ᠭᠠᠷ ᠤᠳᠠᠰᠤᠨ ᠨᠤᠮᠧᠷ ᠢᠶᠠᠨ ᠰᠤᠯᠢᠬᠤ ᠦᠬᠡᠢ ᠪᠠᠷ ᠪᠤᠰᠤᠳ ᠬᠤᠯᠪᠤᠭᠠᠨ ᠳᠤ ᠰᠢᠯᠵᠢᠵᠤ ᠪᠤᠯᠬᠤ ᠪᠤᠯᠪᠠ
ᠨᠡᠶᠢᠲᠡᠯᠡᠭᠰᠡᠨ ᠴᠠᠭ᠄
2019/12/20
     12 ᠰᠠᠷ᠎ᠠ ᠠᠴᠠ ᠡᠬᠢᠯᠡᠨ᠂ ᠭᠠᠷ ᠤᠳᠠᠰᠤᠨ ᠨᠤᠮᠧᠷ ᠢᠶᠠᠨ ᠰᠤᠯᠢᠬᠤ ᠥᠬᠡᠢ ᠪᠠᠷ ᠪᠤᠰᠤᠳ ᠬᠤᠯᠪᠤᠭᠠᠨ ᠳᠤ ᠰᠢᠯᠵᠢᠵᠤ ᠪᠤᠯᠬᠤ ᠪᠤᠯᠵᠤ᠂ ᠮᠠᠨ ᠤ ᠠᠶᠢᠮᠠᠭ ᠤᠨ 30 ᠭᠠᠷᠤᠢ ᠭᠡᠷᠡᠭᠯᠡᠭᠴᠢᠳ ᠬᠤᠯᠪᠤᠭ᠎ᠠ ᠰᠢᠯᠵᠢᠬᠦᠯᠬᠦ ᠭᠠᠷ ᠬᠦᠢᠴᠡᠳᠬᠡᠯ ᠢᠶᠠᠨ ᠠᠮᠵᠢᠯᠳᠠ ᠲᠠᠢ ᠬᠢᠪᠠ᠃      ᠲᠤᠮᠳᠠᠳᠤ ᠤᠯᠤᠰ ᠤᠨ ᠨᠢᠭᠡᠳᠤᠮᠠᠯ ᠬᠤᠯᠪᠤᠭ᠎ᠠ ᠶᠢᠨ ᠠᠯᠠᠱᠠ ᠠᠶᠢᠮᠠᠭ ᠤᠨ ᠬᠤᠪᠢᠶᠠᠷᠢ ᠺᠤᠮᠫᠠᠨᠢ ᠶᠢᠨ ᠪᠤᠷᠤᠯᠠᠭᠤᠯᠭ᠎ᠠ ᠶᠢᠨ ᠭᠡᠯᠳᠡᠰ ᠤᠨ ᠶᠡᠷᠦᠩᠬᠡᠢ ᠬᠠᠮᠢᠶᠠᠷᠤᠬᠴᠢ ᠶᠠᠩ ᠹᠠᠨ ᠤ ᠲᠠᠨᠢᠯᠴᠠᠭᠤᠯᠬᠤ ᠪᠠᠷ᠂ ᠭᠡᠷᠡᠭᠯᠡᠭᠴᠢᠳ ᠭᠠᠷ ᠤᠳᠠᠰᠤᠨ ᠨᠤᠮᠧᠷ ᠢᠶᠠᠨ ᠰᠤᠯᠢᠬᠤ ᠦᠬᠡᠢ ᠪᠠᠷ ᠪᠤᠰᠤᠳ ᠬᠤᠯᠪᠤᠭᠠᠨ ᠳᠤ ᠰᠢᠯᠵᠢᠬᠦᠯᠬᠦ ᠤᠢᠢᠯᠡᠴᠢᠯᠡᠭᠡ ᠲᠦᠢᠯ ᠤᠨ ᠲᠥᠬᠦᠮ ᠲᠤᠳᠤ ᠪᠠᠶᠢᠵᠤ᠂ ᠨᠥᠬᠦᠴᠡᠯ ᠳᠤ ᠨᠡᠶᠢᠴᠡᠬᠦ ᠤᠳᠠᠰᠤᠨ ᠨᠤᠮᠧᠷ ᠪᠤᠯ ᠤᠤᠯ ᠤᠨ ᠬᠤᠯᠪᠤᠭ᠎ᠠ ᠠᠴᠠ ᠪᠠᠨ ᠰᠢᠯᠵᠢᠬᠦ ᠡᠷᠭᠡ ᠤᠯᠭᠤᠬᠰᠠᠠ ᠭᠡᠷᠡᠴᠢ ᠪᠤᠯᠤᠨ ᠪᠡᠶ᠎ᠡ ᠶᠢᠨ ᠥᠨᠠᠮᠯᠠᠯ ᠢᠶᠠᠨ ᠠᠪᠴᠤ ᠰᠢᠨ᠎ᠡ ᠤᠷᠤᠬᠤ ᠬᠤᠯᠪᠤᠭᠠᠠ ᠳᠠᠭᠠᠨ ᠭᠤᠶᠤᠴᠢᠯᠡᠡ ᠭᠠᠷ ᠬᠦᠢᠴᠡᠳᠭᠡᠯ ᠬᠢᠪᠡᠯ ᠪᠤᠯᠴᠢᠬᠠᠨ᠎ᠠ᠃ ᠪᠤᠳᠠᠳᠠᠢ ᠠᠵᠢᠯᠯᠠᠬᠤ ᠠᠯᠬᠤᠮ ᠲᠠᠷᠠᠭ᠎ᠠ ᠨᠢ ᠨᠢᠭᠡᠳᠤᠭᠡᠷ ᠲᠤ᠂ ᠭᠡᠷᠡᠭᠯᠡᠭᠴᠢᠳ ᠭᠠᠷ ᠤᠳᠠᠰᠤᠨ ᠤ ᠴᠡᠬᠢᠮ ᠮᠡᠳᠡᠭᠡ ᠪᠠᠷ ︽cxxz# ᠭᠡᠷᠡᠭᠯᠡᠭᠴᠢ ᠶᠢᠨ ᠨᠠᠷ᠎ᠠ # ᠪᠡᠶ᠎ᠡ ᠶᠢᠨ ᠥᠨᠠᠮᠯᠠᠯ ᠤᠨ ᠳ᠋ᠤᠭᠠᠷ︾ ᠢᠶᠠᠨ ᠦᠢᠯᠡᠴᠢᠬᠡᠨ ᠤ ᠳ᠋ᠤᠭᠠᠷ ᠲᠤ ︵ᠨᠢᠭᠡᠳᠤᠮᠠᠯ ᠬᠤᠯᠪᠤᠭ᠎ᠠ 10001᠂ ᠴᠠᠬᠢᠯᠭᠠᠠ ᠬᠤᠯᠪᠤᠭ᠎ᠠ 10000᠂ ᠰᠢᠯᠵᠢᠮᠠᠯ ᠬᠤᠯᠪᠤᠭ᠎ᠠ 10086︶ ᠶᠠᠪᠤᠭᠤᠯᠵᠤ᠂ ᠪᠤᠰᠤᠳ ᠬᠤᠯᠪᠤᠭᠠᠨ ᠳᠤ ᠰᠢᠯᠵᠢᠵᠤ ᠪᠤᠯᠬᠤ ᠡᠰᠡᠬᠦ ᠪᠠᠨ ᠯᠠᠪᠯᠠᠨ᠎ᠠ᠃ ᠬᠤᠶᠠᠳᠤᠭᠠᠷ ᠲᠤ᠂ ᠨᠥᠬᠦᠴᠡᠯ ᠳᠤ ᠨᠠᠶᠢᠴᠡᠭᠰᠡᠡ ᠨᠤᠮᠧᠷ ᠪᠤᠯ ᠴᠠᠬᠢᠮ ᠮᠡᠳᠡᠭᠡ ᠪᠠᠷ ︽SQXZ# ᠭᠡᠷᠡᠭᠯᠡᠭᠴᠢ ᠶᠢᠨ ᠨᠡᠷ᠎ᠠ # ᠪᠡᠶ᠎ᠡ ᠶᠢᠨ ᠥᠨᠠᠮᠯᠠᠯ ᠤᠨ ᠳ᠋ᠤᠭᠠᠷ︾ ᠢᠶᠠᠨ ᠦᠢᠯᠡᠴᠢᠯᠡᠬᠡᠨ ᠤ ᠳ᠋ᠤᠭᠠᠷ ᠲᠤ ︵ᠨᠢᠭᠡᠳᠤᠮᠠᠯ ᠬᠤᠯᠪᠤᠭ᠎ᠠ 10010᠂ ᠴᠠᠬᠢᠯᠭᠠᠠ ᠬᠤᠯᠪᠤᠭ᠎ᠠ 10001᠂ ᠰᠢᠯᠵᠢᠮᠠᠯ ᠬᠤᠯᠪᠤᠭ᠎ᠠ 10086︶ ᠲᠠᠮᠵᠢᠭᠤᠯᠪᠠᠯ ᠪᠤᠯᠴᠢᠬᠠᠨ᠎ᠠ᠃ ᠭᠤᠷᠪᠠᠳᠤᠭᠠᠷ ᠲᠤ᠂ ᠪᠡᠶ᠎ᠡ ᠶᠢᠨ ᠥᠨᠠᠮᠯᠠᠯ ᠪᠤᠯᠤᠨ ᠰᠢᠨ᠎ᠡ ᠡᠷᠡᠮᠡᠯᠵᠡᠭᠰᠡᠨ ᠺᠠᠷᠲ ᠢᠶᠠᠨ ᠠᠪᠴᠤ ᠰᠢᠯᠵᠢᠨ ᠤᠷᠤᠬᠤ ᠬᠤᠯᠪᠤᠭᠠᠠ ᠳᠠᠭᠠᠨ ᠬᠥᠷᠴᠤ ᠡᠷᠭᠡ ᠤᠯᠭᠤᠬᠰᠠᠠ ᠭᠡᠷᠡᠴᠢ ᠪᠠᠨ ᠥᠵᠡᠬᠦᠯᠵᠤ᠂ ᠭᠠᠷ ᠬᠦᠢᠴᠡᠳᠭᠡᠯ ᠢᠶᠠᠨ ᠪᠠᠶᠠᠯᠡᠬᠦᠯᠦᠨ᠎ᠠ᠃ ᠲᠥᠷᠪᠡᠳᠤᠭᠡᠷ ᠲᠤ᠂ ᠭᠠᠷ ᠬᠦᠢᠴᠡᠳᠭᠡᠯ ᠢᠶᠠᠨ ᠪᠠᠶᠠᠯᠠᠬᠦᠯᠪᠠᠯ ᠲᠠᠷᠤᠢ ᠰᠢᠨ᠎ᠡ ᠬᠤᠯᠪᠤᠭᠠᠠ ᠤ ᠤᠢᠢᠯᠡᠴᠢᠯᠡᠭᠡ ᠶᠢ ᠬᠥᠷᠳᠡᠬᠦ ᠪᠤᠯᠤᠨ᠎ᠠ᠃      ᠪᠠᠶᠠᠨᠬᠤᠳᠠ ᠶᠢᠨ ᠰᠠᠭᠤᠭᠠᠯᠢ ᠠᠷᠠᠳ ᠰᠠᠷᠠᠨ᠎ᠠ ᠰᠤᠷᠪᠤᠯᠵᠢᠯᠠᠬᠴᠢ ᠳᠤ᠄ ︽ᠤᠤᠯ ᠳᠠᠭᠠᠨ ᠪᠠᠶᠢᠡᠭᠭᠤ ᠭᠡᠷᠡᠭᠯᠡᠵᠤ ᠪᠠᠶᠢᠭ᠎ᠠ ᠨᠢᠭᠡᠳᠤᠮᠠᠯ ᠬᠤᠯᠪᠤᠭ᠎ᠠ ᠶᠢᠨ ᠭᠠᠷ ᠤᠳᠠᠰᠤᠨ ᠨᠤᠮᠧᠷ ᠪᠤᠯᠤᠨ ᠲᠤᠤᠷ ᠰᠥᠯᠵᠢᠶᠠᠨ ᠤ ᠴᠠᠬᠢᠯᠭᠠᠠ ᠬᠤᠯᠪᠤᠭ᠎ᠠ ᠶᠢᠨ ᠳ᠋ᠤᠭᠠᠷ ᠲᠠᠢ ᠪᠤᠯᠬᠤᠷ ᠬᠤᠶᠠᠷ ᠭᠠᠷ ᠤᠳᠠᠰᠤ ᠭᠡᠷᠡᠭᠯᠡᠵᠤ᠂ ᠪᠠᠶ᠎ᠠ ᠳᠡᠭᠡᠨ ᠠᠪᠴᠤ ᠶᠠᠪᠤᠬᠤ ᠳᠤ ᠴᠤ ᠲᠥᠬᠦᠮ ᠥᠬᠡᠢ ᠪᠠᠶᠢᠬᠰᠠᠠ᠂ ᠤᠳᠤ ᠬᠠᠷᠢᠨ ᠬᠤᠯᠪᠤᠭ᠎ᠠ ᠰᠢᠯᠵᠢᠵᠤ ᠪᠤᠯᠬᠤ ᠪᠤᠯᠤᠬᠰᠠᠠ ᠪᠤᠯᠬᠤᠷ ᠤᠤᠯ ᠤᠨ ᠨᠢᠬᠡᠳᠦᠮᠠᠯ ᠬᠤᠯᠪᠤᠭᠠᠠ ᠤ ᠨᠤᠮᠧᠷ ᠢᠶᠠᠨ ᠴᠠᠬᠢᠯᠭᠠᠠ ᠬᠤᠯᠪᠤᠭᠠᠠ ᠳᠤ ᠰᠢᠯᠵᠢᠬᠦᠯᠵᠤ᠂ ᠨᠢᠭᠡ ᠤᠳᠠᠰᠤᠨ ᠳ᠋ᠤᠭᠠᠷ ᠢᠶᠠᠷ ᠬᠤᠶᠠᠷ ᠤᠢᠢᠯᠡᠴᠢᠯᠡᠭᠡ ᠬᠥᠷᠳᠡᠵᠤ ᠲᠤᠩ ᠲᠥᠬᠦᠮ ᠪᠤᠯᠤᠬᠰᠠᠠ ᠪᠠᠶᠢᠨ᠎ᠠ︾ ᠭᠡᠵᠤ ᠶᠠᠷᠢᠯ᠎ᠠ᠃      ᠤᠢᠢᠯᠠᠭᠠᠬᠰᠠᠠ ᠢᠶᠠᠷ᠂ ᠤᠳᠤ ᠪᠤᠯᠳᠠᠯ᠎ᠠ᠂ ᠪᠥᠬᠦ ᠠᠶᠢᠮᠠᠭ ᠤᠨ ᠭᠡᠪᠴᠢᠶᠠᠨ ᠳᠤ ᠭᠠᠷ ᠤᠳᠠᠰᠤᠨ ᠨᠤᠮᠧᠷ ᠢᠶᠠᠨ ᠰᠤᠯᠢᠬᠤ ᠦᠬᠡᠢ ᠪᠠᠷ ᠬᠤᠯᠪᠤᠭ᠎ᠠ ᠰᠢᠯᠵᠢᠭᠰᠡᠡ ᠭᠡᠷᠡᠭᠯᠡᠭᠴᠢᠳ 30 ᠭᠠᠷᠤᠢ ᠪᠤᠯᠵᠤ᠂ ᠡᠬᠦᠨ ᠳᠤ ᠨᠢᠭᠡᠳᠤᠮᠠᠯ ᠬᠤᠯᠪᠤᠭ᠎ᠠ ᠶᠢᠨ 16 ᠭᠡᠷᠡᠭᠯᠡᠭᠴᠢ᠂ ᠰᠢᠯᠵᠢᠮᠠᠯ ᠬᠤᠯᠪᠤᠭ᠋ ᠎ᠠ ᠶᠢᠨ 5 ᠭᠡᠷᠡᠭᠯᠡᠭᠴᠢ᠂ ᠴᠠᠬᠢᠯᠭᠠᠠ ᠬᠤᠯᠪᠤᠭ᠎ᠠ ᠶᠢᠨ 9 ᠭᠡᠷᠡᠭᠯᠡᠭᠴᠢ ᠨᠢᠭᠡᠨᠳᠡ ᠬᠤᠯᠪᠤᠭ᠎ᠠ ᠰᠢᠯᠵᠢᠬᠦᠯᠬᠦ ᠤᠢᠢᠯᠡᠴᠢᠯᠡᠭᠡ ᠶᠢ ᠬᠥᠷᠳᠡᠭᠰᠡᠡ ᠪᠠᠶᠢᠨ᠎ᠠ᠃      ᠤᠳᠤᠬᠠᠠ ᠮᠠᠰᠢ ᠤᠯᠠᠠ ᠭᠡᠷᠡᠭᠯᠡᠭᠴᠢᠳ ᠤᠳᠠᠰᠤᠨ ᠨᠤᠮᠧᠷ ᠢᠶᠠᠨ ᠰᠤᠯᠢᠬᠤ ᠦᠬᠡᠢ ᠪᠠᠷ ᠬᠤᠯᠪᠤᠭ᠎ᠠ ᠰᠢᠯᠵᠢᠬᠦᠯᠬᠦ ᠤᠢᠢᠯᠡᠴᠢᠯᠡᠭᠡ ᠬᠥᠷᠳᠡᠬᠦ ᠲᠤᠮᠳᠠ ᠤᠯᠠᠠ ᠬᠠᠷᠰᠢ ᠰᠠᠭᠠᠳ ᠲᠤᠯᠭᠠᠷᠠᠵᠤ ᠪᠠᠶᠢᠭ᠎ᠠ ᠲᠤᠬᠠᠢ ᠲᠤᠰᠬᠠᠵᠤ ᠪᠤᠢ᠃ ᠡᠬᠦᠨ ᠤ ᠲᠤᠬᠠᠢ ᠶᠠᠩ ᠹᠠᠨ ᠭᠡᠯᠡᠬᠦ ᠳᠡᠭᠡᠨ᠄ ︽ᠤᠤᠯ ᠤᠨ ᠭᠠᠷ ᠤᠳᠠᠰᠤᠨ ᠨᠤᠮᠧᠷ ᠲᠠᠭᠠᠨ ᠥᠭᠡᠷ᠎ᠠ ᠤᠢᠢᠯᠡᠴᠢᠯᠡᠭᠡ ᠶᠢ ᠬᠠᠪᠰᠤᠷᠭᠠᠵᠤ᠂ ᠲᠤᠤᠷ ᠰᠥᠯᠵᠢᠶ᠎ᠠ᠂ ᠭᠡᠷ ᠪᠥᠯᠢ ᠶᠢᠨ ᠲᠤᠳᠤᠭᠠᠳᠤ ᠨᠤᠮᠧᠷ᠂ ᠬᠠᠷᠠᠭᠠᠠ ᠲᠠᠪᠳᠠᠮᠵᠢ ᠶᠢᠨ ᠶᠠᠷᠢᠯᠴᠠᠭ᠎ᠠ ᠵᠡᠷᠭᠡ ᠲᠤᠬᠠᠢᠢᠯᠠᠬᠰᠠᠠ ᠤᠢᠢᠯᠡᠴᠢᠯᠡᠭᠡ ᠶᠢ ᠬᠥᠷᠳᠡᠵᠤ ᠪᠠᠶᠢᠭ᠎ᠠ ᠪᠤᠯ ᠤᠷᠢᠳᠴᠢᠯᠠᠠ ᠡᠳᠡᠭᠡᠷ ᠤᠢᠢᠯᠡᠴᠢᠯᠡᠭᠡ ᠪᠠᠨ ᠬᠥᠴᠤᠨ ᠥᠬᠡᠢ ᠪᠤᠯᠭᠠᠬᠰᠠᠨ ᠤ ᠲᠠᠷᠠᠭ᠎ᠠ ᠰᠠᠶ᠋ᠢ ᠰᠢᠨ᠎ᠡ ᠬᠤᠯᠪᠤᠭᠠᠨ ᠳᠤ ᠰᠢᠯᠵᠢᠬᠦᠯᠬᠦ ᠬᠤᠯᠪᠤᠬᠳᠠᠯ ᠪᠥᠬᠦᠢ ᠤᠢᠢᠯᠡᠴᠢᠯᠡᠭᠡ ᠶᠢ ᠬᠦᠢᠴᠡᠳᠭᠡᠵᠤ ᠪᠤᠯᠤᠨ᠎ᠠ︾ ᠬᠡᠵᠤ ᠲᠠᠨᠢᠯᠴᠠᠭᠤᠯᠪᠠ᠃                                                                                             ᠠᠯᠠᠱᠠ ᠶᠢᠨ ᠡᠳᠦᠷ ᠤᠨ ᠰᠦ᠋‌‍ᠨᠢᠨ
 
ᠢᠷᠡᠯᠲᠡ᠄ ᠠᠯᠠᠱᠠ ᠶᠢᠨ ᠮᠤᠩᠭᠤᠯ ᠰᠦᠯᠵᠢᠶ᠎ᠠ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号