ᠵᠢᠵᠢᠭ ᠴᠠᠭᠠᠨ ᠬᠤᠷᠤᠳ ᠣᠯᠠᠨ ᠤᠯᠤᠰ ᠤᠨ ᠦᠵᠡᠰᠭᠦᠯᠠᠩ ᠳᠤ ᠳᠡᠯᠭᠡᠭᠳᠡᠪᠡ
ᠨᠡᠶᠢᠲᠡᠯᠡᠭᠰᠡᠨ ᠴᠠᠭ᠄
2018/9/5
     ᠵᠢᠷᠭᠤᠳᠤᠭᠠᠷ ᠬᠤᠭᠤᠴᠠᠭᠠᠨ ᠤ ᠲᠤᠮᠳᠠᠳᠤ ᠤᠯᠤᠰ— ᠠᠽᠢᠶ᠎ᠠ ᠡᠸᠦ᠋ᠷᠤᠫᠠ ᠣᠯᠠᠨ ᠤᠯᠤᠰ ᠤᠨ ᠦᠵᠡᠰᠭᠦᠯᠠᠩ ᠳᠤ ︽ᠶᠠᠳᠠᠭᠤ ᠶᠢ ᠲᠡᠳᠭᠦᠭᠦ ᠰᠢᠯᠢᠳᠡᠭ ᠰᠠᠶᠢᠨ ᠥᠷ᠎ᠠ ᠪᠥᠳᠥᠭᠡᠯ ᠤᠨ ᠲᠡᠯᠭᠡᠨ ᠦᠵᠡᠭᠦᠯᠦᠯᠭᠡ ᠶᠢᠨ ᠣᠷᠤᠨ︾ ᠭᠠᠷᠭᠠᠵᠤ᠂ ᠰᠢᠠᠵᠢᠶᠠᠩ   ᠤᠨ 13  ᠵᠸᠤ  ᠬᠤᠳᠠ   ᠶᠢᠨ ᠶᠠᠳᠠᠭᠤ   ᠶᠢ ᠲᠡᠳᠭᠦᠭᠰᠡᠨ108 ᠰᠢᠯᠢᠳᠡᠭ  ᠰᠠᠶᠢᠨ ᠵᠢᠱᠢᠶ᠎ᠡ   ᠶᠢ ᠰᠣᠩᠭᠤᠵᠥ ᠣᠷᠣᠯᠴᠠᠭᠤᠯᠪᠠ᠃  ᠦᠵᠡᠬᠦᠯᠦᠯᠬᠡ ᠳᠤ᠂ ᠬᠤᠪᠤᠭᠰᠠᠶᠢᠷᠢ ᠮᠣᠩᠭᠤᠯ ᠦᠪᠡᠷᠳᠡᠭᠡᠨ ᠵᠠᠰᠠᠬᠤ ᠰᠢᠶᠠᠨ ᠤ ᠬᠤᠤᠰᠲᠣᠯᠤᠭᠠᠢ  ᠪᠠᠯᠭᠠᠰᠤᠨ ᠤ ᠭᠥᠠᠳᠡᠯᠡᠨ ᠲᠣᠰᠬᠤᠨ ᠳᠤ ︽ᠠᠷᠠᠳ ᠤᠨ ᠪᠠᠶᠢᠳᠠᠯ ᠢ ᠦᠢᠯᠭᠠᠬᠤ᠂ ᠠᠷᠠᠳ ᠤᠨ ᠠᠮᠢᠳᠤᠷᠠᠯ ᠳᠤ ᠠᠰᠢᠭ ᠭᠥᠷᠳᠡᠭᠡᠭᠦ᠂ ᠠᠷᠠᠳ ᠤᠨ ᠰᠡᠳᠭᠢᠯ ᠢ ᠨᠢᠭᠳᠠᠷᠠᠭᠤᠯᠠᠬᠤ︾ ᠪᠠᠷ ᠠᠷᠠᠳ ᠤᠨ ᠰᠢᠭᠦᠭᠦ ᠬᠤᠷᠢᠶ᠎ᠠ ᠠᠴᠠ ᠲᠣᠰᠬᠤᠨ ᠳᠤ ᠰᠠᠭᠤᠭᠰᠠᠠ ᠠᠵᠢᠯ ᠤᠨ ᠠᠩᠭᠢ ᠬᠢᠨ  ᠤ ᠲᠣᠰᠬᠤᠨ ᠤ ᠠᠷᠠᠳ ᠢ ᠬᠠᠪᠰᠣᠷᠴᠣ ᠭᠢᠭᠰᠡᠨ ᠴᠠᠭᠠᠨ ᠢᠳᠡᠭᠡᠨ ᠲᠥᠷᠥᠯ ᠤᠨ ᠪᠥᠳᠥᠭᠡᠭᠳᠡᠭᠡᠨ ᠨᠢ ᠣᠠᠴᠠ ᠰᠠᠶᠢᠨ ᠢᠶᠠᠷ ᠦᠨᠡᠯᠡᠭᠳᠡᠵᠦ᠂ ᠣᠯᠠᠨ ᠤ ᠲᠠᠭᠠᠰᠢᠶᠠᠯ ᠢ ᠣᠯᠣᠭᠰᠠᠨ ᠪᠠᠶᠢᠨ᠎ᠠ᠃᠃                                         ᠵᠠᠩ ᠢ ᠮᠢᠨ ᠰᠡᠭᠦᠲᠡᠷᠯᠡᠵᠦ᠂ ᠠ᠊ · ᠪᠠᠭ᠋ᠠᠳᠭᠥ᠋ᠯ ᠮᠡᠳᠡᠭᠡᠯᠡᠪᠡ
 
ᠢᠷᠡᠯᠲᠡ᠄ ᠠᠷᠠᠳ ᠤᠨ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号