ᠭᠠᠵᠠᠷ ᠵᠦᠢ ᠶᠢᠨ ᠤᠷᠴᠢᠨ ᠲᠤᠭᠤᠷᠢᠨ — ᠬᠦᠷᠦᠰᠦ ᠰᠢᠷᠣᠢ ᠣᠰᠣᠨ ᠵᠦᠢ
ᠨᠡᠶᠢᠲᠡᠯᠡᠭᠰᠡᠨ ᠴᠠᠭ᠄
2019/11/25
        ᠠᠯᠠᠱᠠ ᠠᠶᠢᠮᠠᠭ ᠤᠨ ᠬᠦᠷᠦᠰᠦ ᠰᠢᠷᠣᠢ ᠨᠢ ᠭᠠᠵᠠᠷ ᠤᠨ ᠭᠠᠳᠠᠷᠭᠤ ᠶᠢᠨ ᠬᠡᠯᠪᠡᠷᠢ ᠪᠠᠶᠢᠳᠠᠯ ᠵᠢᠴᠢ ᠠᠮᠢᠳᠣ ᠪᠣᠳᠠᠰ ᠠᠭᠤᠷ ᠠᠮᠢᠰᠬᠤᠯ ᠤᠨ ᠨᠦᠬᠦᠴᠡᠯ ᠤᠨ ᠨᠦᠯᠦᠭᠡᠯᠡᠯ ᠢ ᠬᠦᠷᠳᠡᠭᠰᠡᠨ ᠠᠴᠠ ᠣᠷᠣᠨ ᠪᠦᠰᠡ ᠶᠢᠨ ᠴᠢᠨᠠᠷᠳᠠᠢ ᠳᠠᠷᠬᠠᠯᠳᠠ ᠶᠢᠨ ᠣᠨᠴᠠᠯᠢᠭ ᠪᠠᠷ ᠳᠣᠪᠣᠶᠢᠮ᠎ᠠ ᠪᠠᠶᠢᠵᠦ᠂ ᠵᠡᠬᠦᠨ ᠡᠮᠦᠨ᠎ᠡ ᠬᠡᠰᠡᠭ ᠠᠴᠠ ᠪᠠᠷᠠᠭᠤᠨ ᠬᠤᠶᠢᠨ᠎ᠠ ᠬᠡᠰᠡᠭ ᠳᠡᠰᠢ ᠬᠦᠷᠦᠰᠦ ᠰᠢᠷᠣᠢ ᠶᠢᠨ ᠣᠷᠣᠨ ᠪᠦᠰᠡ ᠶᠢᠨ ᠴᠢᠨᠠᠷᠳᠠᠢ ᠳᠠᠷᠬᠠᠯᠳᠠ ᠨᠢ ᠺᠠᠯᠼᠲᠣ ᠣᠯᠠᠪᠣᠷ ᠬᠦᠷᠦᠰᠦ ᠠᠴᠠ ᠪᠠᠨ ᠢᠳᠡᠭ ᠢᠳᠡᠭ ᠢᠶᠠᠷ ᠡᠯᠡᠰᠦᠷᠭᠡᠭ ᠴᠠᠶᠢᠪᠣᠷ ᠬᠦᠷᠦᠰᠦ ᠪᠠ ᠡᠯᠡᠰᠦᠷᠭᠡᠭ ᠴᠠᠶᠢᠪᠣᠷ ᠬᠦᠷᠡᠩ ᠬᠦᠷᠦᠰᠦᠨ ᠳᠤ ᠰᠢᠯᠵᠢᠳᠡᠭ᠃ ᠣᠷᠣᠨ ᠪᠦᠰᠡ ᠶᠢᠨ ᠪᠣᠰᠣ ᠴᠢᠨᠠᠷᠳᠠᠢ ᠬᠦᠷᠦᠰᠦᠨ ᠳᠤ ᠡᠯᠡᠰᠦᠷᠭᠡᠭ ᠬᠦᠷᠦᠰᠦ᠂ ᠬᠤᠵᠢᠷᠯᠢᠭ ᠬᠦᠷᠦᠰᠦ᠂ ᠳᠠᠴᠢᠷᠰᠢᠭᠰᠠᠨ ᠬᠦᠷᠦᠰᠦ᠂ ᠺᠠᠯᠼᠲᠣ ᠴᠢᠯᠠᠭᠤᠯᠢᠭ ᠬᠦᠷᠦᠰᠦ᠂ ᠪᠦᠳᠦᠭᠦᠯᠢᠭ ᠬᠦᠷᠦᠰᠦ ᠵᠡᠷᠭᠡ ᠪᠣᠢ᠃ ᠭᠤᠣᠯ ᠤᠨ ᠰᠠᠶᠢᠷᠭᠠᠯ ᠵᠢᠴᠢ ᠨᠠᠮ ᠳᠣᠣᠷ᠎ᠠ ᠭᠠᠵᠠᠷ ᠲᠤ ᠪᠣᠳᠠᠯᠢᠭ ᠡᠪᠡᠰᠦ ᠪᠦᠬᠦᠢ ᠨᠣᠭᠤ ᠭᠠᠵᠠᠷ  ᠤᠨ ᠬᠦᠷᠦᠰᠦ ᠪᠠ ᠬᠤᠵᠢᠷᠰᠢᠭᠰᠠᠨ ᠴᠢᠬᠢᠭᠯᠢᠭ ᠬᠦᠷᠦᠰᠦ ᠪᠣᠢ ᠪᠣᠯᠵᠦ᠂ ᠬᠤᠵᠢᠷᠰᠢᠭᠰᠠᠨ ᠦᠵᠡᠭᠳᠡᠯ ᠨᠡᠶᠢᠳᠡᠮ ᠣᠷᠣᠰᠢᠳᠠᠭ᠃         ᠠᠯᠠᠱᠠ ᠠᠶᠢᠮᠠᠭ ᠤᠨ ᠭᠤᠣᠯ ᠮᠦᠷᠡᠨ ᠤ ᠣᠰᠣᠨ ᠰᠢᠰᠲ᠋ᠧᠮ ᠨᠢ ᠭᠤᠣᠯᠳᠠᠭᠤ ᠳᠣᠳᠣᠭᠠᠳᠣ ᠣᠷᠣᠰᠬᠠᠯᠳᠣ ᠭᠤᠣᠯ ᠮᠦᠷᠡᠨ ᠤ ᠣᠰᠣᠨ ᠰᠢᠰᠲ᠋ᠧᠮ ᠢᠶᠠᠷ ᠭᠤᠣᠯᠳᠠᠭᠤᠯᠵᠦ᠂ ᠵᠡᠬᠦᠨ ᠳᠠᠯ᠎ᠠ ᠪᠠᠷ ᠢᠶᠠᠨ ᠬᠠᠳᠣᠨ ᠭᠤᠣᠯ ᠬᠢᠯᠢ ᠪᠠᠷ ᠦᠩᠭᠡᠷᠡᠵᠦ᠂ ᠪᠠᠷᠠᠭᠤᠨ ᠳᠠᠯ᠎ᠠ ᠪᠠᠷ ᠢᠶᠠᠨ ᠬᠠᠷ᠎ᠠ ᠭᠤᠣᠯ ᠣᠷᠣᠰᠴᠦ ᠪᠠᠶᠢᠳᠠᠭ᠃ ᠬᠠᠳᠣᠨ ᠭᠤᠣᠯ ᠨᠢ ᠨᠢᠩᠰᠢᠶᠠ ᠶᠢᠨ ᠬᠤᠳᠣᠩ ᠦᠨᠳᠦᠰᠦᠳᠡᠨ ᠤ ᠦᠪᠡᠷᠳᠡᠭᠡᠨ ᠵᠠᠰᠠᠬᠤ ᠣᠷᠣᠨ ᠤ ᠱᠢ ᠽᠦᠢ ᠱᠠᠨ ᠬᠤᠳᠠ  ᠶᠢᠨ ᠮᠠ ᠬᠤᠸᠠᠩ ᠭᠸᠦ ᠪᠠᠷ ᠳᠠᠮᠵᠢᠨ ᠠᠯᠠᠱᠠ ᠠᠶᠢᠮᠠᠭ ᠲᠤ ᠣᠷᠣᠰᠣᠨ ᠣᠷᠣᠵᠦ᠂ ᠵᠡᠬᠦᠨ ᠡᠮᠦᠨ᠎ᠡ ᠬᠢᠯᠢ ᠳᠠᠭᠠᠣ ᠬᠠᠳᠣᠨᠳᠣᠬᠤᠢ ᠰᠢᠶᠠᠨ ᠤ ᠡᠯ ᠱᠢ ᠯᠢ ᠯᠢᠦ ᠽᠢ ᠪᠠᠷ ᠣᠷᠣᠰᠣᠨ ᠬᠢᠯᠢ ᠶᠢ ᠳᠠᠮᠵᠢᠵᠦ᠂ ᠬᠢᠯᠢ ᠶᠢᠨ ᠳᠣᠳᠣᠷᠠᠬᠢ ᠣᠷᠣᠰᠬᠠᠯ ᠤᠨ ᠣᠷᠳᠣ ᠨᠢ 85 ᠺᠢᠯᠣᠮᠧᠲᠷ᠂ ᠣᠷᠣᠰᠬᠠᠯ ᠤᠨ ᠣᠷᠣᠨ ᠤ ᠳᠠᠯᠠᠪᠠᠢ ᠨᠢ 31 ᠳᠦᠮᠡᠨ ᠳᠡᠭᠰᠢ ᠳᠦᠷᠪᠡᠯᠵᠢᠨ ᠺᠢᠯᠣᠮᠧᠲᠷ᠂ ᠵᠢᠯ ᠤᠨ ᠳᠣᠮᠳᠠᠴᠢ ᠣᠷᠣᠰᠬᠠᠯ ᠤᠨ ᠬᠡᠮᠵᠢᠶ᠎ᠡ ᠨᠢ 315 ᠳ᠋ᠦᠩᠰᠢᠭᠤᠷ ᠺᠦᠪ ᠮᠧᠲᠷ ᠪᠣᠯᠣᠨ᠎ᠠ᠃ ᠬᠠᠷ᠎ᠠ ᠭᠤᠣᠯ ᠪᠣᠯ ᠳᠣᠮᠳᠠᠳᠣ ᠣᠯᠣᠰ ᠤᠨ ᠬᠤᠶᠠᠳᠣᠭᠠᠷ ᠶᠡᠭᠡ ᠳᠣᠳᠣᠭᠠᠳᠣ ᠣᠷᠣᠰᠬᠠᠯᠳᠣ ᠭᠤᠣᠯ ᠪᠠᠶᠢᠵᠦ᠂ ᠴᠢ ᠯᠢᠶᠠᠨ ᠱᠠᠨ ᠠᠭᠤᠯᠠ ᠠᠴᠠ ᠡᠬᠢ ᠠᠪᠴᠦ᠂ ᠬᠦᠬᠡᠨᠠᠭᠤᠷ ᠮᠣᠵᠢ᠂ ᠭᠠᠨᠰᠣ ᠮᠣᠵᠢ ᠪᠠ ᠦᠪᠦᠷ ᠮᠣᠩᠭᠤᠯ ᠤᠨ ᠦᠪᠡᠷᠳᠡᠭᠡᠨ ᠵᠠᠰᠠᠬᠤ ᠣᠷᠤᠨ ᠢᠶᠠᠷ ᠣᠷᠣᠰᠣᠨ ᠦᠩᠭᠡᠷᠡᠭᠡᠳ ᠰᠣᠪᠨᠠᠭᠤᠷ ᠲᠤ ᠴᠢᠳᠬᠤᠵᠦ᠂ ᠣᠷᠣᠰᠬᠠᠯ ᠤᠨ ᠪᠦᠬᠦ ᠣᠷᠳᠣ ᠨᠢ 821 ᠺᠢᠯᠣᠮᠧᠲᠷ᠂ ᠵᠧᠩ ᠢ ᠰᠢᠶᠠ ᠬᠠᠪᠴᠢᠯ ᠢ ᠦᠩᠭᠡᠷᠡᠪᠡᠯ ᠳᠣᠣᠷᠠᠳᠣ ᠣᠷᠣᠰᠬᠠᠯ ᠤᠨ ᠬᠡᠰᠡᠭ ᠪᠠᠶᠢᠵᠦ᠂ ᠭᠠᠨᠰᠣ ᠮᠣᠵᠢ ᠶᠢᠨ ᠵᠢᠣᠴᠢᠣᠸᠠᠨ ᠬᠤᠳᠠ ᠶᠢᠨ ᠳ᠋ᠢᠩ ᠰᠢᠨ ᠪᠠᠯᠭᠠᠰᠣ ᠪᠠᠷ ᠣᠷᠣᠰᠣᠨ ᠦᠩᠭᠡᠷᠡᠭᠡᠳ ᠬᠠᠮᠤᠭ ᠤᠨ ᠡᠴᠦᠰ ᠲᠤ ᠠᠯᠠᠱᠠ ᠠᠶᠢᠮᠠᠭ ᠤᠨ ᠡᠵᠡᠨ᠎ᠡ ᠬᠤᠰᠢᠭᠤᠨ ᠤ ᠰᠣᠪᠨᠠᠭᠤᠷ ᠲᠤ ᠴᠢᠳᠬᠤᠳᠠᠭ᠂ ᠠᠯᠠᠱᠠ ᠠᠶᠢᠮᠠᠭ ᠤᠨ ᠬᠢᠯᠢ ᠳᠠᠬᠢ ᠣᠷᠣᠰᠬᠠᠯ ᠤᠨ ᠣᠷᠳᠣ ᠨᠢ 333 ᠺᠢᠯᠣᠮᠧᠲᠷ ᠪᠠᠶᠢᠵᠦ᠂ ᠣᠷᠣᠰᠬᠠᠯ ᠤᠨ ᠣᠷᠣᠨ ᠤ ᠳᠠᠯᠠᠪᠠᠢ ᠨᠢ 8.04 ᠳᠦᠮᠡᠨ ᠳᠡᠭᠰᠢ ᠳᠦᠷᠪᠡᠯᠵᠢᠨ ᠺᠢᠯᠣᠮᠧᠲᠷ ᠪᠣᠯᠣᠨ᠎ᠠ᠃         ᠠᠯᠠᠱᠠ ᠠᠶᠢᠮᠠᠭ   ᠤᠨ ᠠᠭᠤᠯᠠᠨ ᠵᠢᠯᠠᠭ᠎ᠠ   ᠶᠢᠨ ᠭᠤᠣᠯ ᠭᠤᠷᠤᠬ᠎ᠠ   ᠶᠢᠨ ᠵᠣᠩᠬᠢᠯᠠᠬᠤ ᠣᠯᠠᠨ ᠨᠢ ᠭᠤᠣᠯᠳᠠᠭᠤ ᠠᠯᠠᠱᠠ ᠠᠭᠤᠯᠠ᠂ ᠶᠠᠪᠠᠷᠠᠢ ᠠᠭᠤᠯᠠ᠂ ᠯᠦᠩ ᠱᠸᠦ ᠱᠠᠨ ᠠᠭᠤᠯᠠ ᠵᠡᠷᠭᠡ ᠠᠭᠤᠯᠠᠷᠬᠠᠭ ᠣᠷᠣᠨ   ᠠᠴᠠ ᠡᠬᠢ ᠠᠪᠴᠦ᠂ 70 ᠭᠠᠷᠣᠢ ᠭᠤᠣᠯ ᠭᠤᠷᠤᠬ᠎ᠠ ᠪᠣᠢ᠂ ᠣᠷᠣᠰᠬᠠᠯ   ᠤᠨ ᠣᠷᠣᠨ ᠤ ᠳᠠᠯᠠᠪᠠᠢ   ᠨᠢ 2676 ᠳᠡᠭᠰᠢ ᠳᠦᠷᠪᠡᠯᠵᠢᠨ ᠺᠢᠯᠣᠮᠧᠲᠷ ᠪᠣᠯᠣᠨ᠎ᠠ᠃ ᠵᠢᠯ   ᠤᠨ ᠳᠣᠩᠭᠠᠯᠠᠭ ᠣᠷᠣᠰᠬᠠᠯ   ᠤᠨ ᠬᠡᠮᠵᠢᠶ᠎ᠡ ᠨᠢ 905 ᠳᠦᠮᠡᠨ ᠺᠦᠪ ᠮᠧᠲᠷ ᠪᠠᠶᠢᠵᠦ᠂ ᠵᠢᠯ   ᠤᠨ ᠦᠶᠡᠷ   ᠤᠨ ᠣᠷᠣᠰᠬᠠᠯ ᠤᠨ ᠬᠡᠮᠵᠢᠶ᠎ᠡ ᠨᠢ ᠪᠠᠷᠤᠭ 5000 ᠺᠦᠪ ᠮᠧᠲᠷ ᠪᠣᠯᠣᠨ᠎ᠠ᠃         ᠠᠯᠠᠱᠠ ᠠᠶᠢᠮᠠᠭ ᠲᠤ ᠨᠠᠭᠤᠷ ᠳᠣᠭᠤᠷᠢᠮ ᠣᠯᠠᠨ ᠪᠣᠢ᠂ ᠭᠤᠷᠪᠠᠨ ᠶᠡᠭᠡ ᠡᠯᠡᠰᠦᠨ ᠴᠦᠯ ᠤᠨ ᠨᠠᠭᠤᠷ ᠳᠣᠭᠤᠷᠢᠮ ᠢᠶᠠᠷ ᠭᠤᠣᠯᠳᠠᠭᠤᠯᠳᠠᠭ᠃ ᠳᠣᠭᠤᠷᠢᠮ ᠪᠣᠯ ᠳᠣᠨᠣᠳᠠᠰᠣᠨ ᠤ ᠨᠦᠬᠦᠪᠦᠷᠢᠯᠡᠯ ᠠᠴᠠ ᠪᠣᠢ ᠪᠣᠯᠵᠦ᠂ ᠨᠡᠯᠢᠶᠡᠳ ᠳᠣᠭᠳᠠᠪᠣᠷᠢᠳᠠᠢ ᠪᠠᠶᠢᠳᠠᠭ᠃ ᠭᠤᠷᠪᠠᠨ ᠶᠡᠭᠡ ᠡᠯᠡᠰᠦᠨ ᠴᠦᠯ ᠳᠤ ᠨᠡᠶᠢᠳᠡ 415 ᠳᠣᠭᠤᠷᠢᠮ ᠲᠠᠢ᠂ ᠶᠡᠷᠦᠩᠬᠡᠢ ᠳᠠᠯᠠᠪᠠᠢ ᠨᠢ 6700 ᠳᠡᠭᠰᠢ ᠳᠦᠷᠪᠡᠯᠵᠢᠨ ᠺᠢᠯᠣᠮᠧᠲᠷ ᠪᠠᠶᠢᠵᠦ᠂ ᠡᠬᠦᠨ ᠳᠤ᠂ ᠨᠣᠭᠤ ᠭᠠᠵᠠᠷ ᠤᠨ ᠨᠠᠭᠤᠷ ᠳᠣᠭᠤᠷᠢᠮ ᠨᠢ 4546 ᠳᠡᠭᠰᠢ ᠳᠦᠷᠪᠡᠯᠵᠢᠨ ᠺᠢᠯᠣᠮᠧᠲᠷ᠂ ᠬᠤᠷᠠᠮᠠᠯ ᠨᠠᠭᠤᠷ ᠤᠨ ᠳᠠᠯᠠᠪᠠᠢ ᠨᠢ 231 ᠳᠡᠭᠰᠢ ᠳᠦᠷᠪᠡᠯᠵᠢᠨ ᠺᠢᠯᠣᠮᠧᠲᠷ ᠪᠣᠯᠣᠨ᠎ᠠ᠃
 
ᠢᠷᠡᠯᠲᠡ᠄ ᠠᠯᠠᠱᠠ ᠠᠶᠢᠮᠠᠭ ᠤᠨ ᠵᠠᠬᠢᠷᠭ᠎ᠠ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号