ᠭᠠᠵᠠᠷ ᠵᠦᠢ ᠶᠢᠨ ᠣᠷᠴᠢᠨ ᠳᠣᠭᠤᠷᠢᠨ — ᠭᠠᠵᠠᠷ ᠤᠨ ᠪᠠᠶᠢᠴᠠ ᠭᠠᠵᠠᠷ ᠤᠨ ᠭᠠᠳᠠᠷᠭᠤ
ᠨᠡᠶᠢᠲᠡᠯᠡᠭᠰᠡᠨ ᠴᠠᠭ᠄
2019/11/20
         ᠠᠯᠠᠱᠨ ᠠᠶᠢᠮᠠᠭ ᠨᠢ ᠲᠤᠲᠤᠭᠠᠲᠤ ᠡᠭᠡ ᠬᠠᠭᠤᠷᠠᠢ ᠶᠢᠨ ᠦᠨᠲᠦᠷᠯᠢᠭ ᠭᠠᠵᠠᠷ ᠲᠤ ᠬᠠᠷᠢᠶᠠᠯᠠᠭᠳᠠᠵᠦ᠂ ᠭᠠᠵᠠᠷ ᠤᠨ ᠪᠠᠶᠢᠴᠠ ᠨᠢ ᠡᠮᠤᠨ᠎ᠠ ᠪᠠᠨ ᠦᠨᠲᠤᠷ ᠬᠤᠶᠢᠨ᠎ᠠ ᠪᠠᠨ ᠪᠤᠭᠤᠨᠢ᠂ ᠡᠯᠡᠰᠤ ᠮᠠᠩᠬ᠎ᠠ ᠭᠤᠪᠢ ᠬᠠᠷᠢᠯᠴᠠᠨ ᠵᠠᠯᠭᠠᠯᠲᠤᠵᠦ᠂ ᠤᠶᠢᠷ᠎ᠠ ᠬᠠᠪᠢ ᠪᠠᠷ ᠨᠢ ᠲᠤᠪᠤᠴᠠᠭ ᠦᠷᠬᠦᠯᠵᠢᠯᠠᠵᠦ᠂ ᠠᠭᠤᠯᠨ ᠨᠢᠷᠤᠭᠤ ᠬᠦᠷᠢᠶᠠᠯᠠᠵᠦ ᠪᠠᠶᠢᠳᠠᠭ᠃ ᠪᠦᠬᠦ ᠠᠶᠢᠮᠠᠭ ᠤᠨ ᠠᠭᠤᠯᠠᠷᠬᠠᠭ ᠭᠠᠵᠠᠷ ᠤᠨ ᠲᠠᠯᠠᠪᠠᠢ ᠨᠢ 3.44 ᠲᠦᠮᠠᠨ ᠲᠡᠭᠰᠢ ᠲᠦᠷᠪᠠᠯᠵᠢᠨ ᠺᠢᠯᠤᠮᠧᠲᠷ᠂ ᠲᠤᠪᠤᠴᠠᠭ ᠤᠨ ᠲᠠᠯᠠᠪᠠᠢ ᠨᠢ 1.36 ᠲᠦᠮᠠᠨ ᠲᠡᠭᠰᠢ ᠲᠦᠷᠪᠠᠯᠵᠢᠨ ᠺᠢᠯᠤᠮᠧᠲᠷ᠂ ᠭᠤᠪᠢ ᠭᠠᠵᠠᠷ ᠤᠨ ᠲᠠᠯᠠᠪᠠᠢ ᠨᠢ 9.1 ᠲᠦᠮᠠᠨ ᠲᠡᠭᠰᠢ ᠲᠦᠷᠪᠠᠯᠵᠢᠨ ᠺᠢᠯᠤᠮᠧᠲᠷ᠂ ᠡᠯᠡᠰᠤᠨ ᠴᠦᠯ ᠤᠨ ᠲᠠᠯᠠᠪᠠᠢ ᠨᠢ 8.84 ᠲᠦᠮᠠᠨ ᠲᠡᠭᠰᠢ ᠲᠦᠷᠪᠠᠯᠵᠢᠨ ᠺᠢᠯᠤᠮᠧᠲᠷ᠃ ᠲᠠᠯᠠᠢ ᠶᠢᠨ ᠲᠦᠪᠰᠢᠨ ᠠᠴᠠ ᠬᠠᠮᠤᠭ ᠦᠨᠲᠤᠷ ᠭᠠᠵᠠᠷ ᠪᠤᠯᠬᠤ ᠠᠯᠠᠱᠨ ᠠᠭᠤᠯᠨ ᠶᠢᠨ ᠨᠤᠶᠠᠨ ᠤᠷᠬᠢᠯ ᠲᠠᠯᠠᠨ ᠬᠤᠷᠢᠶ᠎ᠠ ᠨᠢ 3556 ᠮᠧᠲᠷ ᠦᠨᠲᠤᠷ ᠪᠠᠶᠢᠵᠦ᠂ ᠦᠪᠤᠷ ᠮᠤᠩᠭᠤᠯ ᠤᠨ ᠦᠪᠠᠷᠳᠡᠭᠡᠨ ᠵᠠᠰᠠᠬᠤ ᠤᠷᠤᠨ ᠤ ᠬᠠᠮᠤᠭ ᠦᠨᠲᠤᠷ ᠤᠷᠬᠢᠯ ᠪᠤᠯᠤᠨ᠎ᠠ︔ ᠬᠠᠮᠤᠭ ᠲᠤᠤᠷ᠎ᠠ ᠭᠠᠵᠠᠷ ᠪᠤᠯᠬᠤ ᠢᠩᠭᠡᠨ ᠤ ᠬᠤᠲᠤᠭᠤᠷ  ᠨᠢ ᠲᠠᠯᠠᠢ ᠶᠢᠨ ᠲᠦᠪᠰᠢᠨ ᠠᠴᠠ 740 ᠮᠧᠲᠷ ᠦᠨᠲᠤᠷ᠃ ᠠᠶᠢᠮᠠᠭ ᠤᠨ ᠬᠢᠯᠢ ᠳᠤ ᠵᠡᠬᠦᠨ ᠭᠡᠰᠡᠭ ᠲᠤ ᠠᠯᠠᠱᠨ ᠠᠭᠤᠯᠨ ᠰᠦᠨᠳᠡᠷᠯᠠᠵᠦ᠂ ᠪᠦᠬᠦ ᠤᠷᠲᠤ ᠨᠢ 250 ᠺᠢᠯᠤᠮᠧᠲᠷ᠂ ᠲᠤᠮᠳᠠᠲᠤ ᠤᠯᠤᠰ ᠤᠨ ᠣᠯᠠᠷᠢᠯ ᠤᠨ ᠰᠠᠯᠬᠢᠨ ᠤ ᠨᠦᠯᠦᠭᠡᠯᠡᠯ ᠤᠨ ᠪᠠᠷᠠᠭᠤᠨ ᠵᠠᠭᠠᠭ᠂ ᠲᠤᠲᠤᠭᠠᠲᠤ ᠭᠠᠳᠠᠭᠠᠲᠤ ᠤᠷᠤᠰᠬᠠᠯ ᠤᠨ ᠤᠷᠤᠨ ᠤ ᠵᠠᠭᠠᠭ ᠪᠠ 200 ᠮᠢᠯᠢᠮᠧᠲᠷ ᠤᠨ ᠲᠤᠨᠤᠳᠠᠰᠤᠨ ᠤ ᠵᠠᠭᠠᠭ ᠱᠤᠭᠤᠮ ᠪᠤᠯᠤᠨ᠎ᠠ︔ ᠡᠮᠤᠨ᠎ᠠ ᠭᠡᠰᠡᠭ ᠤᠨ ᠯᠦᠩ ᠱᠸᠤ ᠱᠠᠨ᠂ ᠡᠾᠧ ᠯᠢ ᠱᠠᠨ ᠠᠭᠤᠯᠨ ᠪᠤᠯ ᠡᠾᠧᠰᠢ ᠶᠢᠨ ᠬᠤᠩᠬᠢᠯ ᠤᠨ ᠤᠮᠠᠷᠠᠲᠤ ᠭᠡᠰᠡᠭ ᠤᠨ ᠬᠠᠯᠬᠠᠪᠴᠢ ᠪᠤᠯᠤᠨ᠎ᠠ  ︔ ᠪᠠᠷᠠᠭᠤᠨ ᠭᠡᠰᠡᠭ  ᠲᠤ ᠮᠤᠷᠢᠨ ᠲᠡᠯ ᠠᠭᠤᠯᠨ ᠰᠡᠬᠦᠶᠢᠨ ᠰᠦᠨᠳᠡᠷᠯᠠᠨ᠎ᠠ︔ ᠲᠤᠮᠳᠠ ᠭᠡᠰᠡᠭ ᠢᠶᠠᠷ ᠨᠠᠷᠠᠨ ᠱᠤᠷᠤᠩ ᠤᠨ ᠠᠭᠤᠯᠠᠨ ᠤ ᠦᠷᠬᠦᠯᠵᠢᠯᠠᠯ ᠪᠤᠯᠤᠭᠰᠠᠨ ᠬᠠᠷᠣᠣᠨ᠎ᠠ ᠠᠭᠤᠯᠨ᠂ ᠬᠠᠨ ᠠᠭᠤᠯᠨ ᠪᠠ ᠪᠠᠶᠠᠨ ᠠᠭᠤᠯᠨ᠂ ᠶᠠᠪᠠᠷᠠᠢ ᠠᠭᠤᠯᠨ ᠵᠡᠬᠦᠨ ᠬᠤᠶᠢᠨ᠎ᠠ ᠠᠴᠠ ᠪᠠᠷᠠᠭᠤᠨ ᠡᠮᠤᠨ᠎ᠠ ᠵᠦᠭ ᠬᠦᠨᠳᠡᠯᠢᠰᠴᠦ᠂ ᠠᠯᠠᠱᠨ ᠶᠢᠨ ᠦᠨᠲᠦᠷᠯᠢᠭ ᠲᠠᠯ᠎ᠠ ᠭᠠᠵᠠᠷ ᠢ ᠵᠡᠬᠦᠨ᠂ ᠪᠠᠷᠠᠭᠤᠨ ᠬᠤᠶᠠᠷ ᠶᠡᠭᠡ ᠭᠡᠰᠡᠭ ᠪᠣᠯᠭᠠᠪᠠ᠃ ᠠᠶᠢᠮᠠᠭ ᠤᠨ ᠬᠠᠷᠢᠶᠠᠨ ᠳᠤ ᠪᠠᠳᠠᠢ ᠶᠢᠨ ᠵᠢᠷᠠᠨ᠂ ᠲᠡᠭᠷᠢ᠂ ᠤᠯᠠᠭᠠᠨᠪᠤᠬ᠎ᠠ ᠭᠤᠷᠪᠠᠨ ᠶᠡᠭᠡ ᠡᠯᠡᠰᠤᠨ ᠴᠦᠯ ᠲᠠᠢ᠃ ᠪᠠᠳᠠᠢ ᠶᠢᠨ ᠵᠢᠷᠠᠨ ᠤ ᠡᠯᠡᠰᠤ ᠮᠠᠩᠬ᠎ᠠ ᠨᠢ ᠪᠦᠬᠦ ᠤᠯᠤᠰ  ᠤᠨ ᠬᠤᠶᠠᠲᠤᠭᠠᠷ ᠶᠡᠭᠡ ᠡᠯᠡᠰᠤ ᠮᠠᠩᠬ᠎ᠠ ᠪᠠᠶᠢᠵᠦ᠂ ᠦᠨᠲᠤᠷ ᠰᠦᠷᠯᠢᠭ ᠠᠰᠬ᠎ᠠ ᠡᠭᠴᠠ ᠪᠠᠷ ᠢᠶᠠᠨ ᠠᠯᠳᠠᠷᠲᠡᠢ︔ ᠲᠠᠯᠠᠢ ᠶᠢᠨ ᠲᠦᠪᠰᠢᠨ ᠠᠴᠠ 1611 ᠮᠧᠲᠷ ᠦᠨᠲᠤᠷ ᠪᠠᠶᠢᠵᠦ᠂ ᠬᠠᠷᠢᠴᠠᠩᠭᠤᠢ ᠦᠨᠲᠤᠷ ᠤᠨ ᠭᠡᠮᠵᠢᠶ᠎ᠠ ᠨᠢ 598 ᠮᠧᠲᠷ ᠪᠦᠬᠦᠢ ᠪᠢᠯᠡᠬᠦᠲᠤ ᠤᠷᠬᠢᠯ ᠨᠢ ︽ᠡᠯᠡᠰᠤ ᠮᠠᠩᠬᠠᠨ ᠤ ᠨᠤᠶᠠᠨ ᠤᠷᠬᠢᠯ︾  ᠭᠡᠮᠡᠨ ᠠᠯᠳᠠᠷᠰᠢᠵᠦ᠂ ᠲᠠᠯᠠᠭᠡᠢ ᠶᠢᠨ ᠡᠯᠡᠰᠤ ᠮᠠᠩᠬᠠᠨ ᠤ ᠬᠠᠮᠤᠭ ᠦᠨᠲᠤᠷ ᠤᠷᠬᠢᠯ ᠪᠤᠯᠤᠨ᠎ᠠ᠃
 
ᠢᠷᠡᠯᠲᠡ᠄ ᠠᠯᠠᠱᠠ ᠠᠶᠢᠮᠠᠭ ᠤᠨ ᠵᠠᠬᠢᠷᠭ᠎ᠠ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号