ᠠᠰᠢᠭᠯᠠᠵᠣ ᠴᠢᠳᠠᠪᠠᠯ ᠠᠷᠭᠠᠯ ᠭᠦᠷᠵᠡᠩ ᠴᠦ ᠡᠷᠳᠡᠨᠢ ᠪᠣᠯᠣᠨ᠎ᠠ
ᠨᠡᠶᠢᠲᠡᠯᠡᠭᠰᠡᠨ ᠴᠠᠭ᠄
2018/8/21
     ᠤᠶᠢᠷ᠎ᠠ ᠳᠤ ᠰᠢᠯᠢᠩᠬᠤᠳᠠ ᠶᠢᠨ ᠵᠠᠬ᠎ᠠ ᠵᠡᠬᠡᠯᠢ ᠳᠡᠬᠡᠬᠦᠷ ᠬᠦᠷᠵᠡᠩ ᠲᠡᠬᠡᠬᠡᠵᠤ ᠬᠤᠳᠠᠯᠳᠤᠵᠤ ᠪᠠᠶᠢᠭ᠎ᠠ ᠬᠥᠮᠥᠰ ᠴᠦᠬᠡᠨ ᠪᠤᠰᠤ ᠬᠠᠷᠠᠭᠳᠠᠬᠤ ᠪᠤᠯᠵᠠᠢ᠃ ᠨᠢᠬᠡ ᠳᠤᠨ ᠤ ᠬᠡᠮᠵᠢᠶ᠎ᠡ ᠲᠠᠢ ᠤᠩᠭᠤᠴᠠ ᠪᠠᠷ ᠳᠥᠬᠦᠷᠡᠩ ᠲᠡᠬᠡᠬᠡᠭᠰᠡᠨ ᠬᠦᠷᠵᠡᠩ ᠢᠶᠠᠨ 260 ᠲᠦᠬᠦᠷᠢᠭ ᠢᠶᠠᠷ ᠬᠤᠳᠠᠯᠳᠤᠨ᠎ᠠ ᠬᠡᠵᠤ ᠬᠠᠩᠰᠢᠯᠠᠵᠦ ᠪᠤᠢ᠃ ᠪᠠᠷᠤᠭᠯᠠᠪᠠᠯ ᠺᠢᠯᠦᠭᠷᠡᠮ ᠪᠦ᠋ᠷᠢ ᠳᠤ 26 ᠮᠦᠩᠬᠦ ᠨᠤᠭᠳᠠᠨ᠎ᠠ᠃ 5 ᠳᠤᠨ ᠤ ᠲᠡᠷᠬᠡ ᠪᠠᠷ ᠨᠢᠬᠡ ᠲᠡᠷᠬᠡ ᠬᠤᠳᠠᠯᠳᠤᠪᠠᠯ ᠪᠠᠷᠤᠭ 1300 ᠲᠦᠬᠦᠷᠢᠭ ᠤᠯᠴᠢᠬᠠᠨ᠎ᠠ᠃ ᠬᠦᠳᠡᠭᠡ ᠶᠢᠨ ᠨᠢᠬᠡ ᠮᠠᠯᠴᠢᠨ ᠤ ᠬᠡᠯᠡᠬᠦ ᠪᠠᠷ᠂ ᠤᠳᠤ ᠬᠦᠷᠵᠡᠩ ᠬᠤᠭ ᠢ ᠦᠪᠡᠰᠦᠪᠡᠨ ᠴᠡᠪᠡᠷᠯᠡᠬᠦ ᠬᠡᠷᠡᠭ ᠦᠬᠡᠢ ᠪᠤᠯᠵᠦ᠂ ᠬᠦᠮᠦᠨ ᠢᠷᠡᠵᠦ ᠬᠤᠷᠤᠭ᠎ᠠ ᠬᠠᠰᠢᠶ᠎ᠠ ᠶᠢ ᠴᠢᠨᠢ ᠠᠷᠢᠯᠭᠠᠵᠤ ᠴᠡᠪᠡᠷᠯᠡᠬᠡᠤᠨ ᠨᠢᠬᠡ ᠲᠡᠷᠬᠡ ᠬᠦᠷᠵᠡᠩ ᠳᠡᠭᠡᠭᠡᠪᠡᠯ 500 ᠲᠥᠬᠦᠷᠢᠭ ᠤᠨ ᠳᠤᠭᠠᠴᠠᠭ᠎ᠠ ᠦᠭᠳᠡᠭ ᠭᠡᠨ᠎ᠠ᠂ ᠴᠢᠨᠠᠭᠰᠢᠯᠠᠪᠠᠯ ᠵᠠᠷᠢᠮ ᠭᠠᠵᠠᠷ ᠤᠷᠤᠨ ᠳᠤ ᠮᠦᠩᠬᠦ ᠦᠭᠬᠦ ᠭᠡᠷᠡᠭ ᠦᠬᠡᠢ᠂ ᠰᠢᠭᠤᠳ ᠴᠡᠪᠡᠷᠯᠡᠵᠦ ᠦᠭᠬᠦᠬᠡᠳ ᠬᠤᠭ ᠢ ᠨᠢ ᠳᠡᠭᠡᠭᠡᠵᠦ ᠠᠪᠠᠴᠢᠪᠡᠯ ᠪᠤᠯᠴᠢᠬᠠᠳᠠᠭ᠃ ᠢᠩᠬᠢᠵᠦ ᠪᠤᠳᠤᠪᠠᠯ ᠰᠢᠯᠢᠩᠬᠤᠳᠠ ᠳᠤ ᠬᠤᠳᠠᠯᠳᠤᠵᠦ ᠪᠠᠶᠢᠭ᠎ᠠ ᠬᠦᠷᠵᠡᠩ ᠨᠢ ᠬᠤᠳᠠᠯᠳᠤᠬᠤ ᠦᠨ᠎ᠠ ᠶᠢᠨ ᠢᠶᠠᠨ 1/3 ᠤᠷᠴᠢᠮ ᠢᠶᠠᠷ ᠬᠤᠷᠢᠶᠠᠵᠦ ᠠᠪᠴᠤ ᠪᠠᠶᠢᠭ᠎ᠠ ᠠᠵᠢ᠃      ᠬᠦᠷᠵᠡᠩ ᠪᠤᠯ ᠮᠠᠰᠢ ᠰᠠᠶᠢᠨ ᠰᠢᠬᠢᠭ ᠪᠤᠷᠳᠤᠭᠤᠷ ᠪᠤᠯᠤᠨ᠎ᠠ᠂ ᠤᠳᠤᠬᠢ ᠬᠦᠮᠦᠰ ᠤᠯᠠᠮ ᠢᠶᠠᠷ ᠤᠷᠭᠠᠨᠢᠭ ᠪᠤᠬᠢᠷᠳᠤᠯ ᠦᠬᠡᠢ ᠨᠤᠭᠤᠭ᠎ᠠ ᠵᠢᠮᠢᠰ ᠡᠳ᠋ᠯᠡᠬᠦ ᠶᠢ ᠬᠦᠬᠡᠬᠡᠴᠡᠯᠳᠦᠵᠦ ᠪᠠᠶᠢᠭ᠎ᠠ ᠳᠤᠯᠠᠳᠠ ᠡᠶᠢᠮᠦᠷᠬᠦ ᠪᠤᠷᠳᠤᠭᠤᠷ ᠤᠷᠤᠭᠤᠯᠤᠭᠰᠠᠨ ᠨᠤᠭᠤᠭ᠎ᠠ ᠵᠢᠮᠢᠰ ᠨᠢ ᠶᠡᠭᠡ ᠬᠦᠷᠢᠶᠡᠯᠡᠭᠳᠡᠵᠦ ᠳᠠᠭᠠᠰᠢᠶᠠᠭᠳᠠᠳᠠᠭ᠃ ᠮᠠᠯᠴᠢᠳ ᠲᠤ ᠠᠪᠴᠤ ᠭᠡᠯᠡᠪᠡᠯ ᠬᠠᠪᠤᠷ ᠬᠦᠷᠵᠡᠩ ᠬᠤᠭ ᠠᠷᠢᠯᠭᠠᠬᠤ ᠭᠡᠭᠴᠢ ᠶᠡᠭᠡ ᠬᠦᠳᠡᠯᠮᠦᠷᠢ ᠶᠤᠮ᠂ ᠵᠤᠭᠤᠰ ᠠᠪᠬᠤ ᠦᠬᠡᠢ ᠪᠠᠷ ᠠᠷᠢᠯᠭᠠᠭᠠᠳ ᠦᠭᠬᠦ ᠪᠤᠶᠤ ᠳᠡᠭᠡᠷ᠎ᠠ ᠨᠢ ᠪᠠᠰᠠ ᠪᠠᠭ᠎ᠠ ᠰᠠᠭ᠎ᠠ ᠮᠦᠩᠬᠦ ᠦᠭᠪᠡᠯ ᠶᠤᠰᠤᠳᠠᠢ ᠰᠠᠶᠢᠬᠠᠨ ᠯᠡ ᠤᠴᠢᠷ᠃ ᠭᠡᠬᠦ ᠳᠤ ᠪᠢᠳᠡ ᠦᠪᠡᠷ ᠤᠨ ᠢᠶᠠᠨ ᠶᠠᠭᠤᠮ᠎ᠠ ᠶᠢ ᠵᠢᠩᠬᠢᠨᠢ ᠦᠨ᠎ᠠ ᠦᠷᠳᠡᠭ ᠲᠤᠨᠢ ᠬᠦᠷᠬᠡᠵᠦ ᠳᠡᠶᠢᠯᠵᠦ ᠪᠠᠶᠢᠨ᠎ᠠ ᠤᠤ︖      ᠮᠠᠯ ᠠᠵᠦ ᠠᠬᠤᠢ ᠶᠢᠨ ᠡᠯ᠎ᠠ ᠭᠤᠭᠴᠤᠭᠠᠨ ᠳᠤ ᠴᠦᠮ ᠡᠳ᠋ ᠡᠷᠳᠡᠨᠢᠰ ᠪᠠᠶᠢᠳᠠᠭ᠃ ᠵᠢᠱᠢᠶᠡᠯᠡᠵᠦ ᠭᠡᠯᠡᠬᠦ ᠳᠤ ᠠᠷᠭᠠᠯ ᠬᠦᠷᠵᠡᠩ ᠨᠢ ᠳᠦᠯᠡᠰᠢ ᠪᠤᠯᠬᠤ ᠠᠴᠠ ᠭᠠᠳᠠᠨ᠎ᠠ᠂ ᠤᠷᠭᠠᠨᠢᠭ ᠪᠤᠷᠳᠤᠭᠤᠷ ᠤᠨ ᠰᠠᠶᠢᠨ ᠳᠦᠬᠦᠬᠡᠢ ᠮᠠᠲ᠋ᠧᠷᠢᠶᠠᠯ ᠪᠤᠯᠳᠠᠭ᠂ ᠭᠡᠬᠦ ᠳᠤ ᠪᠢᠳᠡ ᠦᠪᠡᠷᠰᠡᠤᠨ ᠢᠶᠠᠨ ᠲᠡᠬᠦᠨ ᠢ ᠵᠠᠬ᠎ᠠ ᠳᠡᠯᠬᠡᠬᠦᠷ ᠲᠤ ᠤᠷᠤᠭᠤᠯᠬᠤ ᠲᠠᠯ᠎ᠠ ᠪᠠᠷ ᠶᠡᠷᠦ ᠠᠴᠠ ᠮᠠᠰᠢ ᠶᠡᠭᠡ ᠬᠤᠵᠢᠮᠳᠠᠭᠠᠤᠨ ᠪᠠᠶᠢᠬᠤ ᠮᠠᠶ᠋ᠢᠭᠳᠠᠢ᠃ ᠦᠨᠦ ᠵᠢᠯ ᠤᠯᠤᠰ ᠠᠴᠠ ᠪᠤᠬᠢᠷᠳᠤᠯ ᠥᠬᠡᠢ ᠬᠦᠭᠵᠢᠯᠲᠡ ᠶᠢᠨ ᠪᠠᠶᠢᠯᠳᠤᠬᠤ ᠪᠤᠳᠤᠯᠭ᠎ᠠ ᠶᠢ ᠲᠤᠭᠲᠠᠭᠠᠨ ᠬᠡᠷᠡᠭᠵᠢᠬᠦᠯᠵᠤ᠂ ᠠᠮᠤ ᠪᠤᠳᠠᠭ᠎ᠠ᠂ ᠢᠳᠡᠰᠢᠨ ᠨᠤᠭᠤᠭ᠎ᠠ ᠶᠢᠨ ᠠᠮᠤᠷ ᠲᠦᠪᠰᠢᠨ ᠢ ᠪᠠᠲᠤᠯᠠᠵᠤ᠂ ᠤᠷᠭᠠᠨᠢᠭ ᠪᠤᠷᠳᠤᠭᠤᠷ ᠵᠠᠷᠤᠵᠤ ᠬᠡᠷᠡᠭᠯᠡᠬᠦ ᠶᠢ ᠤᠷᠢᠶᠠᠯᠠᠵᠤ ᠰᠠᠨᠠᠭᠠᠴᠢᠯᠠᠬᠰᠡᠨ ᠳᠤ᠂ ᠬᠤᠨᠢ ᠥᠬᠡᠢ ᠬᠥᠮᠥᠰ ᠬᠠᠷᠢᠨ ᠬᠤᠨᠢ ᠲᠠᠢ ᠨᠢᠭᠡ ᠠᠴᠠ ᠨᠢ ᠠᠮᠵᠢᠵᠤ ᠬᠦᠷᠵᠡᠩ ᠬᠤᠳᠠᠯᠳᠤᠵᠤ ᠡᠬᠢᠯᠡᠵᠡᠢ᠃      ᠬᠠᠷᠢᠨ ᠮᠠᠯᠴᠢᠳ ᠪᠢᠳᠠᠨᠠᠷ ᠤᠷᠭᠠᠨᠢᠭ ᠪᠤᠷᠳᠤᠭᠤᠷ ᠤᠨ ᠤᠶᠢᠯᠡᠤᠨᠪᠥᠷᠢ ᠪᠠᠶᠢᠭᠤᠯᠵᠤ᠂ ᠮᠠᠯ ᠤᠨ ᠳᠠᠭᠠᠯᠳᠠ ᠡᠬᠢ ᠪᠠᠶᠠᠯᠢᠭ ᠢᠶᠠᠨ ᠬᠦᠢᠴᠡᠳ ᠠᠰᠢᠬᠯᠠᠵᠦ ᠪᠤᠯᠤᠨ᠎ᠠ᠃ ᠮᠠᠯᠵᠢᠬᠤ ᠤᠷᠤᠨ ᠳᠤ ᠬᠦᠷᠵᠡᠩ ᠬᠤᠭ ᠲᠤᠲᠠᠬᠤ ᠶᠤᠰᠤ ᠥᠬᠡᠢ᠂ ᠬᠡᠷᠡᠭᠰᠡᠬᠦ ᠡᠬᠢ ᠪᠠᠶᠠᠯᠢᠭ ᠨᠢ ᠡᠯᠪᠡᠭ ᠳᠡᠯᠪᠡᠭ᠂ ᠬᠤᠷᠢᠶᠠᠵᠤ ᠴᠤᠭᠯᠠᠭᠤᠯᠤᠭᠠᠤᠨ᠂ ᠪᠤᠯᠪᠠᠰᠤᠷᠠᠭᠤᠯᠵᠦ᠂ ᠠᠳᠠᠯᠢ ᠪᠤᠰᠦ ᠭᠡᠷᠡᠭᠴᠡᠭᠡᠨ ᠳᠤ ᠳᠤᠬᠢᠷᠠᠭᠤᠯᠤᠨ ᠰᠠᠪᠠᠯᠠᠵᠦ ᠪᠤᠷᠤᠯᠠᠭᠤᠯᠵᠦ ᠪᠤᠯᠤᠨ᠎ᠠ᠃ ᠲᠡᠷᠬᠡ ᠪᠠᠷ ᠬᠡᠮᠵᠢᠶᠡᠯᠡᠳᠡᠭ ᠢ ᠲᠠᠭᠠᠷᠴᠤᠭ ᠢᠶᠠᠷ ᠬᠡᠮᠵᠢᠶᠡᠯᠡᠳᠡᠭ ᠪᠤᠯᠭᠠᠵᠤ᠂ ᠵᠥᠬᠡᠷ ᠰᠢᠬᠠᠮ ᠠᠪᠳᠠᠭ ᠢ ᠨᠢ ᠵᠢᠩᠬᠢᠨᠢ ᠥᠨ᠎ᠡ ᠦᠷᠳᠡᠭ ᠲᠤᠨᠢ ᠬᠥᠷᠬᠡᠨ᠎ᠡ᠃ ᠡᠬᠦᠨ ᠳᠤ ᠶᠠᠷᠢᠶᠠᠨ ᠦᠬᠡᠢ ᠬᠡᠷᠡᠭᠰᠡᠬᠦ ᠪᠡᠯᠡ ᠮᠦᠩᠬᠦ᠂ ᠬᠠᠮᠢᠶ᠎ᠠ ᠪᠦᠬᠦᠢ ᠮᠡᠷᠭᠡᠵᠢᠯ ᠱᠠᠭᠠᠷᠳᠠᠭᠳᠠᠨ᠎ᠠ᠂ ᠭᠡᠪᠡᠴᠤ ᠠᠯᠭᠤᠷ ᠠᠭᠠᠵᠢᠮ ᠢᠶᠠᠷ ᠤᠯᠤᠰ ᠤᠨ ᠬᠠᠮᠢᠶ᠎ᠠ ᠪᠦᠬᠦᠢ ᠪᠠᠶᠢᠭᠤᠯᠤᠯᠭ᠎ᠠ ᠳᠤ ᠳᠠᠩᠰᠠᠯᠠᠭᠤᠯᠵᠤ᠂ ᠲᠠᠸᠠᠷ ᠤᠨ ᠲᠡᠮᠳᠡᠭ ᠲᠠᠢ ᠪᠤᠯᠴᠢᠬᠠᠪᠡᠯ ᠪᠤᠷᠤᠯᠠᠭᠤᠯᠭ᠎ᠠ ᠶᠢᠨ ᠬᠥᠷᠢᠶ᠎ᠡ ᠴᠠᠷᠠᠭ᠎ᠠ ᠪᠠᠨ ᠦᠷᠬᠡᠤᠨᠬᠡᠵᠤ᠂ ᠨᠡᠩ ᠶᠡᠭᠡ ᠬᠡᠮᠵᠢᠶ᠎ᠠ ᠪᠠᠷ ᠦᠢᠯᠡᠳᠪᠦᠷᠢᠯᠡᠨ ᠪᠤᠷᠤᠯᠠᠭᠤᠯᠵᠦ ᠪᠤᠯᠤᠨ᠎ᠠ᠃ ᠵᠠᠷ ᠮᠡᠳᠡᠭᠡ᠂ ᠭᠠᠷ ᠤᠲᠠᠰᠤ᠂ ᠰᠥᠯᠵᠢᠶ᠎ᠠ᠂ ᠵᠢᠷᠬᠢᠶ᠎ᠠ᠂ ᠵᠠᠮ ᠨᠠᠪᠲᠡᠷᠡᠬᠦᠯᠬᠡ ᠵᠡᠷᠬᠡ ᠠᠰᠢᠭ ᠲᠠᠢ ᠨᠦᠬᠦᠴᠡᠯ ᠤᠯᠠᠮ ᠢᠶᠠᠷ ᠪᠦᠷᠢᠳᠴᠤ ᠪᠠᠶᠢᠭ᠎ᠠ ᠴᠠᠭ ᠲᠤ ᠬᠡᠨ ᠤᠷᠢᠳᠠᠪᠡᠷ ᠬᠦᠳᠡᠯᠪᠡᠯ ᠲᠡᠷᠡ ᠠᠰᠢᠭ ᠢ ᠨᠢ ᠤᠯᠵᠦ ᠬᠥᠷᠳᠡᠨ᠎ᠡ᠃ ᠳᠦᠮᠡᠨ ᠶᠠᠪᠤᠳᠠᠯ ᠤᠨ ᠳᠦᠷᠦᠬᠦᠦ ᠠᠯᠬᠤᠮ ᠬᠦᠴᠢᠷ ᠪᠠᠶᠢᠳᠠᠭ ᠴᠦ ᠠᠷᠭ᠎ᠠ ᠤᠬᠠᠭᠠᠨ᠂ ᠵᠤᠷᠢᠭ ᠰᠦᠰᠦ ᠪᠠᠶᠢᠪᠠᠯ ᠵᠤᠷᠢᠭᠰᠠᠨ ᠳᠠᠭᠠᠨ ᠯᠠᠪᠲᠡᠢ ᠬᠥᠷᠴᠥ ᠴᠢᠳᠠᠳᠠᠭ ᠲᠤ ᠢᠳᠡᠭᠡᠭᠡᠷᠡᠢ︕  
 
ᠢᠷᠡᠯᠲᠡ᠄ ᠳᠤᠮᠳᠠᠳᠤ ᠤᠯᠤᠰ ᠤᠨ ᠮᠤᠩᠭᠤᠯ ᠬᠡᠯᠡᠨ ᠤ ᠰᠣᠨᠢᠨ ᠮᠡᠳᠡᠭᠡᠨ ᠤ ᠰᠦᠯᠵᠢᠶ᠎ᠠ ᠠᠴᠠ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号