ᠭᠠᠵᠠᠷ ᠵᠦᠢ ᠶᠢᠨ ᠣᠷᠴᠢᠨ ᠳᠣᠭᠤᠷᠢᠨ — ᠠᠭᠤᠷ ᠠᠮᠢᠰᠬᠤᠯ ᠤᠨ ᠤᠨᠴᠠᠯᠢᠭ
ᠨᠡᠶᠢᠲᠡᠯᠡᠭᠰᠡᠨ ᠴᠠᠭ᠄
2019/11/20
         ᠠᠯᠠᠱᠨ ᠠᠶᠢᠮᠠᠭ ᠨᠢ ᠠᠽᠢᠶ᠎ᠠ ᠲᠢᠪ ᠤᠨ ᠡᠭᠡ ᠬᠠᠭᠤᠷᠠᠢ ᠶᠢᠨ ᠲᠤᠲᠤᠷ᠎ᠠ ᠭᠠᠵᠠᠷ ᠲᠤ ᠤᠷᠤᠰᠢᠵᠦ᠂ ᠲᠤᠲᠤᠭᠠᠲᠤ ᠬᠠᠭᠤᠷᠠᠢ ᠶᠢᠨ ᠦᠨᠲᠦᠷᠯᠢᠭ ᠲᠤ ᠪᠠᠭᠳᠠᠵᠦ᠂ ᠲᠠᠯᠠᠢ ᠲᠠᠩᠬᠢᠰ ᠠᠴᠠ ᠬᠤᠯᠨ᠂ ᠨᠠᠶᠢᠳᠡᠯᠢᠭ ᠡᠭᠡ ᠬᠠᠭᠤᠷᠠᠢ ᠶᠢᠨ ᠴᠢᠨᠠᠷᠲᠡᠢ ᠠᠭᠤᠷ ᠠᠮᠢᠰᠬᠤᠯ ᠳᠤ ᠬᠠᠷᠢᠶᠠᠯᠠᠭᠳᠠᠨ᠎ᠠ᠃ ᠲᠦᠷᠪᠠᠨ ᠤᠯᠠᠷᠢᠯ ᠤᠨ ᠠᠭᠤᠷ ᠠᠮᠢᠰᠬᠤᠯ  ᠤᠨ ᠤᠨᠴᠠᠯᠢᠭ ᠨᠢ ᠢᠯᠡᠷᠭᠡᠢ᠂ ᠡᠲᠤᠷ ᠰᠦᠨᠢ ᠶᠢᠨ ᠲᠤᠯᠠᠭᠠᠨ ᠤ ᠵᠦᠷᠢᠶ᠎ᠠ ᠨᠢ ᠶᠡᠭᠡ ᠪᠠᠶᠢᠵᠦ ᠲᠤᠨᠤᠳᠠᠰᠤᠨ ᠤ ᠭᠡᠮᠵᠢᠶ᠎ᠠ ᠨᠢ ᠵᠡᠬᠦᠨ ᠡᠮᠤᠨ᠎ᠠ ᠭᠡᠰᠡᠭ ᠠᠴᠠ ᠪᠠᠷᠠᠭᠤᠨ ᠬᠤᠶᠢᠲᠤ ᠭᠡᠰᠡᠭ ᠲᠡᠰᠢ ᠪᠠᠨ ᠢᠳᠡᠭ ᠢᠳᠡᠭ ᠢᠶᠠᠷ ᠪᠠᠭᠠᠰᠴᠦ᠂ ᠠᠭᠤᠷᠰᠢᠯᠳᠠ ᠶᠢᠨ ᠭᠡᠮᠵᠢᠶ᠎ᠠ ᠨᠢ ᠵᠡᠬᠦᠨ ᠡᠮᠤᠨ᠎ᠠ ᠭᠡᠰᠡᠭ ᠠᠴᠠ ᠪᠠᠷᠠᠭᠤᠨ ᠬᠤᠶᠢᠲᠤ ᠭᠡᠰᠡᠭ ᠲᠡᠰᠢ ᠢᠳᠡᠭ ᠢᠳᠡᠭ  ᠢᠶᠠᠷ ᠨᠡᠮᠡᠭᠳᠡᠳᠡᠭ᠃ ᠵᠢᠯ ᠤᠨ ᠲᠡᠭᠰᠢᠳᠭᠡᠭᠰᠡᠨ ᠠᠭᠠᠷ ᠤᠨ ᠲᠤᠯᠠᠭᠠᠨ ᠨᠢ 7.7 ~ 9.8 ᠭᠷᠠᠲᠦ᠋ᠰ᠂ ᠬᠠᠮᠤᠭ ᠤᠨ ᠲᠤᠤᠷ᠎ᠠ ᠠᠭᠠᠷ ᠤᠨ ᠲᠤᠯᠠᠭᠠᠨ ᠨᠢ —34.4 ᠭᠷᠠᠲᠦ᠋ᠰ ︵ᠪᠠᠶᠠᠠᠨᠢᠷᠤᠭᠤᠨ ᠳᠤ᠂ 2008 ᠤᠨ ᠤ 1 ᠰᠠᠷ᠎ᠠ ᠶᠢᠨ 24 ᠤ ᠡᠲᠤᠷ︶᠂ ᠬᠠᠮᠤᠭ ᠤᠨ ᠦᠨᠲᠤᠷ ᠲᠤᠯᠠᠭᠠᠨ ᠤ ᠭᠡᠮᠵᠢᠶ᠎ᠠ ᠨᠢ 44.8 ᠭᠷᠠᠲᠦ᠋ᠰ ︵ᠭᠤᠶᠢᠽᠠ ᠶᠢᠨ ᠨᠠᠭᠤᠷ  ᠲᠤ᠂ 1988 ᠣᠨ ᠤ 7 ᠰᠠᠷ᠎ᠠ ᠶᠢᠨ 24 ᠤ ᠡᠲᠤᠷ︶᠃ 1 ᠰᠠᠷ᠎ᠠ ᠶᠢᠨ ᠲᠡᠭᠰᠢᠳᠭᠡᠭᠰᠡᠨ ᠠᠭᠠᠷ ᠤᠨ ᠲᠤᠯᠠᠭᠠᠨ  ᠨᠢ  — 7.7 ~  — 10.7 ᠭᠷᠠᠲᠦ᠋ᠰ᠂ 7 ᠰᠠᠷ᠎ᠠ ᠶᠢᠨ ᠲᠡᠭᠰᠢᠳᠭᠡᠭᠰᠡᠨ ᠠᠭᠠᠷ ᠤᠨ ᠲᠤᠯᠠᠭᠠᠨ ᠨᠢ 23.5 ~ 28.1 ᠭᠷᠠᠲᠦ᠋ᠰ᠃ ᠵᠢᠯ ᠤᠨ ᠲᠤᠨᠤᠳᠠᠰᠤᠨ ᠤ ᠭᠡᠮᠵᠢᠶ᠎ᠠ ᠨᠢ 32.8 ~ 208.1 ᠮᠢᠯᠢᠮᠧᠲᠷ᠃ ᠵᠢᠯ ᠤᠨ ᠠᠭᠤᠷᠰᠢᠯᠳᠠ ᠶᠢᠨ ᠭᠡᠮᠵᠢᠶ᠎ᠠ ᠨᠢ 1555.7 ~ 2808.5 ᠮᠢᠯᠢᠮᠧᠲᠷ᠃ ᠵᠢᠯ ᠤᠨ ᠬᠢᠷᠠᠭᠤ ᠦᠭᠡᠢ ᠬᠤᠭᠤᠴᠠᠭ᠎ᠠ  ᠨᠢ 143 ~174 ᠡᠲᠤᠷ᠃ ᠵᠢᠯ ᠤᠨ ᠨᠠᠷᠠᠨ ᠤ ᠲᠤᠰᠦᠯᠳᠠ ᠶᠢᠨ ᠴᠠᠭ ᠤᠨ ᠲᠤᠭ᠎ᠠ ᠨᠢ 2977 ~3369 ᠴᠠᠭ᠃ ᠵᠢᠯ ᠤᠨ ᠲᠡᠭᠰᠢᠳᠭᠡᠭᠰᠡᠨ ᠰᠠᠯᠬᠢᠨ ᠤ ᠬᠤᠷᠲᠤᠴᠠ ᠨᠢ 2.8 ~ 4.7 ᠮᠧᠲᠷ/ ᠰᠧᠺᠦ᠋ᠨ᠋ᠳ᠋᠃ ᠠᠯᠠᠱᠨ ᠠᠶᠢᠮᠠᠭ ᠤᠨ ᠬᠤᠶᠢᠲᠤ ᠭᠡᠰᠡᠭ ᠢᠶᠠᠷ ᠪᠠᠷᠠᠭᠤᠨ ᠠᠴᠠ ᠰᠠᠯᠬᠢᠯᠠᠬᠤ ᠨᠢ ᠢᠯᠡᠬᠦᠦ ᠪᠠᠶᠢᠵᠦ᠂ ᠡᠮᠤᠨ᠎ᠠ ᠭᠡᠰᠡᠭ ᠲᠤ ᠵᠡᠬᠦᠨ ᠡᠮᠤᠨ᠎ᠠ ᠠᠴᠠ ᠢᠯᠡᠬᠦᠦ ᠰᠠᠯᠬᠢᠯᠠᠳᠠᠭ᠃
 
ᠢᠷᠡᠯᠲᠡ᠄ ᠠᠯᠠᠱᠠ ᠠᠶᠢᠮᠠᠭ ᠤᠨ ᠵᠠᠬᠢᠷᠭ᠎ᠠ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号