃                                                          (ᠵᠣᠬᠢᠶᠠᠭᠴᠢ᠄ ᠨᠠᠷᠠᠨ᠎ᠠ)
 
ᠢᠷᠡᠯᠲᠡ᠄ ᠠᠯᠠᠱᠠ ᠶᠢᠨ ᠮᠣᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号