ᠰᠦᠯᠢᠶᠤᠤ ᠪᠦᠷᠬᠦᠬᠦ ᠳᠤ ᠳᠤᠬᠢᠷᠠᠬᠤ ᠦᠭᠡᠢ ᠳᠠᠪᠤᠨ ᠵᠦᠢᠯ ᠤᠨ ᠳᠠᠷᠢᠶ᠎ᠠ
ᠨᠡᠶᠢᠲᠡᠯᠡᠭᠰᠡᠨ ᠴᠠᠭ᠄
2018/8/21
     ᠤᠷᠴᠢᠮ ᠤᠨ ᠵᠢᠯ ᠳᠤ ᠳᠠᠷᠢᠶᠠᠴᠢᠳ ᠲᠠᠷᠢᠶᠠᠨ ᠤ ᠤᠨᠠᠯᠳᠠ ᠶᠢ ᠨᠡᠮᠡᠭᠳᠡᠭᠦᠯᠬᠦ ᠶᠢᠨ ᠳᠦᠯᠦᠭᠡ ᠳᠠᠷᠢᠶᠠᠨ ᠳᠠᠭᠠᠨ ᠰᠦᠯᠢᠶᠤᠤ ᠪᠦᠷᠬᠦᠵᠥ ᠪᠠᠶᠢᠳᠠᠬ᠃ ᠭᠡᠪᠡᠴᠤ ᠳᠤᠤᠷᠠᠬᠢ ᠳᠠᠪᠤᠨ ᠵᠦᠢᠯ ᠤᠨ ᠳᠠᠷᠢᠶᠠᠨ ᠳᠤ ᠰᠦᠯᠢᠶᠤᠤ ᠪᠦᠷᠬᠦᠵᠥ ᠪᠤᠯᠬᠤ ᠦᠭᠡᠢ᠃      ᠭᠠᠩᠳᠠᠮᠠᠯ ᠴᠢᠨᠠᠷᠳᠠᠢ ᠳᠠᠷᠢᠶ᠎ᠠ᠄ ᠪᠤᠷᠤᠭᠠᠨ ᠤ ᠤᠯᠠᠷᠢᠯ ᠠᠴᠠ ᠭᠠᠳᠠᠨ᠎ᠠ ᠤᠷᠳᠤ ᠬᠤᠭᠤᠴᠠᠭ᠎ᠠ ᠪᠠᠷ ᠬᠠᠭᠤᠷᠠᠢ ᠳᠠᠷᠢᠶᠠᠨ ᠳᠤ ᠰᠦᠯᠢᠶᠤᠤ ᠪᠦᠷᠬᠦᠪᠡᠯ ᠪᠦᠷᠬᠦᠬᠦᠯ ᠤᠨ ᠦᠢᠯᠡᠳᠤᠯ ᠢ ᠪᠠᠳᠠᠷᠠᠭᠤᠯᠵᠥ ᠴᠢᠳᠠᠬᠤ ᠦᠭᠡᠢ ᠪᠠᠷ ᠦᠯᠦ ᠪᠠᠷᠠᠮ ᠭᠠᠩ ᠤᠨ ᠪᠠᠶᠢᠳᠠᠯ ᠢ ᠬᠡᠴᠡᠭᠦᠳᠡᠭᠦᠯᠦᠨ᠎ᠠ᠃      ᠡᠯᠡᠰᠦᠷᠭᠡᠭ ᠳᠠᠷᠢᠶ᠎ᠠ᠄ ᠡᠯᠡᠰᠦᠷᠭᠡᠭ ᠭᠠᠵᠠᠷ ᠲᠤ ᠰᠦᠯᠢᠶᠤᠤ ᠪᠦᠷᠭᠦᠪᠡᠯ ᠦᠳᠡ ᠶᠢᠨ ᠦᠶ᠎ᠠ ᠳᠤ ᠭᠠᠵᠠᠷ ᠤᠨ ᠭᠠᠳᠠᠷᠭᠤ ᠶᠢᠨ ᠳᠤᠯᠠᠭᠠᠨ ᠤ ᠬᠡᠮᠵᠢᠶ᠎ᠠ ᠬᠡᠳᠤᠷᠬᠡᠢ ᠦᠨᠳᠤᠷ ᠠᠴᠠ ᠪᠤᠯᠵᠥ ᠤᠷᠭᠤᠮᠠᠯ ᠳᠤ ᠬᠤᠤᠷᠠᠳᠠᠢ᠃      ᠨᠠᠩᠬᠢ ᠰᠢᠷᠤᠢ ᠲᠠᠢ ᠳᠠᠷᠢᠶ᠎ᠠ᠄ ᠨᠠᠩᠬᠢ ᠰᠢᠷᠤᠢ ᠲᠠᠢ ᠳᠠᠷᠢᠶ᠎ᠠ ᠶᠢᠨ ᠰᠢᠷᠤᠢ ᠶᠢᠨ ᠬᠡᠰᠡᠭ ᠨᠢ ᠣᠯᠠᠨ ᠳᠤᠯᠠ ᠰᠦᠯᠢᠶᠤᠤ ᠪᠦᠷᠭᠦᠭᠦᠯ ᠨᠢ ᠭᠠᠵᠠᠷ ᠤᠨ ᠭᠠᠳᠠᠷᠭᠤ ᠲᠠᠢ ᠰᠠᠶᠢᠳᠤᠷ ᠵᠤᠯᠭᠠᠵᠥ ᠴᠢᠳᠠᠬᠤ ᠦᠭᠡᠢ᠂ ᠠᠮᠠᠷᠬᠠᠨ ᠰᠠᠯᠬᠢᠨ ᠳᠤ ᠦᠯᠢᠶᠡᠭᠳᠡᠵᠥ ᠰᠦᠯᠢᠶᠤᠤ ᠪᠦᠷᠭᠦᠭᠦᠯ ᠰᠦᠢᠳᠦᠨ ᠦᠢᠯᠡᠳᠤᠯ ᠢᠶᠠᠨ ᠠᠯᠳᠠᠨ᠎ᠠ᠃          ᠡᠪᠡᠰᠤ ᠣᠯᠠᠨ ᠤᠷᠭᠤᠳᠠᠬ ᠳᠠᠷᠢᠶ᠎ᠠ᠄ ᠬᠡᠳᠦ᠋ᠢᠪᠡᠷ ᠳᠠᠷᠢᠬᠤ ᠠᠴᠠ ᠡᠮᠤᠨ᠎ᠠ ᠡᠪᠡᠰᠤ ᠠᠷᠢᠯᠭᠠᠬᠤ ᠡᠳ᠋ ᠰᠠᠴᠤᠳᠠᠬ ᠪᠤᠯᠪᠠᠴᠤ ᠵᠠᠷᠢᠮ ᠡᠪᠡᠰᠤ ᠶᠢᠨ ᠦᠨᠳᠤᠰᠤ ᠬᠠᠳᠬᠤᠬᠤ ᠴᠢᠳᠠᠪᠤᠷᠢ ᠨᠢ ᠴᠢᠩᠭ᠎ᠠ ᠳᠤᠯᠠ ᠮᠦᠨ ᠤᠷᠭᠤᠵᠥ ᠪᠦᠷᠬᠦᠬᠦᠯ ᠢ ᠳᠦᠯᠬᠢᠨ ᠭᠠᠷᠳᠠᠬ᠃      ᠰᠢᠮ᠎ᠠ ᠳᠡᠵᠢᠭᠡᠯ ᠢᠶᠠᠷ ᠪᠠᠷᠤᠬᠳᠠᠢ ᠳᠠᠷᠢᠶ᠎ᠠ᠄ ᠡᠶᠢᠮᠤ ᠳᠠᠷᠢᠶ᠎ᠠ ᠨᠢ ᠰᠢᠮ᠎ᠠ ᠳᠡᠵᠢᠭᠡᠯ ᠨᠢ ᠪᠠᠷᠤᠬᠳᠠᠢ ᠳᠤᠯᠠ ᠤᠷᠭᠤᠮᠠᠯ ᠤᠨ ᠬᠡᠷᠡᠭᠰᠡᠯᠳᠡ ᠶᠢ ᠬᠠᠩᠭᠠᠵᠥ ᠳᠡᠶᠢᠯᠬᠦ ᠦᠭᠡᠢ ᠤᠨᠠᠯᠳᠠ ᠶᠢ ᠨᠡᠮᠡᠭᠳᠡᠭᠦᠯᠬᠦ ᠵᠤᠷᠢᠯᠭ᠎ᠠ ᠳᠠᠭᠠᠨ ᠬᠦᠷᠴᠤ ᠳᠡᠶᠢᠯᠬᠦ ᠦᠭᠡᠢ᠃
 
ᠢᠷᠡᠯᠲᠡ᠄ ᠤᠷᠳᠤᠰ ᠤᠨ ᠡᠳᠥᠷ ᠤᠨ ᠰᠤᠨᠢᠨ ᠠᠴᠠ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号