ᠠᠷᠠᠳ ᠤᠨ ᠳᠠᠭᠤᠤ ᠪᠠᠷ ᠠᠮᠢᠰᠬᠤᠭᠰᠠᠨ ᠮᠣᠩᠭᠤᠯ ᠰᠣᠶᠣᠯ ᠤᠨ ᠭᠡᠷᠡᠯᠲᠦ ᠰᠤᠪᠤᠳ
ᠨᠡᠶᠢᠲᠡᠯᠡᠭᠰᠡᠨ ᠴᠠᠭ᠄
2019/11/19
         ᠳᠦᠷᠡᠯᠵᠡᠭᠰᠡᠨ ᠭᠠᠯ ᠤᠨ ᠴᠤᠴᠠᠷᠬᠠᠢ᠂ ᠳᠥᠷᠪᠡᠨ ᠣᠶᠢᠷᠠᠳ ᠤᠨ ᠲᠠᠰᠤᠷᠬᠠᠢ᠂ ᠲᠠᠩᠰᠤᠭ ᠪᠠᠶᠠᠨ ᠡᠬᠡ ᠰᠣᠶᠣᠯ ᠤᠨ ᠢᠶᠠᠨ ᠭᠤᠯᠣᠮᠲᠠ ᠶᠢ ᠦᠶ᠎ᠡ ᠶᠢᠨ ᠦᠶ᠎ᠡ ᠪᠠᠷ ᠴᠠᠬᠢᠵᠤ ᠶᠠᠪᠤᠭᠰᠠᠨ ᠠᠯᠠᠱᠠ ᠮᠣᠩᠭᠤᠯᠴᠤᠳ᠂ ᠵᠠᠭᠤᠨ ᠵᠠᠭᠤᠨ ᠣᠨ ᠢᠶᠠᠷ ᠤᠯᠠᠮᠵᠢᠯᠠᠭᠳᠠᠨ ᠳᠠᠭᠤᠯᠠᠭᠳᠠᠵᠤ ᠢᠷᠡᠭᠰᠡᠨ ᠠᠷᠠᠳ ᠤᠨ ᠳᠠᠭᠤᠤ ᠪᠠᠨ ᠣᠷᠣᠢ ᠶᠢᠨ ᠰᠢᠲᠦᠭᠡᠨ ᠪᠣᠯᠭᠠᠨ ᠣᠶᠣᠨ ᠰᠠᠨᠠᠭᠠᠨ ᠳᠠᠭᠠᠨ ᠳᠡᠭᠡᠳᠦᠯᠡᠭᠰᠡᠭᠡᠷ ᠢᠷᠡᠭᠰᠡᠨ ᠪᠥᠯᠥᠭᠡ᠃ ᠴᠠᠭᠯᠠᠰᠢ ᠦᠭᠡᠢ ᠴᠠᠳᠢᠭ ᠲᠡᠦᠬᠡᠲᠦ ᠠᠷᠠᠳ ᠤᠨ ᠳᠠᠭᠤᠤ ᠪᠣᠯᠪᠠᠰᠤ ᠤᠨᠳᠤᠷᠬᠤ ᠪᠤᠯᠠᠭ ᠮᠡᠲᠦ ᠣᠷᠭᠢᠯᠤᠨ ᠪᠠᠳᠠᠷᠠᠭᠰᠠᠨ ᠡᠬᠡ ᠪᠠᠶᠢᠭᠠᠯᠢ ᠶᠢᠨ ᠰᠢᠷᠤᠩᠬᠠᠢ ᠪᠤᠶᠤ᠃ ᠡᠨᠡ ᠰᠠᠶᠢᠬᠠᠨ ᠰᠣᠩᠭᠤᠳᠠᠭ ᠤᠷᠠᠯᠢᠭ ᠢᠶᠠᠨ ᠣᠨ ᠵᠢᠯ ᠤᠨ ᠳᠠᠷᠤᠮᠳᠠᠭᠰᠠᠨ ᠲᠣᠭᠤᠰᠣᠨ ᠳᠤ ᠪᠤᠯᠠᠭᠳᠠᠭᠤᠯᠵᠤ ᠤᠷᠬᠢᠭ᠎ᠠ ᠦᠭᠡᠢ ᠪᠠᠷ ᠦᠶ᠎ᠡ ᠦᠶ᠎ᠡ ᠶᠢᠨ ᠤᠷᠠᠯᠢᠭ ᠤᠨ ᠵᠢᠳᠬᠦᠯᠲᠡᠨ ᠮᠠᠨᠢ ᠬᠦᠴᠦ ᠣᠶᠣᠨ ᠢᠶᠠᠨ ᠰᠢᠪᠬᠠᠵᠤ ᠢᠷᠡᠭᠰᠡᠨ ᠪᠢᠯᠡ᠃ ᠲᠡᠭᠦᠨ ᠤ ᠨᠢᠭᠡ ᠨᠢ ᠠᠯᠠᠱᠠ ᠵᠡᠭᠦᠨ ᠬᠤᠰᠢᠭᠤᠨ ᠤ ᠤᠯᠠᠨᠪᠤᠯᠠᠭ ᠪᠠᠯᠭᠠᠰᠤᠨ ᠤ ᠴᠠᠭᠠᠨᠳᠡᠷᠡᠰᠦ ᠭᠠᠴᠡᠭᠠᠨ ᠤ ᠵᠢᠷ ᠤᠨ ᠨᠢᠭᠡᠨ ᠮᠠᠯᠴᠢᠨ ᠰᠤᠪᠤᠳ ᠪᠣᠯᠣᠨ᠎ᠠ᠃          ᠨᠠᠰᠤᠨ ᠰᠡᠭᠦᠳᠡᠷ ᠨᠠᠶᠠ ᠶᠢᠨ ᠳᠠᠪᠠᠭ᠎ᠠ ᠶᠢ ᠳᠠᠪᠠᠭᠰᠠᠨ ᠪᠣᠯᠪᠠᠴᠤ ᠣᠢ ᠤᠬᠠᠭᠠᠨ ᠰᠠᠷᠠᠭᠤᠯᠬᠠᠨ᠂ ᠬᠡᠭᠦᠳᠡᠭ ᠴᠡᠭᠡᠵᠢᠨ ᠠᠴᠠ ᠨᠢ ᠠᠷᠠᠳ ᠤᠨ ᠲᠠᠭᠤᠤ ᠶᠢᠨ ᠦᠨᠦᠷ ᠬᠠᠩᠬᠤᠯᠬᠤ ᠠᠵᠢ᠃ ᠰᠣᠨᠣᠰᠤᠯᠲᠠ ᠪᠠᠷ ᠰᠤᠪᠤᠳ ᠨᠠᠰᠤᠲᠠᠨ ᠤ ᠴᠡᠭᠡᠵᠢᠨ ᠳᠤ ᠲᠠᠪᠤᠨ ᠵᠠᠭᠤ ᠢᠯᠡᠭᠦᠦ ᠠᠷᠠᠳ ᠤᠨ ᠳᠠᠭᠤᠤ ᠬᠠᠯᠭᠢᠵᠤ ᠪᠠᠶᠢᠳᠠᠭ ᠭᠡᠨᠡᠮ᠃ ᠲᠡᠷᠡ ᠮᠠᠨᠢ ᠡᠴᠢᠭᠡ ᠳᠡᠭᠡᠳᠦ ᠠᠴᠠ ᠰᠣᠶᠣᠷᠬᠠᠭᠰᠠᠨ ᠠᠷᠠᠳ ᠤᠨ ᠳᠠᠭᠤᠤ ᠪᠠᠨ ᠬᠦᠢᠪᠦᠷᠢ ᠨᠤᠲᠤᠭ ᠲᠠᠭᠠᠨ ᠬᠠᠩᠭᠢᠨᠠᠭᠤᠯᠵᠤ ᠶᠠᠪᠤᠭᠰᠠᠨ ᠨᠤᠲᠤᠭ ᠤᠰᠤᠨ ᠳᠠᠭᠠᠨ ᠨᠡᠷ᠎ᠡ ᠬᠦᠨᠳᠦᠲᠡᠢ ᠠᠷᠠᠳ ᠤᠨ ᠨᠢᠭᠡᠨ ᠳᠠᠭᠤᠴᠢᠨ ᠶᠤᠮᠰᠠᠨ᠃ ᠲᠡᠷᠡ ᠮᠠᠨᠢ ᠠᠷᠪᠠᠨ ᠬᠡᠳᠦᠲᠡᠢ ᠠᠴᠠ ᠪᠠᠨ ᠡᠬᠢᠯᠡᠨ ᠲᠠᠭᠤᠤ ᠳᠤ ᠬᠤᠷᠣᠬᠠᠢ ᠲᠠᠢ ᠪᠣᠯᠵᠤ ᠠᠪᠤ ᠡᠵᠢ ᠨᠤᠲᠤᠭ ᠤᠨ ᠠᠬᠠᠮᠠᠳ ᠲᠣᠮᠣᠭᠠᠲᠠᠳ ᠢᠶᠠᠨ ᠬᠤᠷᠭᠤᠭᠠᠨ ᠰᠤᠷᠴᠤ ᠴᠡᠭᠡᠵᠢᠯᠡᠨ᠂ ᠠᠷᠠᠳ ᠤᠨ ᠲᠠᠭᠤᠤ ᠠᠴᠠ ᠪᠠᠨ ᠠᠮᠢᠳᠤᠷᠠᠯ ᠤᠨ ᠤᠬᠠᠭᠠᠨ ᠢ ᠬᠦᠷᠲᠡᠵᠦ᠂ ᠠᠷᠠᠳ ᠤᠨ ᠳᠠᠭᠤᠤ ᠪᠠᠨ ᠳᠠᠭᠤᠯᠠᠭᠰᠠᠭᠠᠷ ᠥᠨᠥ ᠳᠤ ᠬᠦᠷᠦᠭᠰᠡᠨ ᠪᠠᠶᠢᠨ᠎ᠠ᠃ ᠶᠡᠷᠦ ᠨᠢ ᠪᠠᠭ᠎ᠠ ᠠᠴᠠ ᠪᠠᠨ ᠴᠡᠭᠡᠵᠢ ᠰᠠᠶᠢᠲᠠᠢ ᠠᠴᠠ ᠶᠤᠮ ᠤᠤ︖ ᠬᠥᠮᠥᠨ ᠤ ᠳᠠᠭᠤᠯᠠᠬᠤ ᠶᠢ ᠰᠣᠨᠣᠰᠤᠭᠰᠠᠭᠠᠷ ᠯᠡ ᠲᠠᠭᠤᠤ ᠶᠢᠨ ᠦᠭᠡ ᠶᠢ ᠨᠢ ᠲᠣᠭᠲᠠᠭᠠᠴᠢᠬᠠᠳᠠᠭ ᠪᠠᠶᠢᠨ᠎ᠠ᠃ ᠲᠡᠷᠡ ᠮᠦᠷᠳᠡᠭᠡᠨ ᠳᠠᠭᠤᠤ ᠶᠢ ᠭᠦᠢᠴᠡᠳ ᠰᠤᠷᠬᠤ ᠶᠢ ᠶᠡᠭᠡ ᠴᠢᠬᠤᠯᠠᠴᠢᠯᠠᠳᠠᠭ ᠭᠡᠨ᠎ᠡ᠃ ᠤᠴᠢᠷ ᠨᠢ ᠲᠡᠷᠡ ᠪᠣᠯ ᠥᠪ ᠰᠣᠶᠣᠯ ᠪᠠᠶᠢᠵᠤ ᠲᠠᠭᠠᠷᠠᠨ᠎ᠠ᠃ ᠥᠪ ᠰᠣᠶᠣᠯ ᠢᠶᠠᠨ ᠭᠦᠢᠴᠡᠳ ᠵᠥᠪ ᠢᠶᠠᠷ ᠤᠯᠠᠮᠵᠢᠯᠠᠬᠤ ᠨᠢ ᠨᠢᠭᠡ ᠵᠦᠢᠯ ᠤᠨ ᠵᠠᠶᠢᠯᠠᠭᠤᠯᠵᠤ ᠪᠣᠯᠤᠰᠢ ᠦᠭᠡᠢ ᠬᠠᠷᠢᠭᠤᠴᠠᠯᠭ᠎ᠠ ᠪᠢᠯᠡ᠃ ᠲᠡᠭᠡᠵᠦ ᠰᠠᠨᠠᠳᠠᠭ ᠤᠨ ᠬᠢᠨᠢ ᠤᠴᠢᠷ ᠤᠳᠬ᠎ᠠ ᠪᠠᠷ᠂ 2016 ᠣᠨ ᠳᠤ ᠥᠪᠡᠷ ᠤᠨ ᠬᠠᠷᠠᠬᠠᠨ ᠪᠠᠭ᠎ᠠ ᠠᠴᠠ ᠪᠠᠨ ᠰᠤᠷᠴᠤ ᠴᠡᠭᠡᠵᠢᠯᠡᠭᠰᠡᠨ ᠵᠠᠭᠤᠨ ᠤᠷᠲᠤ ᠶᠢᠨ ᠳᠠᠭᠤᠤ ᠪᠣᠯᠤᠨ ᠨᠠᠶᠠᠨ ᠨᠢᠭᠡᠨ ᠪᠣᠭᠤᠨᠢ ᠳᠠᠭᠤᠤ ᠪᠠᠨ ᠳᠠᠭᠤᠯᠠᠨ ᠡᠮᠬᠢᠳᠬᠡᠵᠦ ᠦᠷ᠎ᠡ ᠬᠡᠦᠬᠡᠳ ᠤᠨ ᠢᠶᠠᠨ ᠬᠠᠪᠰᠤᠷᠤᠯᠭ᠎ᠠ ᠳᠣᠣᠷ᠎ᠠ᠂ ︽ᠰᠠᠶᠢᠬᠠᠨ ᠰᠠᠭᠯᠠᠭᠠᠷ ᠽᠠᠨᠳᠠ︾ ᠬᠡᠮᠡᠬᠦ ᠠᠷᠠᠳ ᠤᠨ ᠲᠠᠭᠤᠤ ᠶᠢᠨ ᠴᠣᠮᠤᠭ ᠢᠶᠠᠨ ᠬᠡᠪᠯᠡᠭᠦᠯᠦᠨ ᠲᠠᠷᠬᠠᠭᠠᠵᠤ ᠳᠠᠶᠠᠭᠠᠷ ᠤᠯᠠᠨ ᠤ ᠪᠠᠨ ᠰᠣᠨᠣᠰᠬᠤᠯᠠᠩ ᠳᠤ ᠬᠦᠷᠭᠡᠵᠦ᠂ ᠨᠤᠲᠤᠭ ᠤᠰᠤᠨ ᠪᠦᠬᠦᠢ ᠠᠯᠠᠱᠠ ᠲᠦᠮᠡᠨ ᠤ ᠪᠠᠨ ᠬᠦᠨᠳᠦᠳᠬᠡᠯ ᠪᠢᠰᠢᠷᠡᠯ ᠢ ᠶᠡᠬᠡᠳᠡ ᠬᠦᠷᠲᠡᠭᠰᠡᠨ ᠪᠠᠶᠢᠨ᠎ᠠ᠃ ᠣᠳᠣ ᠴᠤ ᠭᠡᠰᠡᠨ ᠲᠡᠭᠦᠨ ᠤ ᠬᠠᠵᠠᠭᠤ ᠳᠤ ᠬᠡᠳᠦᠨ ᠵᠠᠭᠤᠨ ᠳᠠᠭᠤᠤ ᠪᠠᠷ ᠪᠦᠷᠢᠯᠳᠦᠭᠰᠡᠨ ᠠᠷᠠᠳ ᠤᠨ ᠲᠠᠭᠤᠤ ᠶᠢᠨ ᠡᠮᠬᠢᠳᠬᠡᠯ ᠢᠶᠠᠨ ᠬᠡᠪᠯᠡᠯ ᠳᠤ ᠳᠡᠪᠰᠢᠭᠦᠯᠬᠦ ᠳᠤ ᠪᠡᠯᠡᠬᠡᠨ ᠪᠠᠶᠢᠨ᠎ᠠ᠃          ᠲᠠᠭᠤᠤ ᠶᠢᠨ ᠴᠣᠮᠤᠭ᠂ ᠨᠣᠮ ᠳᠡᠪᠲᠡᠷ ᠭᠠᠷᠭᠠᠵᠤ ᠪᠠᠶᠢᠭ᠎ᠠ ᠮᠠᠯᠴᠢᠨ ᠬᠥᠮᠥᠨ ᠪᠢᠳᠡᠨ ᠤ ᠬᠠᠵᠠᠭᠤ ᠳᠤ ᠵᠥᠩᠳᠡᠭᠡᠨ ᠬᠠᠷᠠᠭᠳᠠᠵᠤ ᠯᠡ ᠪᠠᠶᠢᠳᠠᠭ ᠪᠢᠰᠢ ᠤᠤ︖ ᠦᠨᠡᠨᠳᠡᠭᠡᠨ ᠲᠡᠳᠦᠢ ᠯᠡ ᠰᠣᠨᠢᠨ ᠤᠴᠢᠷ ᠪᠢᠰᠢ ᠰᠠᠨ᠃ ᠬᠠᠷᠢᠨ ᠨᠢᠭᠡ ᠡᠳᠦᠷ ᠴᠤ ᠰᠣᠶᠣᠯ ᠤᠨ ᠮᠥᠷ ᠢᠶᠠᠷ ᠵᠠᠮᠨᠠᠭ᠎ᠠ ᠦᠭᠡᠢ ᠬᠥᠮᠥᠨ ᠤ ᠬᠤᠪᠢ ᠳᠤ ᠲᠡᠷᠡ ᠪᠣᠯ ᠤᠶᠢᠭ᠎ᠠ ᠦᠭᠡᠢ ᠰᠡᠳᠬᠢᠯ ᠤᠨ ᠲᠡᠪᠴᠢᠶᠡᠷᠢ᠂ ᠰᠢᠨᠳᠠᠰᠤ ᠬᠠᠲᠠᠭᠤ ᠵᠣᠷᠢᠭ ᠪᠠᠶᠢᠵᠤ ᠯᠡ ᠲᠠᠭᠠᠷᠠᠨ᠎ᠠ᠃ ᠡᠨᠡ ᠨᠢ ᠲᠡᠭᠦᠨ ᠤ ᠪᠠᠭ᠎ᠠ ᠨᠠᠰᠤᠨ ᠤ ᠤᠴᠠᠷᠠᠯ ᠲᠣᠬᠢᠶᠠᠯᠳᠤᠯ ᠠᠴᠠ ᠶᠠᠭᠠᠬᠢᠭᠰᠠᠨ ᠴᠤ ᠰᠠᠯᠵᠤ ᠴᠢᠳᠠᠬᠤ ᠦᠭᠡᠢ ᠭᠡᠵᠦ ᠪᠢ ᠪᠣᠳᠣᠨᠠᠮ᠃ ᠬᠤᠪᠢ ᠵᠠᠶᠠᠭ᠎ᠠ ᠡᠨᠡ ᠬᠥᠮᠥᠨ ᠢᠶᠠᠷ ᠳᠡᠩᠳᠡᠭᠦᠦ ᠶᠡᠭᠡ ᠲᠣᠭᠯᠠᠭᠰᠠᠨ ᠴᠤ ᠰᠢᠤᠬᠠᠨ᠃ ᠵᠢᠷᠭᠤᠭᠠᠨ ᠨᠠᠰᠤᠲᠠᠢ ᠬᠡᠦᠬᠡᠨ ᠠᠶᠢᠯ ᠳᠠᠮᠵᠢᠨ ᠮᠠᠯ ᠬᠠᠷᠢᠭᠤᠯᠵᠤ ᠶᠠᠪᠤᠭᠰᠠᠨ ᠪᠠᠶᠢᠨ᠎ᠠ᠃ ᠬᠦᠢᠲᠡᠨ ᠬᠠᠯᠠᠭᠤᠨ ᠥᠯᠦᠰᠬᠦᠯᠡᠩ ᠵᠣᠪᠠᠯᠠᠩ ᠠᠴᠠ ᠡᠬᠢᠯᠡᠭᠡᠳ ᠦᠵᠡᠭᠡ ᠦᠭᠡᠢ ᠬᠠᠯᠠ ᠭᠡᠵᠦ ᠲᠡᠭᠦᠨ ᠳᠤ ᠠᠯᠠᠭ᠎ᠠ᠃ ᠬᠠᠯᠠ ᠦᠵᠡᠵᠦ ᠬᠠᠯᠠᠭᠤᠨ ᠴᠢᠯᠠᠭᠤ ᠳᠣᠯᠢᠶᠠᠵᠤ ᠶᠠᠪᠤᠭᠰᠠᠨ ᠠᠮᠢᠳᠤᠷᠠᠯ ᠨᠢ ᠲᠡᠭᠦᠨ ᠢ ᠬᠠᠲᠠᠭᠤᠵᠢᠨ ᠪᠣᠯᠪᠠᠰᠤᠷᠠᠭᠤᠯᠵᠤ ᠨᠤᠭᠤᠷᠠᠰᠢ ᠦᠭᠡᠢ ᠬᠠᠲᠠᠭᠤ ᠵᠣᠷᠢᠭ ᠢ ᠥᠭᠭᠦᠭᠰᠡᠨ ᠬᠡᠯᠲᠡᠢ᠃ ᠡᠶᠢᠮᠦᠷᠬᠦ ᠠᠮᠢᠳᠤᠷᠠᠯ ᠳᠤ ᠥᠰᠦᠭᠰᠡᠨ ᠲᠡᠭᠦᠨ ᠳᠤ ᠪᠢᠴᠢᠭ ᠨᠣᠮ ᠲᠠᠢ ᠨᠥᠬᠦᠷᠯᠡᠬᠦ ᠵᠠᠪᠰᠢᠶᠠᠨ ᠶᠠᠭ ᠪᠠᠶᠢᠭ᠎ᠠ ᠦᠭᠡᠢ᠃ ᠭᠡᠪᠡᠴᠦ ᠣᠳᠣ ᠲᠡᠷᠡ ᠬᠠᠷᠢᠨ ᠰᠣᠨᠢᠨ ᠰᠡᠳᠬᠦᠯ ᠨᠣᠮ ᠵᠣᠬᠢᠶᠠᠯ ᠢ ᠬᠡᠨ ᠠᠴᠠ ᠴᠤ ᠳᠣᠣᠷ᠎ᠠ ᠦᠭᠡᠢ ᠦᠵᠡᠴᠢᠬᠡᠳᠡᠭ ᠨᠢᠭᠡᠨ ᠪᠤᠶᠤ᠃ ᠬᠥᠮᠥᠨ ᠨᠢᠭᠡ ᠨᠠᠰᠤᠨ ᠳᠠᠭᠠᠨ ᠤᠯᠠᠨ ᠠᠷᠪᠢᠨ ᠭᠡᠨᠡᠳᠲᠡ ᠶᠢᠨ ᠲᠣᠬᠢᠶᠠᠯᠳᠤᠯ ᠲᠠᠢ ᠤᠴᠠᠷᠠᠳᠠᠭ ᠨᠢ ᠮᠡᠳᠡᠭᠡᠵᠢ᠃ ᠬᠠᠶᠠ ᠵᠠᠷᠢᠮ ᠨᠢᠭᠡ ᠨᠢ ᠨᠢᠭᠡ ᠨᠠᠰᠤ ᠶᠢ ᠨᠢ ᠨᠥᠯᠥᠭᠡᠯᠡᠳᠡᠭ ᠪᠠᠶᠢᠨ᠎ᠠ᠃          ᠰᠤᠪᠤᠳ ᠨᠠᠰᠤᠲᠠᠨ ᠢ ᠬᠤᠷᠢ ᠭᠠᠷᠴᠦ ᠪᠠᠶᠢᠬᠤ ᠳᠤ ᠨᠢᠭᠡ ᠤᠳᠠᠭ᠎ᠠ ᠬᠤᠰᠢᠭᠤᠨ ᠠᠴᠠ ᠬᠥᠳᠡᠭᠡ ᠳᠤ ᠭᠤᠷᠪᠠᠨ ᠰᠠᠷ᠎ᠠ ᠶᠢᠨ ᠬᠤᠭᠤᠴᠠᠭ᠎ᠠ ᠲᠠᠢ ᠰᠢᠨ᠎ᠡ ᠮᠣᠩᠭᠤᠯ ᠦᠰᠦᠭ ᠵᠢᠭᠠᠬᠤ ᠪᠣᠯᠪᠠᠰᠤᠷᠠᠯ ᠤᠨ ᠠᠩᠭᠢ ᠶᠢ ᠡᠷᠬᠢᠯᠡᠵᠡᠢ᠃ ᠶᠡᠷᠦ ᠠᠴᠠ ᠨᠣᠮ ᠰᠤᠳᠤᠷ ᠲᠠᠢ ᠣᠶᠢᠷᠠᠳᠴᠤ ᠦᠵᠡᠭᠡ ᠦᠭᠡᠢ ᠲᠡᠭᠦᠨ ᠤ ᠰᠣᠨᠢᠭᠤᠴᠢ ᠰᠡᠳᠬᠢᠯ ᠢ ᠨᠢ ᠲᠠᠲᠠᠵᠤ ᠨᠡᠷ᠎ᠡ ᠪᠠᠨ ᠮᠡᠳᠡᠭᠦᠯᠦᠨ ᠪᠣᠯᠪᠠᠰᠤᠷᠠᠯ ᠤᠨ ᠠᠩᠭᠢ ᠳᠤᠨᠢ ᠣᠷᠣᠯᠴᠠᠭᠰᠠᠨ ᠪᠠᠶᠢᠨ᠎ᠠ᠃ ᠶᠠᠭᠤᠮ᠎ᠠ ᠰᠤᠷᠤᠶ᠎ᠠ ᠭᠡᠰᠡᠨ ᠬᠥᠮᠥᠨ ᠤ ᠬᠤᠪᠢ ᠳᠤ ᠭᠤᠷᠪᠠᠨ ᠰᠠᠷ᠎ᠠ ᠶᠢᠨ ᠬᠤᠭᠤᠴᠠᠭ᠎ᠠ ᠭᠡᠳᠡᠭ ᠦᠨᠡᠨᠳᠡᠭᠡᠨ ᠨᠢᠳᠦ ᠢᠷᠮᠡᠬᠦ ᠶᠢᠨ ᠯᠡ ᠲᠡᠳᠦᠢ ᠥᠩᠭᠡᠷᠡᠬᠦ ᠬᠤᠷᠤᠮ᠃ ᠪᠠᠴᠢᠮ ᠶᠠᠭᠠᠷᠠᠯᠲᠠᠢ ᠠᠮᠢᠳᠤᠷᠠᠯ ᠨᠢᠭᠡ ᠮᠡᠳᠡᠬᠦᠨ᠎ᠡ ᠥᠩᠭᠡᠷᠡᠨ ᠣᠳᠪᠠ᠃ ᠬᠡᠳᠦ᠋ᠢᠪᠡᠷ ᠡᠨᠡ ᠲᠡᠷᠡ ᠶᠢ ᠰᠤᠷᠤᠯ᠎ᠠ ᠭᠡᠵᠦ ᠥᠷᠥᠭᠡᠯ ᠤᠨ ᠡᠮᠦᠨ᠎ᠡ ᠬᠡᠯᠡᠭᠡᠳ ᠭᠠᠷᠭᠠᠴᠢᠬᠠᠮᠠᠷ ᠶᠠᠭᠤᠮ᠎ᠠ ᠲᠤᠩ ᠬᠤᠮᠰᠠᠬᠠᠨ ᠪᠠᠶᠢᠭᠰᠠᠨ ᠴᠤ ᠡᠨᠡ ᠭᠤᠷᠪᠠᠨ ᠰᠠᠷ᠎ᠠ ᠶᠢᠨ ᠪᠣᠯᠪᠠᠰᠤᠷᠠᠯ ᠨᠢ ᠲᠡᠭᠦᠨ ᠢ ᠰᠤᠷᠤᠯᠴᠠᠬᠤ ᠵᠠᠮ ᠳᠤ ᠲᠠᠲᠠᠨ ᠣᠷᠣᠭᠤᠯᠤᠭᠰᠠᠨ ᠪᠠᠶᠢᠨ᠎ᠠ᠃ ᠪᠣᠯᠪᠠᠰᠤᠷᠠᠯ ᠢᠶᠠᠷ ᠳᠠᠮᠵᠢᠨ ᠲᠡᠷᠡ ᠮᠠᠨᠢ ᠰᠢᠨ᠎ᠡ ᠮᠣᠩᠭᠤᠯ ᠥᠰᠥᠭ ᠤᠨ ᠴᠠᠭᠠᠨ ᠲᠣᠯᠣᠭᠠᠢ ᠶᠢ ᠰᠤᠷᠤᠭᠰᠠᠨ ᠢᠶᠠᠷ ᠪᠠᠷᠠᠬᠤ ᠦᠭᠡᠢ᠂ ᠤᠶᠢᠭᠤᠷᠵᠢᠨ ᠮᠣᠩᠭᠤᠯ ᠴᠠᠭᠠᠨ ᠲᠣᠯᠣᠭᠠᠢ ᠶᠢ ᠴᠤ ᠨᠡᠯᠢᠶᠡᠳ ᠡᠵᠡᠮᠰᠢᠵᠦ ᠳᠥᠭᠦᠮᠬᠡᠨ ᠠᠮᠤᠷ ᠮᠡᠨᠳᠦ ᠠᠰᠠᠭᠤᠬᠤ ᠵᠠᠬᠢᠳᠠᠯ ᠴᠢᠮᠡᠭᠡ ᠪᠢᠴᠢᠬᠦ᠂ ᠠᠯᠢ ᠡᠰᠡᠬᠦᠯ᠎ᠡ ᠬᠡᠨ ᠨᠢᠭᠡᠨ ᠳᠤᠨᠢ ᠢᠷᠡᠭᠰᠡᠨ ᠵᠠᠬᠢᠳᠠᠯ ᠢ ᠨᠢ ᠤᠩᠰᠢᠵᠤ ᠥᠭᠬᠦ ᠵᠡᠷᠭᠡ ᠶᠢ ᠠᠷᠭᠠᠯᠠᠴᠢᠬᠠᠳᠠᠭ ᠪᠣᠯᠣᠭᠰᠠᠨ ᠪᠠᠶᠢᠨ᠎ᠠ᠃ ᠭᠡᠬᠦ ᠳᠡᠭᠡᠨ ᠵᠢᠩᠬᠢᠨᠢ ᠨᠣᠮ ᠪᠠᠷᠢᠭᠠᠳ ᠤᠩᠰᠢᠬᠤ ᠳᠤ ᠠᠷᠠᠢ ᠪᠣᠯᠵᠤ ᠥᠭᠬᠦ ᠦᠭᠡᠢ ᠪᠠᠶᠢᠵᠠᠢ᠃ ︽ᠨᠣᠮ ᠲᠠᠢ ᠪᠦᠬᠦᠨ ᠮᠢᠨᠦ ᠪᠠᠭᠰᠢ︾ ᠭᠡᠳᠡᠭ ᠵᠣᠷᠢᠭ ᠢ ᠪᠠᠷᠢᠵᠤ ᠠᠭᠤᠯᠵᠠᠵᠤ ᠲᠠᠭᠠᠷᠠᠯᠳᠤᠭᠰᠠᠨ ᠬᠥᠮᠥᠨ ᠪᠣᠯᠭᠠᠨ ᠠᠴᠠ ᠱᠠᠯᠠᠵᠤ ᠰᠤᠷᠳᠠᠭ ᠪᠠᠶᠢᠨ᠎ᠠ᠃ ᠠᠯᠭᠤᠷ ᠠᠭᠤᠵᠢᠮ ᠳᠠᠭᠠᠨ ᠲᠡᠷᠡ ᠮᠠᠨᠢ ᠨᠣᠮ ᠤᠩᠰᠢᠬᠤ ᠳᠤ ᠬᠤᠷᠣᠬᠠᠢ ᠲᠠᠢ ᠪᠣᠯᠵᠤ ᠴᠠᠭ ᠵᠠᠪ ᠭᠠᠷᠪᠠᠯ ᠨᠣᠮ ᠤᠨ ᠬᠠᠭᠤᠳᠠᠰᠤ ᠰᠡᠬᠦᠵᠦ ᠰᠠᠭᠤᠳᠠᠭ ᠪᠠᠶᠢᠨ᠎ᠠ᠃ ᠢᠩᠭᠢᠭᠡᠳ ᠨᠡᠯᠢᠶᠡᠳ ᠪᠢᠴᠢᠭ ᠲᠠᠢ ᠪᠣᠯᠵᠤ ᠪᠤᠰᠤᠳ ᠠᠴᠠ ᠰᠣᠨᠣᠰᠤᠭᠰᠠᠨ ᠳᠠᠭᠤᠤ ᠪᠠᠨ ᠲᠡᠮᠳᠡᠭᠯᠡᠵᠦ ᠠᠪᠬᠤ ᠴᠢᠳᠠᠯ ᠲᠠᠢ ᠪᠣᠯᠵᠠᠢ᠃ ᠲᠡᠷᠡ ᠮᠠᠨᠢ ᠵᠥᠪᠬᠡᠨ ᠳᠡᠪᠲᠡᠷ ᠲᠡᠭᠡᠨ ᠲᠡᠮᠳᠡᠭᠯᠡᠭᠡᠳ ᠯᠡ ᠣᠷᠬᠢᠬᠤ ᠪᠢᠰᠢ ᠬᠠᠷᠢᠨ ᠲᠡᠭᠦᠨ ᠢ ᠪᠠᠨ ᠵᠠᠪᠠᠯ ᠲᠠᠷᠢᠬᠢᠨ ᠳᠠᠭᠠᠨ ᠰᠢᠩᠭᠡᠭᠡᠳᠡᠭ ᠪᠠᠶᠢᠨ᠎ᠠ᠃ ᠡᠨᠡ ᠨᠢ ᠶᠠᠪᠤᠭᠠᠨ ᠳᠠᠭᠠᠨ ᠨᠢᠭᠡ ᠵᠦᠢᠯ ᠤᠨ ᠵᠠᠩᠰᠢᠯ ᠪᠣᠯᠣᠭᠰᠠᠨ ᠠᠵᠢ᠃ ᠣᠳᠣ ᠲᠡᠭᠦᠨ ᠤ ᠴᠡᠭᠡᠵᠢᠨ ᠳᠤ ᠲᠠᠪᠤᠨ ᠵᠠᠭᠤ ᠢᠯᠡᠭᠦᠦ ᠳᠠᠭᠤᠤ ᠬᠠᠳᠠᠭᠠᠯᠠᠭᠠᠲᠠᠢ ᠪᠠᠶᠢᠭ᠎ᠠ ᠶᠢᠨ ᠭᠤᠣᠯ ᠰᠢᠯᠲᠠᠭᠠᠨ ᠨᠢ ᠪᠠᠷᠢᠮᠲᠠᠯᠠᠯ ᠭᠡᠭᠴᠢ ᠪᠤᠶᠤ᠃ ᠶᠠᠷᠢᠶᠠᠨ ᠦᠭᠡᠢ ᠬᠥᠮᠥᠨ ᠨᠠᠰᠤ ᠶᠠᠪᠤᠬᠤ ᠶᠢ ᠳᠠᠭᠠᠯᠳᠤᠨ ᠤᠬᠠᠭᠠᠨ ᠰᠠᠨᠠᠭ᠎ᠠ ᠵᠠᠯᠠᠭᠤ ᠨᠠᠰᠤ ᠪᠠᠨ ᠬᠦᠷᠬᠦ ᠪᠠᠨ ᠪᠠᠶᠢᠳᠠᠭ ᠨᠢ ᠣᠷᠣ ᠲᠠᠢ᠃ ᠰᠤᠪᠤᠳ ᠨᠠᠰᠤᠲᠠᠨ ᠦᠷ᠎ᠡ ᠬᠡᠦᠬᠡᠳ ᠤᠨ ᠢᠶᠠᠨ ᠰᠠᠨᠠᠭᠠᠴᠢᠯᠠᠭ᠎ᠠ ᠳᠣᠣᠷ᠎ᠠ ᠥᠪᠡᠷ ᠤᠨ ᠨᠠᠰᠤᠨ ᠲᠤᠷᠰᠢᠳᠠ ᠬᠤᠷᠠᠮᠳᠤᠭᠤᠯᠵᠤ ᠢᠷᠡᠭᠰᠡᠨ ᠥᠪ ᠢᠶᠠᠨ ᠬᠤᠶᠢᠴᠢ ᠦᠶ᠎ᠡ ᠳᠡᠭᠡᠨ ᠦᠯᠡᠳᠡᠭᠡᠬᠦ ᠬᠡᠮᠡᠨ ᠴᠣᠮᠤᠭ ᠭᠠᠷᠭᠠᠭᠰᠠᠨ ᠪᠠᠶᠢᠨ᠎ᠠ᠃ ᠡᠨᠡ ᠪᠣᠯ ︽ᠮᠣᠩᠭᠤᠯ ᠰᠣᠶᠣᠯ ᠤᠨ ᠮᠠᠨᠢ ᠭᠠᠯ ᠭᠤᠯᠣᠮᠲᠠ ᠥᠨᠢᠳᠡ ᠪᠠᠳᠠᠷᠠᠲᠤᠭᠠᠢ︾ ᠭᠡᠰᠡᠨ ᠰᠣᠶᠣᠯ ᠳᠠᠭᠠᠨ ᠬᠠᠶᠢᠷᠠᠲᠠᠢ ᠨᠢᠭᠡᠨ ᠠᠬᠠᠮᠠᠳ ᠲᠣᠮᠣᠭᠠᠲᠠᠳ ᠤᠨ ᠦᠷ᠎ᠡ ᠬᠤᠶᠢᠴᠢᠰ ᠲᠠᠭᠠᠨ ᠦᠯᠡᠳᠡᠭᠡᠬᠦ ᠬᠠᠮᠤᠭ ᠤᠨ ᠨᠠᠨᠳᠢᠨ ᠬᠥᠷᠥᠩᠭᠡ ᠭᠡᠪᠡᠯ ᠠᠬᠠᠳᠠᠬᠤ ᠪᠠᠷ ᠦᠭᠡᠢ ᠪᠢᠵᠡ᠃          ᠮᠣᠩᠭᠤᠯ ᠰᠣᠶᠣᠯ ᠮᠠᠨᠢ ᠬᠡᠴᠢᠨᠡᠨ ᠵᠠᠭᠤᠨ ᠵᠢᠯ ᠢᠶᠠᠷ ᠢᠩᠭᠢᠵᠦ ᠦᠶ᠎ᠡ ᠳᠠᠮᠵᠢᠨ ᠤᠯᠠᠮᠵᠢᠯᠠᠭᠳᠠᠭᠰᠠᠭᠠᠷ ᠢᠷᠡᠭᠰᠡᠨ ᠲᠡᠦᠬᠡ ᠲᠠᠢ᠃ ᠡᠨᠡ ᠲᠡᠦᠬᠡ ᠶᠢᠨ ᠦᠷᠭᠦᠯᠵᠢᠯᠡᠯ ᠪᠣᠯ ᠭᠠᠷᠴᠠᠭ᠎ᠠ ᠦᠭᠡᠢ ᠬᠤᠶᠢᠴᠢ ᠦᠶ᠎ᠡ ᠨᠢ ᠪᠣᠯᠣᠭᠰᠠᠨ ᠲᠠ ᠪᠢᠳᠡ ᠮᠥᠨ᠃                                                         (ᠵᠣᠬᠢᠶᠠᠭᠴᠢ᠄ ᠪᠠᠭᠠᠨ᠎ᠠ)
 
ᠢᠷᠡᠯᠲᠡ᠄ ᠠᠯᠠᠱᠠ ᠶᠢᠨ ᠮᠣᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号