ᠠᠯᠠᠱᠨ ᠠᠶᠢᠮᠠᠭ ᠤᠨ ᠬᠤᠳᠠ ᠬᠦᠳᠡᠭᠡ ᠶᠢᠨ ᠰᠠᠭᠤᠭᠠᠯᠢ ᠠᠷᠠᠳ ᠤᠨ ᠬᠦᠨᠲᠤ ᠡᠪᠠᠳᠴᠢᠨ ᠤ ᠲᠠᠭᠠᠳᠬᠠᠯ  ᠤᠨ ᠭᠡᠷᠡᠭᠵᠢᠬᠦᠯᠬᠦ ᠨᠠᠷᠢᠨ ᠲᠦᠷᠢᠮ ᠢ ᠲᠠᠷᠤᠮᠠᠯᠯᠠᠨ ᠲᠠᠷᠬᠠᠭᠠᠬᠤ ᠲᠤᠬᠠᠢ ᠠᠯᠠᠱᠨ ᠠᠶᠢᠮᠠᠭ ᠤᠨ ᠵᠠᠬᠢᠷᠭ᠎ᠠ  ᠶᠢᠨ ᠠᠯᠪᠠᠨ ᠲᠢᠩᠬᠢᠮ ᠤᠨ ᠮᠡᠳᠡᠭᠳᠡᠯ
ᠨᠡᠶᠢᠲᠡᠯᠡᠭᠰᠡᠨ ᠴᠠᠭ᠄
2018/7/30
                ᠠᠯᠠᠱᠨ ᠠᠶᠢᠮᠠᠭ ᠤᠨ ᠬᠤᠳᠠ ᠬᠦᠳᠡᠭᠡ ᠶᠢᠨ ᠰᠠᠭᠤᠭᠠᠯᠢ ᠠᠷᠠᠳ ᠤᠨ                 ᠬᠦᠨᠲᠤ ᠡᠪᠠᠳᠴᠢᠨ ᠤ ᠲᠠᠭᠠᠳᠬᠠᠯ ᠤᠨ ᠭᠡᠷᠡᠭᠵᠢᠬᠦᠯᠬᠦ ᠨᠠᠷᠢᠨ ᠲᠦᠷᠢᠮ         ᠬᠤᠳᠠ ᠬᠦᠳᠡᠭᠡ ᠶᠢᠨ ᠰᠠᠭᠤᠭᠠᠯᠢ ᠠᠷᠠᠳ ᠤᠨ ᠦᠨᠲᠤᠰᠤᠨ ᠡᠮ ᠡᠮᠨᠡᠯᠭᠡ ᠶᠢᠨ ᠲᠠᠭᠠᠳᠬᠠᠯ ᠤᠨ ᠲᠦᠷᠢᠮ ᠢ ᠤᠯᠠᠮ ᠨᠢᠭᠡ ᠠᠯᠬᠤᠮ ᠲᠡᠬᠦᠯᠳᠡᠷᠵᠢᠬᠦᠯᠵᠦ᠂ ᠬᠦᠨᠲᠤ ᠤᠨᠴᠠ ᠶᠡᠭᠡ ᠡᠪᠠᠳᠴᠢᠨ ᠤ ᠪᠠᠲᠤᠯᠠᠭ᠎ᠠ ᠶᠢᠨ ᠭᠡᠮᠵᠢᠶ᠎ᠠ ᠶᠢ ᠲᠡᠭᠡᠭᠰᠢᠯᠡᠬᠦᠯᠵᠦ᠂ ᠰᠠᠭᠤᠭᠠᠯᠢ ᠠᠷᠠᠳ ᠤᠨ ᠬᠦᠨᠲᠤ ᠡᠪᠠᠳᠴᠢᠨ ᠤ ᠡᠮ ᠡᠮᠨᠡᠯᠭᠡ ᠶᠢᠨ ᠵᠠᠷᠤᠳᠠᠯ ᠰᠦᠢᠳᠭᠡᠯ ᠢ ᠬᠠᠰᠤᠵᠦ ᠬᠦᠩᠭᠡᠷᠡᠬᠦᠯᠬᠦ ᠶᠢᠨ ᠲᠤᠰᠠᠳᠠ᠂ ︽ᠦᠪᠤᠷ ᠮᠤᠩᠭᠤᠯ ᠤᠨ ᠦᠪᠡᠷᠲᠡᠭᠡᠨ ᠵᠠᠰᠠᠬᠤ ᠤᠷᠤᠨ ᠤ ᠠᠷᠠᠳ ᠤᠨ ᠵᠠᠰᠠᠭ ᠤᠨ ᠤᠷᠲᠤᠨ ᠤ ᠬᠤᠳᠠ ᠬᠦᠳᠡᠭᠡ ᠶᠢᠨ ᠰᠠᠭᠤᠭᠠᠯᠢ ᠠᠷᠠᠳ ᠤᠨ ᠦᠨᠲᠤᠰᠤᠨ ᠡᠮ ᠡᠮᠨᠡᠯᠭᠡ ᠶᠢᠨ ᠲᠠᠭᠠᠳᠬᠠᠯ ᠤᠨ ᠨᠢᠭᠡᠲᠤᠯᠲᠡᠢ ᠲᠦᠷᠢᠮ ᠢ ᠪᠠᠶᠢᠭᠤᠯᠬᠤ ᠲᠤᠬᠠᠢ ᠭᠡᠷᠡᠭᠵᠢᠬᠦᠯᠬᠦ ᠰᠠᠨᠠᠯ︾ ︵ᠦᠪᠤᠷ ᠵᠠᠰᠠᠭ ᠲᠠᠷᠬᠠᠭᠠᠭᠰᠠᠨ ﹇2016﹈ 122 ᠳ᠋ᠤᠭᠠᠷ ᠲᠤᠭᠠᠲᠤ︶᠂ ᠦᠪᠠᠷᠳᠡᠭᠡᠨ ᠵᠠᠰᠠᠬᠤ ᠤᠷᠤᠨ ᠤ ᠬᠦᠭᠵᠢᠬᠦᠯᠦᠯᠳᠡ ᠦᠭᠡᠷᠡᠴᠢᠯᠡᠯᠳᠡ ᠶᠢᠨ ᠵᠦᠪᠯᠠᠯ ᠵᠡᠷᠭᠡ ᠵᠢᠷᠭᠤᠭᠠᠨ ᠰᠠᠯᠠᠭ᠎ᠠ ᠮᠦᠴᠢᠷ ᠤᠨ ︽ᠦᠪᠤᠷ ᠮᠤᠩᠭᠤᠯ ᠤᠨ ᠦᠪᠠᠷᠳᠡᠭᠡᠨ ᠵᠠᠰᠠᠬᠤ ᠤᠷᠤᠨ ᠤ ᠬᠤᠳᠠ ᠬᠦᠳᠡᠭᠡ ᠶᠢᠨ ᠰᠠᠭᠤᠭᠠᠯᠢ ᠠᠷᠠᠳ ᠤᠨ  ᠬᠦᠨᠲᠤ ᠡᠪᠠᠳᠴᠢᠨ ᠤ ᠲᠠᠭᠠᠳᠬᠠᠯ ᠤᠨ ᠠᠵᠢᠯ  ᠢ ᠦᠷᠨᠢᠬᠦᠯᠬᠦ ᠲᠤᠬᠠᠢ ᠭᠡᠷᠡᠭᠵᠢᠬᠦᠯᠬᠦ ᠰᠠᠨᠠᠯ︾ ︵ᠦᠪᠤᠷ ᠬᠦᠭᠵᠢᠬᠦᠯᠦᠯᠳᠡ ᠦᠭᠡᠷᠡᠴᠢᠯᠡᠯᠳᠡ ᠡᠮ ᠡᠮᠨᠡᠯᠭᠡ  ᠦᠰᠦᠭ ﹇2013﹈ 277 ᠳ᠋ᠤᠭᠠᠷ ᠲᠤᠭᠠᠲᠤ︶ ᠪᠠ ᠠᠶᠢᠮᠠᠭ ᠤᠨ ᠵᠠᠬᠢᠷᠭ᠎ᠠ ᠶᠢᠨ ︽ᠠᠯᠠᠱᠨ ᠠᠶᠢᠮᠠᠭ ᠤᠨ ᠬᠤᠳᠠ ᠬᠦᠳᠡᠭᠡ ᠶᠢᠨ ᠰᠠᠭᠤᠭᠠᠯᠢ ᠠᠷᠠᠳ ᠤᠨ ᠬᠦᠨᠲᠤ ᠡᠪᠠᠳᠴᠢᠨ ᠤ ᠲᠠᠭᠠᠳᠬᠠᠯ ᠤᠨ ᠠᠵᠢᠯ ᠢ ᠦᠷᠨᠢᠬᠦᠯᠬᠦ ᠲᠤᠬᠠᠢ ᠭᠡᠷᠡᠭᠵᠢᠬᠦᠯᠬᠦ ᠰᠠᠨᠠᠯ ᠢ ᠲᠠᠷᠤᠮᠠᠯᠯᠠᠨ ᠲᠠᠷᠬᠠᠭᠠᠬᠤ ᠮᠡᠳᠡᠭᠳᠡᠯ︾ ᠤᠨ ︵ᠠᠯᠠᠱᠨ ᠵᠠᠬᠢᠷᠭ᠎ᠠ ᠲᠠᠷᠬᠠᠭᠠᠭᠰᠠᠨ     ﹇2013﹈ 130 ᠳ᠋ᠤᠭᠠᠷ ᠲᠤᠭᠠᠲᠤ︶ ᠵᠤᠷᠢᠭ ᠰᠠᠨᠠᠭ᠎ᠠ ᠶᠢ ᠦᠨᠲᠤᠰᠦᠯᠠᠵᠦ᠂ ᠮᠠᠨ ᠤ ᠠᠶᠢᠮᠠᠭ ᠤᠨ ᠪᠤᠳᠠᠲᠠᠢ  ᠲᠠᠢ ᠤᠶᠠᠯᠲᠤᠭᠤᠯᠵᠦ᠂ ᠲᠤᠰ ᠨᠠᠷᠢᠨ ᠲᠦᠷᠢᠮ ᠢ ᠲᠤᠭᠳᠠᠭᠠᠪᠠ᠃     ᠨᠢᠭᠡ᠂ ᠦᠨᠲᠤᠰᠤᠨ ᠲᠦᠷᠢᠮ     ︵ᠨᠢᠭᠡ︶ ᠬᠦᠮᠦᠨ ᠢᠶᠠᠷ ᠦᠨᠲᠤᠰᠤ ᠪᠤᠯᠭᠠᠬᠤ ᠶᠢ ᠪᠠᠷᠢᠮᠳᠠᠯᠠᠵᠦ᠂ ᠬᠦᠨᠲᠤ ᠡᠪᠠᠳᠴᠢᠨ ᠢ ᠪᠠᠲᠤᠯᠠᠨ᠎ᠠ᠃ ᠬᠦᠨᠲᠤ ᠡᠪᠠᠳᠴᠢᠨ ᠤ ᠲᠠᠭᠠᠳᠬᠠᠯ ᠤᠨ ᠲᠦᠷᠢᠮ ᠢ ᠪᠠᠶᠢᠭᠤᠯᠤᠨ ᠲᠡᠬᠦᠯᠳᠡᠷᠵᠢᠬᠦᠯᠵᠦ᠂ ᠬᠦᠨᠲᠤ ᠡᠪᠠᠳᠴᠢᠨ ᠤ ᠪᠠᠲᠤᠯᠠᠭ᠎ᠠ ᠶᠢᠨ ᠬᠡᠮᠵᠢᠶ᠎ᠠ ᠪᠠ ᠦᠢᠯᠠᠴᠢᠯᠡᠭᠡᠨ ᠤ ᠪᠤᠯᠬᠤᠶᠢᠴᠢ ᠴᠢᠨᠠᠷ ᠢ ᠲᠠᠰᠤᠷᠠᠯᠳᠠ ᠦᠭᠡᠢ ᠲᠡᠭᠡᠭᠰᠢᠯᠡᠬᠦᠯᠵᠦ᠂ ᠠᠷᠠᠳ ᠤᠯᠠᠨ ᠤ ᠡᠷᠡᠬᠦᠯ ᠮᠠᠨᠲᠤ ᠶᠢᠨ ᠡᠷᠭᠡ ᠠᠰᠢᠭ ᠢ ᠬᠦᠴᠦᠯᠠᠨ ᠬᠠᠮᠠᠭᠠᠯᠠᠵᠦ᠂ ᠠᠷᠠᠳ ᠤᠯᠠᠨ ᠤ ᠡᠪᠠᠳᠴᠢᠨ  ᠠᠴᠠ ᠪᠤᠯᠵᠦ ᠶᠠᠳᠠᠭᠤᠷᠠᠬᠤ ᠪᠠ ᠡᠪᠠᠳᠴᠢᠨ ᠠᠴᠠ ᠪᠤᠯᠵᠦ ᠲᠠᠬᠢᠨ ᠶᠠᠳᠠᠭᠤᠷᠠᠬᠤ ᠠᠴᠠ ᠦᠨ᠋ᠨᠨᠬᠦ  ᠵᠠᠶᠢᠯᠠᠰᠬᠢᠨ᠎ᠠ  ᠃     ︵ᠬᠤᠶᠠᠷ︶ ᠨᠢᠭᠡᠲᠤᠯᠲᠡᠢ ᠲᠦᠯᠦᠪᠯᠡᠨ ᠵᠤᠬᠢᠴᠠᠭᠤᠯᠬᠤ ᠪᠠ ᠲᠦᠷᠦ ᠶᠢᠨ ᠪᠤᠲᠤᠯᠭ᠎ᠠ ᠶᠢᠨ ᠬᠤᠯᠪᠤᠭᠠᠲᠤ ᠵᠤᠬᠢᠴᠠᠯ ᠢ ᠪᠠᠷᠢᠮᠳᠠᠯᠠᠨ᠎ᠠ᠃ ᠦᠨᠲᠤᠰᠤᠨ ᠡᠮ ᠡᠮᠨᠡᠯᠭᠡ ᠶᠢᠨ ᠲᠠᠭᠠᠳᠬᠠᠯ᠂ ᠬᠦᠨᠲᠤ ᠡᠪᠠᠳᠴᠢᠨ ᠤ ᠲᠠᠭᠠᠳᠬᠠᠯ᠂ ᠡᠮ ᠡᠮᠨᠡᠯᠭᠡ ᠶᠢᠨ ᠠᠪᠤᠷᠠᠨ ᠲᠤᠰᠠᠯᠠᠯᠲᠠ᠂ ᠡᠪᠠᠳᠴᠢᠨ ᠡᠮᠭᠡᠭ ᠤᠨ ᠪᠠᠴᠢᠮ ᠪᠠᠶᠢᠳᠠᠯ ᠢ ᠠᠷᠭᠠᠴᠠᠨ ᠠᠪᠤᠷᠠᠨ ᠲᠤᠰᠠᠯᠠᠬᠤ᠂ ᠬᠤᠳᠠᠯᠲᠤᠭᠠᠨ ᠤ ᠶᠠᠪᠤᠳᠠᠯ ᠤᠨ ᠡᠷᠡᠬᠦᠯ ᠮᠠᠨᠲᠤ ᠶᠢᠨ ᠲᠠᠭᠠᠳᠬᠠᠯ ᠪᠠ ᠨᠢᠬᠦᠯᠡᠰᠤᠩᠬᠦᠢ ᠦᠢᠯᠡᠰ ᠤᠨ ᠠᠪᠤᠷᠠᠨ ᠲᠤᠰᠠᠯᠠᠯᠲᠠ ᠵᠡᠷᠭᠡ ᠲᠦᠷᠢᠮ ᠤᠨ ᠬᠤᠯᠪᠤᠯᠳᠤᠯ ᠢ ᠴᠢᠩᠭᠠᠳᠬᠠᠵᠦ᠂ ᠬᠠᠷᠢᠯᠴᠠᠨ ᠬᠠᠪᠰᠤᠷᠤᠯᠴᠠᠵᠦ ᠬᠠᠷᠢᠯᠴᠠᠨ ᠨᠦᠬᠦᠪᠤᠷᠢᠯᠠᠬᠦ ᠦᠢᠯᠡᠲᠤᠯ ᠢ ᠪᠠᠳᠠᠷᠠᠭᠤᠯᠵᠦ᠂ ᠪᠦᠷᠢᠨ ᠬᠦᠢᠴᠠᠳ ᠪᠠᠲᠤᠯᠠᠭ᠎ᠠ ᠶᠢᠨ ᠬᠦᠳᠡᠯᠭᠡᠭᠡᠨ ᠤ ᠡᠨᠧᠷᠬᠢ ᠶᠢ ᠲᠠᠮᠵᠢᠭᠤᠯᠤᠨ ᠭᠠᠷᠭᠠᠵᠦ᠂ ᠪᠠᠲᠤᠯᠠᠭ᠎ᠠ ᠶᠢᠨ ᠬᠠᠮᠲᠤ ᠶᠢᠨ ᠬᠦᠴᠦᠨ ᠢ ᠪᠤᠢ ᠪᠤᠯᠭᠠᠨ᠎ᠠ᠃     ︵ᠭᠤᠷᠪᠠ︶ ᠵᠠᠰᠠᠭ ᠤᠨ ᠤᠷᠲᠤᠨ ᠭᠤᠤᠯ ᠤᠲᠤᠷᠢᠳᠬᠤ ᠪᠠ ᠲᠤᠰᠬᠠᠶᠢᠯᠠᠨ ᠲᠠᠭᠠᠭᠠᠨ ᠬᠢᠬᠦ ᠶᠢ ᠪᠠᠷᠢᠮᠳᠠᠯᠠᠨ᠎ᠠ᠃ ᠵᠠᠰᠠᠭ ᠤᠨ ᠤᠷᠲᠤᠨ ᠲᠦᠷᠦ ᠶᠢᠨ ᠪᠤᠲᠤᠯᠭ᠎ᠠ ᠲᠤᠭᠳᠠᠭᠠᠬᠤ᠂ ᠵᠤᠬᠢᠶᠠᠨ ᠪᠠᠶᠢᠭᠤᠯᠤᠨ ᠵᠤᠬᠢᠴᠠᠭᠤᠯᠬᠤ᠂ ᠬᠢᠨᠠᠯᠳᠠ ᠲᠠᠯᠪᠢᠵᠦ ᠬᠠᠮᠢᠶᠠᠷᠬᠤ ᠵᠡᠷᠭᠡ ᠲᠠᠯ᠎ᠠ ᠶᠢᠨ ᠲᠤᠰᠢᠶᠠᠯ ᠬᠠᠷᠢᠭᠤᠴᠠᠯᠭ᠎ᠠ ᠶᠢ ᠴᠢᠩᠭᠠᠳᠬᠠᠬᠤ  ᠶᠢᠨ ᠬᠠᠮᠲᠤ᠂ ᠬᠦᠨᠲᠤ ᠡᠪᠠᠳᠴᠢᠨ ᠤ ᠲᠠᠭᠠᠳᠬᠠᠯ ᠢ ᠬᠤᠳᠠᠯᠲᠤᠭᠠᠨ ᠤ ᠶᠠᠪᠤᠳᠠᠯ ᠤᠨ ᠲᠠᠭᠠᠳᠬᠠᠯ ᠤᠨ ᠪᠠᠶᠢᠭᠤᠯᠤᠮᠵᠢ ᠲᠠᠭᠠᠭᠠᠨ ᠬᠦᠢᠴᠡᠳᠬᠡᠬᠦ ᠠᠷᠭ᠎ᠠ ᠶᠢ ᠭᠡᠷᠡᠭᠯᠡᠵᠦ᠂ ᠵᠠᠬ᠎ᠠ ᠲᠡᠯᠭᠡᠬᠦᠷ ᠤᠨ ᠲᠤᠭᠳᠠᠴᠠ ᠶᠢᠨ ᠦᠢᠯᠡᠲᠤᠯ ᠪᠠ ᠬᠤᠳᠠᠯᠲᠤᠭᠠᠨ ᠤ ᠶᠠᠪᠤᠳᠠᠯ ᠤᠨ ᠲᠠᠭᠠᠳᠬᠠᠯ ᠤᠨ ᠪᠠᠶᠢᠭᠤᠯᠤᠮᠵᠢ ᠶᠢᠨ ᠲᠤᠰᠬᠠᠶᠢᠯᠠᠭᠰᠠᠨ ᠲᠠᠪᠠᠭᠤᠯᠢᠭ ᠢ ᠪᠠᠳᠠᠷᠠᠭᠤᠯᠵᠦ᠂ ᠬᠦᠨᠲᠤ ᠡᠪᠠᠳᠴᠢᠨ ᠤ ᠲᠠᠭᠠᠳᠬᠠᠯ ᠤᠨ ᠠᠵᠢᠯᠯᠠᠭᠠᠨ ᠤ ᠦᠷ᠎ᠠ ᠨᠤᠷᠮ᠎ᠠ᠂ ᠦᠢᠯᠠᠴᠢᠯᠡᠭᠡᠨ ᠤ ᠭᠡᠮᠵᠢᠶ᠎ᠡ ᠪᠠ ᠶᠠᠰᠤ ᠴᠢᠨᠠᠷ ᠢ ᠲᠡᠭᠡᠭᠰᠢᠯᠡᠬᠦᠯᠦᠨ᠎ᠠ᠃     ︵ᠲᠦᠷᠪᠠ︶ ᠲᠤᠭᠳᠠᠭᠤᠨ ᠢᠶᠠᠷ ᠲᠦᠯᠬᠢᠨ ᠠᠬᠢᠭᠤᠯᠬᠤ᠂ ᠦᠷᠬᠦᠯᠵᠢᠯᠠᠬᠦᠯᠦᠨ ᠭᠡᠷᠡᠭᠵᠢᠬᠦᠯᠬᠦ ᠶᠢ ᠪᠠᠷᠢᠮᠳᠠᠯᠠᠨ᠎ᠠ᠃ ᠬᠦᠨᠲᠤ ᠡᠪᠠᠳᠴᠢᠨ ᠤ ᠲᠠᠭᠠᠳᠬᠠᠯ ᠤᠨ ᠪᠠᠲᠤᠯᠠᠭ᠎ᠠ ᠶᠢᠨ ᠬᠡᠮᠵᠢᠶ᠎ᠠ ᠬᠢᠭᠡᠳ ᠠᠵᠤ ᠠᠬᠤᠢ ᠶᠢᠨ ᠨᠠᠶᠢᠭᠡᠮ ᠤᠨ ᠬᠦᠭᠵᠢᠯᠳᠡ᠂ ᠡᠮ ᠡᠮᠨᠡᠯᠭᠡ ᠶᠢᠨ ᠭᠡᠷᠡᠭᠯᠡᠭᠡᠨ ᠤ ᠭᠡᠮᠵᠢᠶ᠎ᠡ ᠪᠠ ᠨᠡᠶᠢᠭᠡᠮ ᠤᠨ ᠲᠠᠷᠤᠭᠠᠰᠤ ᠵᠡᠷᠭᠡ ᠶᠢ ᠬᠠᠷᠢᠯᠴᠠᠨ ᠲᠤᠬᠢᠷᠠᠭᠤᠯᠤᠨ᠎ᠠ᠃ ᠨᠠᠶᠢᠭᠡᠮ ᠤᠨ ᠬᠠᠷᠢᠯᠴᠠᠨ ᠬᠠᠪᠰᠤᠷᠤᠯᠴᠠᠨ ᠬᠠᠮᠲᠤ ᠪᠠᠷ ᠲᠤᠰᠠᠯᠠᠯᠴᠠᠬᠤ ᠶᠢ ᠴᠢᠩᠭᠠᠳᠬᠠᠵᠦ᠂ ᠵᠠᠰᠠᠭ ᠤᠨ ᠤᠷᠲᠤᠨ᠂ ᠬᠤᠪᠢ ᠬᠦᠮᠦᠨ ᠪᠠ ᠲᠠᠭᠠᠳᠬᠠᠯ ᠤᠨ ᠪᠠᠶᠢᠭᠤᠯᠤᠮᠵᠢ ᠬᠦᠨᠲᠤ ᠡᠪᠠᠳᠴᠢᠨ ᠤ ᠠᠶᠤᠯ ᠲᠦᠭᠰᠢᠬᠦᠷᠢ ᠶᠢ ᠬᠠᠮᠲᠤ ᠪᠠᠷ ᠬᠤᠪᠢᠶᠠᠨ ᠲᠠᠭᠠᠭᠠᠬᠤ ᠲᠤᠭᠳᠠᠴᠠ ᠶᠢ ᠪᠤᠢ ᠪᠤᠯᠭᠠᠨ᠎ᠠ᠃ ᠲᠤᠬᠠᠢ ᠶᠢᠨ ᠭᠠᠵᠠᠷ ᠲᠤᠨᠢ ᠲᠤᠬᠢᠷᠠᠭᠤᠯᠬᠤ᠂ ᠲᠦᠷᠢᠮᠵᠢᠬᠦᠯᠦᠨ ᠠᠵᠢᠯᠯᠠᠭᠤᠯᠬᠤ ᠶᠢ ᠪᠠᠷᠢᠮᠳᠠᠯᠠᠵᠦ᠂ ᠬᠦᠨᠲᠤ ᠡᠪᠠᠳᠴᠢᠨ ᠤ ᠲᠠᠭᠠᠳᠬᠠᠯ ᠤᠨ ᠲᠤᠭᠳᠠᠭᠤᠨ ᠡᠷᠡᠬᠦᠯ ᠢᠶᠠᠷ ᠠᠵᠢᠯᠯᠠᠬᠤ ᠪᠠ ᠦᠷᠬᠦᠯᠵᠢᠯᠠᠬᠦᠯᠦᠨ ᠬᠦᠭᠵᠢᠬᠦᠯᠬᠦ ᠶᠢ ᠪᠠᠶᠠᠯᠡᠬᠦᠯᠦᠨ᠎ᠠ᠃     ᠬᠤᠶᠠᠷ᠂ ᠪᠠᠲᠤᠯᠠᠭ᠎ᠠ ᠶᠢᠨ ᠳ᠋ᠦᠢᠰᠢᠶᠠᠩ     ᠠᠯᠠᠱᠨ ᠠᠶᠢᠮᠠᠭ ᠤᠨ ᠬᠤᠳᠠ ᠬᠦᠳᠡᠭᠡ ᠶᠢᠨ ᠰᠠᠭᠤᠭᠠᠯᠢ ᠠᠷᠠᠳ ‍ᠤᠨ‌ᠦᠨᠲᠤᠰᠤᠨ ᠡᠮ ᠡᠮᠨᠡᠯᠭᠡ ᠶᠢᠨ ᠲᠠᠭᠠᠳᠬᠠᠯ ᠳᠤ ᠤᠷᠤᠯᠴᠠᠬᠤ ᠬᠦᠮᠦᠰ ᠢᠶᠠᠷ ᠬᠦᠨᠲᠤ ᠡᠪᠠᠳᠴᠢᠨ ᠤ ᠲᠠᠭᠠᠳᠬᠠᠯ ᠤᠨ ᠪᠠᠲᠤᠯᠠᠭ᠎ᠠ ᠶᠢᠨ ᠳ᠋ᠦᠢᠰᠢᠶᠠᠩ ᠪᠤᠯᠭᠠᠨ᠎ᠠ᠃     ᠭᠤᠷᠪᠠ᠂ ᠪᠠᠲᠤᠯᠠᠭ᠎ᠠ ᠶᠢᠨ ᠬᠦᠷᠢᠶ᠎ᠠ ᠭᠡᠪᠴᠢᠶ᠎ᠠ     ᠲᠠᠭᠠᠳᠬᠠᠯ ᠳᠤ ᠤᠷᠤᠯᠴᠠᠭᠰᠠᠨ ᠡᠪᠠᠳᠴᠢᠳᠠᠨ ᠤ ᠡᠮ ᠡᠮᠨᠡᠯᠭᠡ ᠶᠢᠨ ᠵᠠᠷᠤᠳᠠᠯ ᠰᠦᠢᠳᠭᠡᠯ ᠢ ᠰᠠᠭᠤᠭᠠᠯᠢ ᠠᠷᠠᠳ ᠤᠨ ᠦᠨᠲᠤᠰᠤᠨ ᠡᠮ ᠡᠮᠨᠡᠯᠭᠡ ᠶᠢᠨ ᠲᠠᠭᠠᠳᠬᠠᠯ ᠤᠨ ᠰᠠᠭᠤᠷᠢ ᠮᠦᠩᠬᠦᠨ ᠠᠴᠠ ᠲᠤᠰᠢᠶᠠᠭᠰᠠᠨ ᠤ ᠬᠤᠶᠢᠨ᠎ᠠ᠂ ᠬᠤᠪᠢ ᠬᠦᠮᠦᠨ ᠤ ᠲᠠᠭᠠᠭᠠᠨ ᠡᠬᠦᠷᠭᠡᠯᠡᠵᠦ ᠪᠠᠶᠢᠭ᠎ᠠ ᠡᠮᠨᠡᠯᠭᠡ ᠳᠤ ᠰᠠᠭᠤᠭᠰᠠᠨ ᠪᠠ ᠡᠬᠦᠳᠡᠨ ᠡᠮᠨᠡᠯᠭᠡ  ᠶᠢᠨ ᠤᠳᠠᠭᠠᠨ ᠴᠢᠨᠠᠷᠲᠡᠢ ᠡᠪᠠᠳᠴᠢᠨ ᠤ ᠲᠦᠷᠢᠮ ᠳᠤ ᠲᠤᠬᠢᠷᠠᠬᠤ ᠡᠮ ᠡᠮᠨᠡᠯᠭᠡ ᠶᠢᠨ ᠵᠠᠷᠤᠳᠠᠯ ᠰᠦᠢᠳᠭᠡᠯ ᠢ ᠵᠢᠯ  ᠳᠤ ᠨᠠᠶᠢᠯᠠᠬᠦᠯᠵᠦ ᠪᠤᠲᠤᠭᠠᠳ ᠲᠤᠭᠳᠠᠭᠰᠠᠨ ᠲᠤᠭ᠎ᠠ ᠠᠴᠠ ᠭᠡᠲᠤᠷᠡᠭᠰᠡᠨ ᠪᠠᠶᠢᠪᠠᠯ ᠬᠦᠨᠲᠤ ᠡᠪᠠᠳᠴᠢᠨ ᠤ ᠲᠠᠭᠠᠳᠬᠠᠯ ᠠᠴᠠ ᠵᠤᠬᠢᠬᠤ ᠬᠠᠷᠢᠴᠠᠯ ᠢᠶᠠᠷ ᠪᠠᠲᠤᠯᠠᠵᠦ ᠦᠭᠬᠦᠨ᠎ᠠ᠃ ᠲᠦᠷᠢᠮ ᠳᠤ ᠲᠤᠬᠢᠷᠠᠬᠤ ᠡᠮ ᠡᠮᠨᠡᠯᠭᠡ ᠶᠢᠨ ᠰᠦᠢᠳᠭᠡᠯ ᠪᠤᠯ ᠲᠦᠷᠦ ᠶᠢᠨ ᠪᠤᠲᠤᠯᠭ᠎ᠠ ᠶᠢᠨ ᠬᠦᠷᠢᠶ᠎ᠡ ᠭᠡᠪᠴᠢᠶᠠᠨ ᠤ ᠲᠤᠲᠤᠷᠠᠬᠢ ᠰᠦᠢᠳᠭᠡᠯ ᠪᠤᠯᠤᠨ᠎ᠠ᠂ ᠲᠠᠷᠤᠢ ᠲᠠᠭᠠᠳᠬᠠᠯ ᠳᠤ ᠤᠷᠤᠯᠴᠠᠭᠰᠠᠨ ᠬᠦᠮᠦᠰ ᠲᠤᠭᠳᠠᠮᠠᠯ ᠴᠡᠭ ᠤᠨ ᠡᠮ ᠡᠮᠨᠡᠯᠭᠡ ᠶᠢᠨ ᠪᠠᠶᠢᠭᠤᠯᠤᠮᠵᠢ ᠶᠢᠨ ᠡᠮᠨᠡᠯᠭᠡ ᠳᠤ ᠰᠠᠭᠤᠭᠰᠠᠨ ᠪᠠ ᠡᠬᠦᠳᠠᠨ ᠡᠮᠨᠡᠯᠭᠡ ᠶᠢᠨ ᠤᠳᠠᠭᠠᠨ ᠴᠢᠨᠠᠷᠲᠡᠢ ᠡᠪᠠᠳᠴᠢᠨ ᠠᠴᠠ ᠪᠤᠯᠤᠭᠰᠠᠨ ︽ᠤᠯᠤᠰ ᠤᠨ ᠦᠨᠲᠤᠰᠤᠨ ᠡᠮ ᠡᠮᠨᠡᠯᠭᠡ ᠶᠢᠨ ᠲᠠᠭᠠᠳᠬᠠᠯ ᠤᠨ ᠡᠮ ᠤᠨ ᠭᠠᠷᠴᠠᠭ︾᠂ ︽ᠤᠯᠤᠰ ᠤᠨ ᠦᠨᠲᠤᠰᠤᠨ ᠡᠮ ᠡᠮᠨᠡᠯᠭᠡ  ᠶᠢᠨ ᠲᠠᠭᠠᠳᠬᠠᠯ ᠤᠨ ᠡᠮᠨ᠋ᠨᠨ ᠵᠠᠰᠠᠬᠤ ᠲᠦᠷᠦᠯ ᠵᠦᠢᠯ ᠪᠠ ᠡᠮ ᠡᠮᠨᠡᠯᠭᠡ ᠶᠢᠨ ᠦᠢᠯᠠᠴᠢᠯᠡᠭᠡᠨ ᠤ ᠲᠤᠨᠤᠭ ᠲᠦᠬᠦᠭᠡᠷᠤᠮᠵᠢ ᠶᠢᠨ ᠬᠦᠷᠢᠶ᠎ᠡ ᠭᠡᠪᠴᠢᠶ᠎ᠠ ᠵᠢᠴᠢ ᠤᠯᠭᠤᠬᠤ ᠪᠠᠷᠢᠮᠵᠢᠶ᠎ᠠ︾ ᠶᠢᠨ ᠲᠤᠭᠳᠠᠭᠠᠯ ᠲᠤᠲᠤᠷᠠᠬᠢ ᠡᠮ ᠡᠮᠨᠡᠯᠭᠡ ᠶᠢᠨ ᠵᠠᠷᠤᠳᠠᠯ ᠪᠤᠯᠤᠨ᠎ᠠ᠃ ᠲᠤᠤᠷᠠᠬᠢ ᠪᠠᠶᠢᠳᠠᠯ ᠨᠢ ᠰᠠᠭᠤᠭᠠᠯᠢ ᠠᠷᠠᠳ ᠤᠨ ᠬᠦᠨᠲᠤ ᠡᠪᠠᠳᠴᠢᠨ ᠤ ᠲᠠᠭᠠᠳᠬᠠᠯ ᠢ ᠤᠯᠭᠤᠬᠤ ᠬᠦᠷᠢᠶ᠎ᠡ ᠭᠡᠪᠴᠢᠶᠠᠨ ᠳᠤ ᠪᠠᠭᠳᠠᠬᠤ ᠦᠭᠡᠢ᠄     ︵ᠨᠢᠭᠡ︶ ᠠᠵᠢᠯ ᠠᠴᠠ ᠪᠤᠯᠤᠭᠰᠠᠨ ᠭᠡᠮᠲᠤᠯ ᠤᠨ ᠲᠠᠭᠠᠳᠬᠠᠯ ᠤᠨ ᠰᠠᠭᠤᠷᠢ ᠮᠦᠩᠬᠦ ᠠᠴᠠ ᠤᠯᠭᠤᠬᠤ ᠶᠤᠰᠤᠲᠡᠢ ᠵᠠᠷᠤᠳᠠᠯ︔     ︵ᠬᠤᠶᠠᠷ︶ ᠭᠤᠷᠪᠠᠲᠤᠭᠠᠷ ᠡᠳᠡᠭᠡᠳ ᠲᠠᠭᠠᠭᠠᠨ ᠡᠬᠦᠷᠭᠡᠯᠡᠬᠦ ᠶᠤᠰᠤᠲᠡᠢ ᠵᠠᠷᠤᠳᠠᠯ︔     ︵ᠭᠤᠷᠪᠠ︶ ᠤᠯᠠᠨ ᠨᠠᠶᠢᠳᠠ ᠶᠢᠨ ᠡᠷᠡᠬᠦᠯ ᠬᠠᠮᠠᠭᠠᠯᠠᠯ ᠲᠠᠭᠠᠭᠠᠨ ᠡᠬᠦᠷᠭᠡᠯᠡᠬᠦ ᠶᠤᠰᠤᠲᠡᠢ ᠵᠠᠷᠤᠳᠠᠯ︔     ︵ᠲᠦᠷᠪᠠ  ︶ ᠬᠢᠯᠢ ᠶᠢᠨ ᠭᠠᠳᠠᠨ᠎ᠠ ᠡᠮᠴᠢᠯᠡᠭᠦᠯᠦᠭᠰᠡᠨ ᠵᠠᠷᠤᠳᠠᠯ︔     ᠲᠦᠷᠪᠠ᠂ ᠵᠤᠭᠤᠰ ᠴᠤᠭᠯᠠᠭᠤᠯᠬᠤ ᠪᠠᠷᠢᠮᠵᠢᠶ᠎ᠠ     ᠬᠦᠨᠲᠤ ᠡᠪᠠᠳᠴᠢᠨ ᠤ ᠲᠠᠭᠠᠳᠬᠠᠯ ᠤᠨ ᠰᠠᠭᠤᠷᠢ ᠮᠦᠩᠬᠦ ᠶᠢ ᠪᠠᠶᠢᠭᠤᠯᠬᠤ ᠳᠤ᠂ ᠬᠦᠨᠲᠤ ᠡᠪᠠᠳᠴᠢᠨ ᠤ ᠲᠠᠭᠠᠳᠬᠠᠯ ᠤᠨ ᠪᠠᠯᠨ ᠮᠦᠩᠬᠦ ᠶᠢ ᠬᠤᠳᠠ ᠭᠦᠳᠡᠭᠡ ᠶᠢᠨ ᠰᠠᠭᠤᠭᠠᠯᠢ ᠠᠷᠠᠳ ᠤᠨ ᠦᠨᠲᠤᠰᠤᠨ ᠡᠮ ᠡᠮᠨᠡᠯᠭᠡ ᠶᠢᠨ ᠲᠠᠭᠠᠳᠬᠠᠯ ᠤᠨ ᠰᠠᠭᠤᠷᠢ ᠮᠦᠩᠬᠦᠨ ᠤ ᠲᠤᠮᠳᠠ ᠠᠴᠠ ᠰᠢᠯᠵᠢᠬᠦᠯᠦᠨ ᠦᠭᠬᠦᠨ᠎ᠠ᠃  ᠬᠦᠨᠲᠤ ᠡᠪᠠᠳᠴᠢᠨ ᠤ ᠲᠠᠭᠠᠳᠬᠠᠯ ᠤᠨ ᠰᠠᠭᠤᠷᠢ ᠮᠦᠩᠬᠦ ᠶᠢ ᠵᠠᠷᠴᠢᠮ ᠲᠡᠭᠡᠷ᠎ᠠ ᠪᠠᠨ ᠲᠡᠭᠡᠷ᠎ᠠ ᠵᠢᠯ ᠤᠨ ᠬᠦᠮᠦᠨ ᠲᠤᠮᠳᠠᠴᠢ ᠶᠢᠨ ᠴᠤᠭᠯᠠᠭᠤᠯᠬᠤ ᠪᠠᠯᠨ ᠶᠢᠨ ᠪᠠᠷᠢᠮᠵᠢᠶ᠎ᠠ   ᠶᠢᠨ 5% ᠠᠴᠠ ᠲᠤᠤᠷ᠎ᠠ ᠦᠭᠡᠢ ᠪᠠᠷ ᠴᠤᠭᠯᠠᠭᠤᠯᠤᠨ᠎ᠠ᠃ ᠪᠦᠬᠦ ᠠᠶᠢᠮᠠᠭ  ᠤᠨ ᠠᠵᠤ ᠠᠬᠤᠢ ᠶᠢᠨ ᠨᠠᠶᠢᠭᠡᠮ ᠤᠨ ᠬᠦᠭᠵᠢᠯᠳᠡ ᠶᠢᠨ ᠭᠡᠮᠵᠢᠶ᠎ᠡ᠂ ᠬᠦᠨᠲᠤ ᠡᠪᠠᠳᠴᠢᠨ ᠳᠤ ᠨᠡᠷᠪᠡᠭᠳᠡᠵᠦ ᠶᠡᠭᠡ ᠭᠡᠮᠵᠢᠶᠠᠨ ᠤ ᠡᠮ ᠡᠮᠨᠡᠯᠭᠡ ᠶᠢᠨ ᠰᠦᠢᠳᠭᠡᠯ ᠡᠬᠦᠰᠭᠡᠭᠰᠡᠨ ᠪᠠᠶᠢᠳᠠᠯ ᠵᠢᠴᠢ ᠬᠦᠨᠲᠤ ᠡᠪᠠᠳᠴᠢᠨ ᠤ ᠲᠠᠭᠠᠳᠬᠠᠯ ᠤᠨ ᠪᠠᠲᠤᠯᠠᠭ᠎ᠠ ᠶᠢᠨ ᠬᠡᠮᠵᠢᠶ᠎ᠠ ᠵᠡᠷᠭᠡ ᠡᠯᠧᠮᠧᠨ᠋ᠲ ᠲᠠᠢ ᠤᠶᠠᠯᠲᠤᠭᠤᠯᠵᠦ᠂ ᠪᠠᠯᠨ ᠴᠤᠭᠯᠠᠭᠤᠯᠬᠤ ᠪᠠᠷᠢᠮᠵᠢᠶ᠎ᠠ ᠪᠠ ᠵᠤᠭᠤᠰ ᠤᠯᠭᠤᠬᠤ ᠭᠡᠮᠵᠢᠶ᠎ᠡ ᠶᠢ ᠵᠦᠢ ᠵᠤᠬᠢᠰᠲᠡᠢ ᠲᠤᠭᠳᠠᠭᠠᠵᠦ᠂ ᠬᠤᠳᠠ ᠬᠦᠳᠡᠭᠡ ᠶᠢᠨ ᠰᠠᠭᠤᠭᠠᠯᠢ ᠠᠷᠠᠳ ᠤᠨ ᠬᠦᠨᠳᠦ ᠡᠪᠠᠳᠴᠢᠨ ᠤ ᠲᠠᠭᠠᠳᠬᠠᠯ ᠤᠨ ᠪᠠᠯᠨ ᠴᠤᠭᠯᠠᠭᠤᠯᠬᠤ ᠪᠠᠷᠢᠮᠵᠢᠶ᠎ᠠ ᠶᠢ ᠬᠦᠮᠦᠨ ᠪᠦᠷᠢ ᠵᠢᠯ ᠳᠤ 45 ᠲᠦᠬᠦᠷᠢᠭ ᠢᠶᠠᠷ ᠲᠦᠷ ᠲᠤᠭᠳᠠᠭᠠᠪᠠ᠃ᠬᠦᠮᠦᠨ ᠤ ᠬᠦᠴᠦᠨ ᠤ ᠡᠬᠢ ᠪᠠᠶᠠᠯᠢᠭ ᠪᠤᠯᠤᠨ ᠨᠠᠶᠢᠭᠡᠮ ᠤᠨ ᠪᠠᠲᠤᠯᠠᠭ᠎ᠠ ᠶᠢᠨ ᠰᠠᠯᠠᠭ᠎ᠠ ᠮᠦᠴᠢᠷ ᠬᠢᠭᠡᠳ ᠡᠳ᠋ ᠤᠨ ᠵᠠᠰᠠᠭ ᠤᠨ ᠰᠠᠯᠠᠭ᠎ᠠ ᠮᠦᠴᠢᠷ  ᠪᠦᠬᠦ ᠠᠶᠢᠮᠠᠭ ᠤᠨ ᠬᠦᠨᠲᠤ ᠡᠪᠠᠳᠴᠢᠨ ᠤ ᠲᠠᠭᠠᠳᠬᠠᠯ  ᠤᠨ ᠪᠠᠯᠨ ᠮᠦᠩᠬᠦ ᠶᠢ ᠬᠤᠷᠢᠶᠠᠵᠦ ᠴᠤᠭᠯᠠᠭᠤᠯᠬᠤ ᠬᠠᠮᠢᠶᠠᠷᠤᠯᠳᠠ ᠶᠢᠨ ᠠᠵᠢᠯ ᠢ ᠬᠠᠮᠲᠤᠷᠠᠨ ᠬᠠᠷᠢᠭᠤᠴᠠᠵᠦ᠂ ᠲᠡᠷᠡᠴᠢᠯᠠᠨ ᠲᠠᠭᠠᠭᠠᠨ ᠡᠷᠬᠢᠯᠡᠭᠰᠡᠨ ᠬᠤᠳᠠᠯᠲᠤᠭᠠᠨ ᠤ ᠶᠠᠪᠤᠳᠠᠯ ᠤᠨ ᠲᠠᠭᠠᠳᠬᠠᠯ ᠤᠨ ᠪᠠᠶᠢᠭᠤᠯᠤᠮᠵᠢ ᠲᠠᠢ ᠬᠡᠯᠡᠯᠴᠡᠨ ᠲᠤᠭᠳᠠᠭᠰᠠᠨ ᠪᠠᠶᠢᠳᠠᠯ ᠢ ᠦᠨᠲᠤᠰᠦᠯᠠᠵᠦ ᠬᠤᠳᠠ ᠬᠦᠳᠡᠭᠡ ᠶᠢᠨ ᠰᠠᠭᠤᠭᠠᠯᠢ ᠠᠷᠠᠳ ᠤᠨ ᠬᠦᠨᠲᠤ ᠡᠪᠠᠳᠴᠢᠨ ᠤ ᠲᠠᠭᠠᠳᠬᠠᠯ ᠤᠨ ᠪᠠᠯᠨ ᠮᠦᠩᠬᠦ ᠶᠢ ᠲᠠᠭᠠᠭᠠᠨ ᠡᠷᠬᠢᠯᠡᠭᠰᠡᠨ ᠬᠤᠳᠠᠯᠲᠤᠭᠠᠨ ᠤ ᠶᠠᠪᠤᠳᠠᠯ ᠤᠨ ᠲᠠᠭᠠᠳᠬᠠᠯ ᠤᠨ ᠪᠠᠶᠢᠭᠤᠯᠤᠮᠵᠢ ᠠᠴᠠ ᠰᠢᠯᠵᠢᠬᠦᠯᠦᠨ ᠦᠭᠬᠦᠨ᠎ᠠ᠃     ᠲᠠᠪᠤ᠂ ᠲᠠᠰ ᠲᠠᠪᠬᠤᠷᠭ᠎ᠠ ᠶᠢ ᠨᠢᠭᠡᠲᠤᠯᠲᠡᠢ ᠲᠦᠯᠦᠪᠯᠡᠨ᠎ᠡ     ᠬᠦᠨᠲᠤ ᠡᠪᠠᠳᠴᠢᠨ ᠤ ᠲᠠᠭᠠᠳᠬᠠᠯ ᠢ ᠠᠶᠢᠮᠠᠭ ᠤᠨ ᠱᠠᠲᠤᠨ ᠠᠴᠠ ᠨᠢᠭᠡᠲᠤᠯᠲᠡᠢ ᠲᠦᠯᠦᠪᠯᠡᠨ᠎ᠡ᠃ ᠪᠦᠬᠦ ᠠᠶᠢᠮᠠᠭ ᠬᠦᠨᠲᠤ ᠡᠪᠠᠳᠴᠢᠨ ᠤ ᠲᠠᠭᠠᠳᠬᠠᠯ ᠤᠨ ᠲᠦᠷᠦ ᠶᠢᠨ ᠪᠤᠲᠤᠯᠭ᠎ᠠ᠂ ᠪᠠᠯᠨ ᠴᠤᠭᠯᠠᠭᠤᠯᠬᠤ ᠪᠠᠷᠢᠮᠵᠢᠶ᠎ᠠ᠂ ᠬᠠᠷᠠᠭᠠᠯᠵᠠᠯ ᠤᠨ ᠪᠠᠷᠢᠮᠵᠢᠶ᠎ᠠ ᠶᠢ ᠨᠢᠭᠡᠲᠤᠯᠲᠡᠢ ᠪᠠᠶᠢᠯᠭᠠᠵᠦ᠂ ᠨᠢᠭᠡᠲᠤᠯᠲᠡᠢ ᠲᠠᠭᠠᠭᠠᠴᠢᠯᠠᠯᠳᠠ ᠵᠠᠷᠯᠠᠵᠦ᠂ ᠨᠢᠭᠡᠲᠤᠯᠲᠡᠢ ᠵᠤᠬᠢᠶᠠᠨ ᠪᠠᠶᠢᠭᠤᠯᠤᠨ ᠭᠡᠷᠡᠭᠵᠢᠬᠦᠯᠦᠨ᠎ᠠ᠃     ᠵᠢᠷᠭᠤᠭ᠎ᠠ᠂ ᠬᠠᠷᠠᠭᠠᠯᠵᠠᠯ ᠤᠨ ᠭᠡᠮᠵᠢᠶ᠎ᠡ     ᠬᠦᠨᠲᠤ ᠡᠪᠠᠳᠴᠢᠨ ᠤ ᠲᠠᠭᠠᠳᠬᠠᠯ ᠢ ᠡᠬᠢᠯᠠᠵᠦ ᠦᠭᠬᠦ ᠪᠠᠷᠢᠮᠵᠢᠶ᠎ᠠ ᠶᠢ ᠲᠤᠭᠳᠠᠭᠠᠬᠤ ᠳᠠᠭᠠᠨ ᠲᠤᠭ᠎ᠠ ᠪᠦᠷᠢᠳᠭᠡᠯ ᠤᠨ ᠰᠠᠯᠠᠭ᠎ᠠ ᠮᠦᠴᠢᠷ ᠠᠴᠠ ᠨᠡᠶᠢᠳᠡᠯᠡᠭᠰᠡᠨ ᠲᠡᠭᠡᠷ᠎ᠠ ᠨᠢᠭᠡ ᠵᠢᠯ ᠤᠨ ᠪᠦᠬᠦ ᠠᠶᠢᠮᠠᠭ ᠤᠨ ᠬᠤᠳᠠ ᠬᠦᠳᠡᠭᠡ ᠶᠢᠨ ᠰᠠᠭᠤᠭᠠᠯᠢ ᠠᠷᠠᠳ ᠤᠨ ᠬᠦᠮᠦᠨ ᠲᠤᠮᠳᠠᠴᠢ ᠶᠢᠨ ᠡᠵᠡᠮᠳᠡᠵᠦ ᠪᠤᠯᠬᠤ ᠤᠷᠤᠯᠭ᠎ᠠ ᠪᠠᠷ ᠬᠦᠨᠲᠤ ᠡᠪᠠᠳᠴᠢᠨ ᠤ ᠲᠠᠭᠠᠳᠬᠠᠯ ᠤᠨ ᠰᠠᠭᠤᠷᠢ ᠮᠦᠩᠬᠦᠨ ᠤ ᠤᠷᠤᠯᠭ᠎ᠠ ᠵᠠᠷᠤᠯᠭ᠎ᠠ ᠶᠢᠨ ᠪᠠᠶᠢᠳᠠᠯ ᠲᠠᠢ ᠤᠶᠠᠯᠲᠤᠭᠤᠯᠤᠨ ᠲᠤᠭᠳᠠᠭᠠᠵᠦ᠂ ᠠᠶᠢᠮᠠᠭ ᠤᠨ ᠬᠦᠮᠦᠨ ᠤ ᠬᠦᠴᠦᠨ ᠤ ᠡᠬᠢ ᠪᠠᠶᠠᠯᠢᠭ ᠪᠠ ᠨᠠᠶᠢᠭᠡᠮ ᠤᠨ ᠪᠠᠲᠤᠯᠠᠭ᠎ᠠ ᠶᠢᠨ ᠰᠠᠯᠠᠭ᠎ᠠ ᠮᠦᠴᠢᠷ ᠨᠢ ᠠᠶᠢᠮᠠᠭ ᠤᠨ ᠡᠳ᠋ ᠤᠨ ᠵᠠᠰᠠᠭ ᠤᠨ ᠲᠤᠪᠴᠢᠶ᠎ᠠ ᠲᠠᠢ ᠬᠠᠮᠲᠤᠷᠠᠨ ᠰᠤᠲᠤᠯᠤᠭᠰᠠᠨ ᠤ ᠲᠠᠷᠠᠭ᠎ᠠ ᠨᠡᠶᠢᠳᠡᠯᠡᠨ᠎ᠠ᠃ ᠬᠦᠨᠳᠦ ᠡᠪᠠᠳᠴᠢᠨ ᠤ ᠲᠠᠭᠠᠳᠬᠠᠯ ᠤᠨ ᠡᠬᠢᠯᠡᠵᠦ ᠦᠭᠬᠦ ᠪᠠᠷᠢᠮᠵᠢᠶ᠎ᠠ ᠶᠢ 10000 ᠲᠦᠬᠦᠷᠢᠭ ᠦᠭᠬᠦ ᠪᠠᠷ ᠲᠦᠷ ᠲᠤᠭᠳᠠᠭᠠᠪᠠ᠃ᠬᠦᠨᠲᠤ ᠡᠪᠠᠳᠴᠢᠨ ᠤ ᠲᠠᠭᠠᠳᠬᠠᠯ ᠤᠨ ᠨᠦᠬᠦᠪᠤᠷᠢ ᠦᠭᠬᠦ ᠬᠠᠷᠢᠴᠠᠯ ᠢ ᠭᠡᠰᠡᠭ ᠬᠤᠪᠢᠶᠠᠬᠤ ᠠᠷᠭ᠎ᠠ ᠪᠠᠷ ᠲᠤᠭᠳᠠᠭᠠᠪᠠ᠃ ᠲᠠᠭᠠᠳᠬᠠᠯ ᠳᠤ ᠤᠷᠤᠯᠴᠠᠭᠰᠠᠨ ᠬᠦᠮᠦᠨ ᠤ ᠡᠮᠨᠡᠯᠭᠡ ᠶᠢᠨ ᠰᠦᠢᠳᠭᠡᠯ ᠨᠢ ᠡᠮ ᠡᠮᠨᠡᠯᠭᠡ ᠶᠢᠨ ᠲᠠᠭᠠᠳᠬᠠᠯ ᠤᠨ ᠳ᠋ᠦᠩᠨᠠᠨ ᠪᠤᠲᠤᠬᠤ ᠵᠢᠯ ᠤᠨ ᠲᠤᠲᠤᠷ᠎ᠠ ᠡᠬᠢᠯᠠᠵᠦ ᠦᠭᠬᠦ ᠪᠠᠷᠢᠮᠵᠢᠶ᠎ᠠ ᠠᠴᠠ ᠭᠡᠲᠤᠷᠡᠭᠰᠡᠨ ᠪᠤᠯ ᠲᠦᠷᠢᠮ ᠳᠤ ᠨᠠᠶᠢᠴᠡᠭᠰᠡᠨ ᠡᠮ ᠡᠮᠨᠡᠯᠭᠡ ᠶᠢᠨ ᠲᠠᠭᠠᠳᠬᠠᠯ ᠤᠨ ᠰᠦᠢᠳᠭᠡᠯ ᠤᠨ 1 ᠲᠦᠮᠠᠨ ᠲᠦᠬᠦᠷᠢᠭ ᠠᠴᠠ ᠲᠡᠭᠡᠭᠰᠢ 3 ᠲᠦᠮᠠᠨ ᠲᠦᠬᠦᠷᠢᠭ ᠠᠴᠠ ᠲᠤᠷᠤᠭᠰᠢᠬᠢ ︵3 ᠲᠦᠮᠠᠨ ᠲᠦᠬᠦᠷᠢᠭ ᠪᠠᠭᠳᠠᠨ᠎ᠠ︶ ᠭᠡᠰᠡᠭ ᠢ 55% ᠶᠢᠨ ᠬᠠᠷᠢᠴᠠᠯ ᠢᠶᠠᠷ ᠨᠦᠬᠦᠪᠤᠷᠢᠯᠠᠨ᠎ᠠ︔ 3 ᠲᠦᠮᠠᠨ ᠲᠦᠬᠦᠷᠢᠭ ᠠᠴᠠ 6 ᠲᠦᠮᠠᠨ ᠲᠦᠬᠦᠷᠢᠭ  ︵6 ᠲᠦᠮᠠᠨ ᠲᠦᠬᠦᠷᠢᠭ ᠪᠠᠭᠳᠠᠨ᠎ᠠ︶ ᠤᠨ ᠭᠡᠰᠡᠭ ᠢ 65% ᠶᠢᠨ ᠬᠠᠷᠢᠴᠠᠯ ᠢᠶᠠᠷ ᠨᠦᠬᠦᠪᠤᠷᠢᠯᠠᠨ᠎ᠠ︔ 6 ᠲᠦᠮᠠᠨ ᠲᠦᠬᠦᠷᠢᠭ ᠠᠴᠠ ᠳᠡᠭᠡᠭᠰᠢᠬᠢ ᠭᠡᠰᠡᠭ ᠢ 75% ᠶᠢᠨ ᠬᠠᠷᠢᠴᠠᠯ ᠢᠶᠠᠷ ᠨᠦᠬᠦᠪᠤᠷᠢᠯᠠᠨ᠎ᠠ᠃ ᠬᠦᠨᠲᠤ ᠡᠪᠠᠳᠴᠢᠨ ᠤ ᠲᠠᠭᠠᠳᠬᠠᠯ ᠢ ᠲᠦᠯᠦᠵᠦ ᠦᠭᠬᠦ ᠳᠤ ᠲᠡᠭᠡᠷᠡᠬᠢ ᠱᠤᠭᠤᠮ ᠢ ᠬᠢᠵᠠᠭᠠᠷᠯᠠᠬᠤ ᠦᠭᠡᠢ᠃      ᠤᠯᠤᠰ᠂ ᠦᠪᠠᠷᠳᠡᠭᠡᠨ ᠵᠠᠰᠠᠬᠤ ᠤᠷᠤᠨ ᠵᠢᠴᠢ ᠠᠶᠢᠮᠠᠭ ᠤᠨ ᠤᠨᠤᠪᠴᠢᠲᠡᠢ ᠪᠠᠷ ᠶᠠᠳᠠᠭᠤ ᠶᠢ ᠲᠡᠳᠬᠦᠬᠦ ᠬᠤᠯᠪᠤᠭᠳᠠᠯ ᠪᠦᠬᠦᠢ ᠲᠦᠷᠦ ᠶᠢᠨ ᠪᠤᠲᠤᠯᠭ᠎ᠠ ᠶᠤᠰᠤᠭᠠᠷ᠂ ᠶᠠᠳᠠᠭᠤ ᠬᠦᠴᠢᠷᠳᠡᠯᠲᠡᠢ ᠡᠪᠠᠳᠴᠢᠳᠠᠨ ᠤ ᠬᠦᠨᠳᠦ ᠡᠪᠠᠳᠴᠢᠨ ᠤ ᠳᠠᠭᠠᠳᠬᠠᠯ ᠤᠨ ᠡᠬᠢᠯᠠᠵᠦ ᠦᠭᠬᠦ ᠵᠤᠭᠤᠰᠤᠨ ᠤ ᠭᠡᠮᠵᠢᠶ᠎ᠠ ᠶᠢ 50% ᠪᠠᠷ ᠪᠠᠭᠤᠷᠠᠭᠤᠯᠬᠤ ᠲᠠᠩᠰᠠ ᠪᠠᠶᠢᠭᠤᠯᠤᠨ ᠺᠠᠷᠲ ᠬᠢᠵᠦ  ᠂ ᠭᠡᠰᠡᠭ ᠬᠤᠪᠢᠶᠠᠨ ᠮᠡᠳᠡᠬᠦᠯᠦᠨ ᠤᠰᠠᠳᠬᠠᠬᠤ ᠬᠠᠷᠢᠴᠠᠯ ᠢ ᠭᠡᠰᠡᠭ ᠪᠦᠷᠢ ᠳᠤ 5 ᠵᠠᠭᠤᠨ ᠤ ᠨᠢᠭᠡᠴᠢ ᠪᠠᠷ ᠲᠡᠭᠡᠭᠰᠢᠯᠡᠬᠦᠯᠦᠨ᠎ᠠ᠃ ᠡᠪᠠᠳᠴᠢᠨ ᠲᠠᠢ ᠪᠤᠶᠤ ᠵᠡᠮᠳᠡᠭ ᠭᠡᠤᠭᠡᠳ ᠵᠢᠴᠢ ᠬᠦᠨᠲᠤ ᠭᠡᠮᠵᠢᠶᠠᠨ  ᠤ ᠵᠡᠮᠳᠡᠭ ᠬᠦᠮᠦᠨ ᠬᠤᠰᠢᠭᠤ ᠱᠠᠲᠤ᠂ ᠰᠤᠮᠤ ᠪᠠᠯᠭᠠᠰᠤᠨ ᠤ ᠱᠠᠲᠤᠨ ᠤ  ᠲᠤᠭᠳᠠᠮᠠᠯ ᠴᠡᠭ ᠤᠨ ᠡᠮ ᠡᠮᠨᠡᠯᠭᠡ ᠶᠢᠨ ᠪᠠᠶᠢᠭᠤᠯᠤᠮᠵᠢ ᠶᠢᠨ ᠡᠮᠨᠡᠯᠭᠡ ᠳᠤ ᠰᠠᠭᠤᠵᠦ ᠡᠮᠴᠢᠯᠠᠬᠦᠯᠬᠦ ᠳᠤ᠂ ᠡᠬᠢᠯᠠᠵᠦ ᠦᠭᠬᠦ ᠵᠤᠭᠤᠰᠤᠨ ᠤ ᠬᠢᠵᠠᠭᠠᠷ ᠢ ᠦᠭᠡᠶᠢᠰᠭᠡᠵᠦ᠂ ᠲᠠᠩᠰᠠᠨ ᠠᠴᠠ ᠬᠠᠷᠢᠴᠠᠯ ᠶᠤᠰᠤᠭᠠᠷ ᠰᠢᠭᠤᠳ ᠮᠡᠳᠡᠬᠦᠯᠦᠨ ᠤᠰᠠᠳᠬᠠᠨ᠎ᠠ᠃     ᠳᠤᠯᠤᠭ᠎ᠠ  ᠂ ᠭᠠᠷᠳᠠᠨ ᠬᠦᠢᠴᠡᠳᠭᠡᠬᠦ ᠠᠷᠭ᠎ᠠ ᠪᠠᠷᠢᠯ     ︵ᠨᠢᠬᠡ︶ ᠳᠠᠭᠠᠭᠠᠴᠢᠯᠠᠯᠲᠠ ᠵᠠᠷᠯᠠᠬᠤ ᠶᠢ ᠬᠠᠷᠢᠭᠤᠴᠠᠨ ᠬᠦᠢᠴᠡᠳᠬᠡᠬᠦ᠃ ᠠᠶᠢᠮᠠᠭ ᠤᠨ ᠬᠦᠮᠦᠨ ᠤ ᠬᠦᠴᠦᠨ  ᠤ ᠡᠬᠢ ᠪᠠᠶᠠᠯᠢᠭ ᠪᠠ ᠨᠡᠶᠢᠬᠡᠮ ᠤᠨ ᠪᠠᠲᠤᠯᠠᠭ᠎ᠠ ᠶᠢᠨ ᠰᠠᠯᠠᠭ᠎ᠠ ᠮᠦᠴᠢᠷ ᠠᠶᠢᠮᠠᠭ ᠤᠨ ᠡᠳ᠋ ᠤᠨ ᠵᠠᠰᠠᠭ ᠤᠨ ᠰᠠᠯᠠᠭ᠎ᠠ ᠮᠦᠴᠢᠷ ᠲᠠᠢ ᠬᠠᠮᠲᠤᠷᠠᠨ ᠳᠠᠭᠠᠭᠠᠴᠢᠯᠠᠯᠲᠠ ᠵᠠᠷᠯᠠᠬᠤ ᠮᠠᠲ᠋ᠧᠷᠢᠶᠠᠯ ᠲᠤᠭᠳᠠᠭᠠᠵᠦ᠂ ᠵᠠᠰᠠᠭ ᠤᠨ ᠤᠷᠳᠤᠨ ᠤ ᠢᠯᠡ  ᠪᠠᠷ ᠳᠠᠭᠠᠭᠠᠴᠢᠯᠠᠯᠲᠠ ᠵᠠᠷᠯᠠᠬᠤ ᠠᠷᠭ᠎ᠠ ᠪᠠᠷᠢᠯ ᠢᠶᠠᠷ ᠳᠠᠮᠵᠢᠭᠤᠯᠤᠨ᠂ ᠳᠠᠭᠠᠳᠬᠠᠯ ᠢ ᠬᠢᠨᠠᠨ ᠬᠠᠮᠢᠶᠠᠷᠬᠤ ᠰᠠᠯᠠᠭ᠎ᠠ ᠮᠦᠴᠢᠷ ᠤᠨ ᠵᠦᠪᠰᠢᠶᠡᠷᠡᠬᠦ ᠨᠦᠬᠦᠴᠡᠯ ᠳᠤ ᠨᠡᠶᠢᠴᠡᠭᠰᠡᠨ ᠮᠦᠷᠲᠡᠭᠡᠨ ᠰᠠᠶᠢᠨ ᠲᠤᠷ᠎ᠠ ᠠᠴᠠ ᠪᠠᠨ ᠳᠠᠭᠠᠭᠠᠴᠢᠯᠠᠯ ᠳᠤ ᠤᠷᠤᠯᠴᠠᠭᠰᠠᠨ ᠬᠤᠳᠠᠯᠳᠤᠭᠠᠨ ᠤ ᠳᠠᠭᠠᠳᠬᠠᠯ ᠤᠨ ᠪᠠᠶᠢᠭᠤᠯᠤᠮᠵᠢ ᠶᠢ ᠰᠤᠩᠭᠤᠨ ᠲᠤᠭᠳᠠᠭᠠᠨ᠎ᠠ᠃ ᠳᠠᠭᠠᠭᠠᠴᠢᠯᠠᠯᠲᠠ ᠵᠠᠷᠯᠠᠬᠤ ᠭᠤᠤᠯ ᠠᠭᠤᠯᠭ᠎ᠠ ᠳᠤ ᠳᠠᠭᠠᠳᠬᠠᠯ ᠤᠨ ᠰᠦᠢᠳᠬᠡᠯ ᠤᠨ ᠪᠠᠷᠢᠮᠵᠢᠶ᠎ᠠ ᠪᠠ ᠵᠤᠭᠤᠰᠤᠨ ᠤ ᠬᠡᠮᠵᠢᠶ᠎ᠠ᠂ ᠪᠤᠳᠠᠳᠠᠢ ᠨᠦᠬᠦᠪᠦᠷᠢᠯᠡᠬᠦ ᠬᠡᠰᠡᠭ ᠵᠢᠴᠢ ᠬᠠᠷᠢᠴᠠᠯ᠂ ᠤᠯᠵᠠᠪᠤᠷᠢ ᠠᠯᠳᠠᠭᠳᠠᠯ ᠤᠨ ᠨᠤᠷᠮ᠎ᠠ᠂  ᠲᠤᠬᠢᠷᠠᠭᠤᠯᠤᠭᠰᠠᠨ ᠬᠦᠯᠢᠶᠡᠨ ᠬᠦᠢᠴᠡᠳᠬᠡᠬᠦ ᠵᠢᠴᠢ ᠬᠠᠮᠢᠶᠠᠷᠬᠤ ᠬᠦᠴᠦᠨ᠂ ᠬᠤᠶᠠᠷ ᠲᠠᠯ᠎ᠠ ᠶᠢᠨ ᠬᠠᠷᠢᠭᠤᠴᠠᠯᠭ᠎ᠠ᠂ ᠡᠷᠬᠡ ᠪᠠ ᠡᠬᠦᠷᠭᠡ ᠵᠡᠷᠭᠡ ᠠᠭᠤᠯᠭ᠎ᠠ ︵ᠬᠤᠲᠠ ᠬᠦᠳᠡᠭᠡ ᠶᠢᠨ ᠰᠠᠭᠤᠭᠠᠯᠢ ᠠᠷᠠᠳ ᠤᠨ ᠬᠠᠷᠢᠭᠤᠴᠠᠯᠭ᠎ᠠ ᠶᠢᠨ ᠪᠤᠰᠤ ᠲᠠᠯ᠎ᠠ ᠶᠢᠨ ᠬᠡᠨᠡᠳᠳᠡ ᠶᠢᠨ ᠬᠡᠨᠡᠳᠦᠯ ᠢ ᠢᠵᠢᠯ ᠠᠯᠬᠤᠮ ᠢᠶᠠᠷ ᠳᠠᠭᠠᠭᠠᠴᠢᠯᠠᠯ ᠵᠠᠷᠯᠠᠨ᠎ᠠ︶ ᠪᠠᠭᠳᠠᠨ᠎ᠠ᠃ ᠬᠤᠳᠠᠯᠳᠤᠭᠠᠨ ᠤ ᠳᠠᠭᠠᠳᠬᠠᠯ ᠤᠨ ᠪᠠᠶᠢᠭᠤᠯᠤᠮᠵᠢ ᠠᠴᠠ ᠬᠦᠨᠳᠦ ᠡᠪᠡᠳᠴᠢᠨ ᠤ ᠳᠠᠭᠠᠳᠬᠠᠯ ᠤᠨ ᠰᠦᠢᠳᠭᠡᠯ ᠢ ᠬᠤᠷᠢᠶᠠᠬᠤ ᠶᠢ ᠬᠠᠷᠢᠭᠤᠴᠠᠨ ᠪᠡᠶᠡᠯᠡᠬᠦᠯᠦᠨ᠎ᠠ᠃     ︵ᠬᠤᠶᠠᠷ︶ ᠬᠡᠷ᠎ᠡ ᠶᠢᠨ ᠬᠠᠮᠢᠶᠠᠷᠤᠯᠲᠠ᠃ ᠠᠶᠢᠮᠠᠭ ᠤᠨ ᠡᠮ ᠡᠮᠨᠡᠯᠬᠡ ᠤᠨ ᠳᠠᠭᠠᠳᠬᠠᠯ ᠤᠨ ᠲᠦᠪ ᠨᠢ ᠦᠪᠡᠷᠲᠡᠭᠡᠨ ᠵᠠᠰᠠᠬᠤ ᠤᠷᠤᠨ ᠠᠴᠠ ᠨᠢᠬᠡᠳᠦᠯᠳᠡᠢ ᠵᠤᠬᠢᠶᠠᠭᠰᠠᠨ ᠬᠡᠷ᠎ᠡ ᠶᠢᠨ ᠦᠯᠢᠭᠡᠷ ᠳᠡᠪᠳᠡᠷ ᠤᠨ ᠶᠤᠰᠤᠭᠠᠷ ᠲᠠᠭᠠᠭᠠᠴᠢᠯᠠᠯ ᠳᠤ ᠵᠦᠪᠰᠢᠶᠡᠷᠡᠭᠳᠡᠭᠰᠡᠨ ᠬᠤᠳᠠᠯᠳᠤᠭᠠᠨ ᠤ ᠳᠠᠭᠠᠳᠬᠠᠯ ᠤᠨ ᠪᠠᠶᠢᠭᠤᠯᠤᠮᠵᠢ ᠲᠠᠢ ᠬᠦᠨᠳᠦ ᠡᠪᠡᠳᠴᠢᠨ  ᠤ ᠳᠠᠭᠠᠳᠬᠠᠯ ᠢ ᠬᠠᠷᠢᠭᠤᠴᠠᠨ ᠬᠦᠢᠴᠡᠳᠬᠡᠬᠦ ᠬᠡᠷ᠎ᠡ ᠳᠤ ᠭᠠᠷ ᠤᠨ ᠦᠰᠦᠭ ᠵᠢᠷᠤᠵᠦ᠂ ᠬᠡᠷ᠎ᠡ ᠶᠢᠨ ᠴᠠᠭ ᠬᠢᠵᠠᠭᠠᠷᠯᠠᠯ ᠢ ᠲᠤᠭᠳᠠᠭᠠᠬᠤ ᠶᠢᠨ ᠬᠠᠮᠲᠤ ᠡᠷᠬᠢᠯᠲᠠ ᠶᠢᠨ ᠪᠠᠶᠢᠳᠠᠯ ᠢ ᠦᠨᠳᠦᠰᠦᠯᠡᠨ ᠵᠤᠬᠢᠰᠳᠠᠢ ᠴᠠᠭ ᠲᠤ ᠨᠦᠬᠦᠪᠦᠷᠢᠯᠡᠨ ᠲᠡᠭᠦᠯᠳᠡᠷᠵᠢᠬᠦᠯᠵᠦ ᠵᠠᠰᠠᠪᠤᠷᠢ ᠤᠷᠤᠭᠤᠯᠤᠨ᠎ᠠ᠃ ᠬᠦᠨᠳᠦ ᠡᠪᠡᠳᠴᠢᠨ ᠤ ᠳᠠᠭᠠᠳᠬᠠᠯ ᠢ ᠬᠠᠮᠲᠤᠷᠠᠨ ᠠᠯᠪᠠᠯᠠᠬᠤ ᠬᠡᠯᠪᠡᠷᠢ ᠪᠠᠷ ᠳᠠᠭᠠᠭᠠᠨ ᠬᠦᠢᠴᠡᠳᠭᠡᠨ᠎ᠡ᠃ ᠳᠠᠭᠠᠭᠠᠴᠢᠯᠠᠯ ᠳᠤ ᠵᠦᠪᠰᠢᠶᠡᠷᠡᠭᠳᠡᠭᠰᠡᠨ ᠬᠤᠳᠠᠯᠳᠤᠭᠠᠨ ᠤ ᠳᠠᠭᠠᠳᠬᠠᠯ ᠤᠨ ᠪᠠᠶᠢᠭᠤᠯᠤᠮᠵᠢ ᠨᠢ ᠲᠤᠰᠬᠠᠢ ᠠᠵᠢᠯ ᠤᠨ ᠡᠩᠨᠡᠭᠡ ᠲᠤᠬᠢᠷᠠᠭᠤᠯᠤᠨ᠂ ᠡᠯ᠎ᠡ ᠬᠤᠰᠢᠭᠤ ︵ᠲᠤᠭᠤᠷᠢᠭ︶ ᠤᠨ ᠡᠮ ᠡᠮᠨᠡᠯᠭᠡ ᠶᠢᠨ ᠲᠠᠭᠠᠳᠬᠠᠯ ᠢ ᠭᠠᠷᠳᠠᠨ ᠬᠦᠢᠴᠡᠳᠭᠡᠬᠦ ᠪᠠᠶᠢᠭᠤᠯᠤᠮᠵᠢ ᠲᠠᠢ ᠪᠦᠬᠦ ᠶᠠᠪᠤᠴᠠ ᠶᠢ ᠬᠠᠮᠲᠤᠷᠠᠭᠤᠯᠤᠨ ᠠᠵᠢᠯᠯᠠᠭᠤᠯᠵᠦ᠂ ᠡᠯ᠎ᠠ ᠬᠤᠰᠢᠭᠤ ︵ᠲᠤᠭᠤᠷᠢᠭ︶ ᠤᠨ ᠡᠮ ᠡᠮᠨᠡᠯᠭᠡ ᠶᠢᠨ ᠳᠠᠭᠠᠳᠬᠠᠯ ᠢ ᠭᠠᠷᠳᠠᠨ ᠬᠦᠢᠴᠡᠳᠭᠡᠬᠦ ᠪᠠᠶᠢᠭᠤᠯᠤᠮᠵᠢ ᠶᠢᠨ ᠦᠢᠯᠡᠴᠢᠯᠡᠭᠡᠨ ᠤ ᠶᠡᠭᠡ ᠲᠢᠩᠬᠢᠮ ᠳᠤ ᠦᠢᠯᠡᠴᠢᠯᠡᠬᠡᠨ ᠤ ᠴᠤᠩᠬᠤ ᠭᠠᠷᠭᠠᠵᠦ᠂ ᠬᠦᠨᠳᠦ ᠡᠪᠡᠳᠴᠢᠨ ᠤ ᠳᠠᠭᠠᠳᠬᠠᠯ ᠬᠢᠬᠡᠳ ᠦᠨᠳᠦᠰᠦᠨ ᠡᠮ ᠡᠮᠨᠡᠯᠭᠡ ᠶᠢᠨ ᠳᠠᠭᠠᠳᠬᠠᠯ ᠤᠨ ᠨᠢᠬᠡ ᠴᠤᠭᠴᠠᠵᠢᠭᠤᠯᠤᠭᠰᠠᠨ ᠬᠠᠮᠢᠶᠠᠷᠤᠯᠲᠠ ᠶᠢᠨ ᠲᠠᠪᠴᠠᠩ ᠢ ᠪᠠᠶᠢᠭᠤᠯᠤᠨ᠂ ᠲᠦᠷᠦ ᠶᠢᠨ ᠪᠤᠳᠤᠯᠭ᠎ᠠ ᠶᠢ ᠠᠰᠠᠭᠤᠨ ᠯᠠᠪᠯᠠᠬᠤ᠂ ᠳᠠᠭᠠᠳᠬᠠᠯ ᠤᠨ ᠰᠦᠢᠳᠬᠡᠯ ᠢ ᠳᠠᠳᠠᠪᠤᠷᠢᠯᠠᠨ ᠬᠤᠷᠢᠶᠠᠬᠤ᠂ ᠰᠦᠢᠳᠬᠡᠯ ᠢ ᠬᠢᠨᠠᠨ ᠰᠢᠯᠭᠠᠬᠤ᠂ ᠡᠮ ᠡᠮᠨᠡᠯᠭᠡ ᠬᠢᠨᠠᠨ ᠬᠠᠮᠢᠶᠠᠷᠬᠤ᠂ ᠲᠦᠯᠦᠪᠦᠷᠢ ᠶᠢᠨ ᠶᠠᠪᠤᠳᠠᠯ ᠢ ᠬᠦᠯᠢᠶᠡᠨ ᠠᠪᠬᠤ᠂ ᠳᠠᠩᠰᠠ‌ᠡᠪᠬᠡᠮᠡᠯ ᠢ ᠡᠮᠬᠢᠯᠡᠨ ᠲᠡᠭᠰᠢᠯᠡᠬᠦ ᠵᠡᠷᠭᠡ ᠪᠦᠬᠦᠶᠢᠯᠡ ᠶᠠᠪᠤᠴᠠ ᠳᠤ ᠤᠷᠤᠯᠴᠠᠨ ᠬᠠᠮᠢᠶᠠᠷᠴᠦ᠂ ᠡᠮ ᠡᠮᠨᠡᠯᠭᠡ ᠶᠢᠨ ᠳᠠᠭᠠᠳᠬᠠᠯ ᠢ ᠭᠠᠷᠳᠠᠨ ᠬᠦᠢᠴᠡᠳᠭᠡᠬᠦ ᠪᠠᠶᠢᠭᠤᠯᠤᠮᠵᠢ ᠲᠠᠢ ᠬᠠᠮᠲᠤ ᠪᠠᠷ ᠡᠯ᠎ᠠ ᠲᠦᠷᠦᠯ ᠤᠨ ᠡᠬᠦᠷᠭᠡ ᠴᠢᠳᠠᠪᠤᠷᠢ ᠶᠢ ᠬᠡᠷᠡᠭᠵᠢᠬᠦᠯᠵᠦ᠂ ᠳᠠᠭᠠᠳᠬᠠᠯ ᠳᠤ ᠤᠷᠤᠯᠴᠠᠭᠰᠠᠨ ᠬᠤᠲᠠ ᠬᠦᠲᠡᠭᠡ ᠶᠢᠨ ᠰᠠᠭᠤᠭᠠᠯᠢ ᠠᠷᠠᠳ ᠲᠤ ᠨᠢᠬᠡ ᠦᠷᠳᠡᠭᠡᠴᠢᠯᠡᠭᠰᠡᠨ ᠦᠢᠯᠡᠴᠢᠯᠡᠭᠡ ᠶᠢ ᠬᠠᠩᠭᠠᠨ᠎ᠠ᠃ ᠭᠡᠷ᠎ᠡ ᠵᠦᠷᠢᠴᠡᠭᠰᠡᠨ ᠠᠴᠠ ᠪᠤᠯᠤᠭᠰᠠᠨ ᠪᠤᠶᠤ ᠪᠤᠰᠤᠳ ᠲᠠᠭᠠᠳᠬᠠᠯ ᠳᠤ ᠤᠷᠤᠯᠴᠠᠭᠰᠠᠳ ᠤᠨ ᠡᠷᠬᠡ ᠠᠰᠢᠭ ᠢ ᠬᠦᠨᠳᠦ ᠨᠤᠴᠢᠲᠠᠢ ᠬᠤᠬᠢᠷᠠᠭᠤᠯᠤᠭᠰᠠᠨ ᠪᠤᠯ᠂ ᠬᠡᠷ᠎ᠡ ᠲᠤᠭᠳᠠᠭᠰᠠᠨ ᠬᠤᠶᠠᠷ ᠲᠠᠯ᠎ᠠ ᠠᠴᠠ ᠬᠡᠯᠡᠯᠴᠡᠭᠡᠷ ᠢᠶᠠᠨ ᠤᠷᠢᠳᠴᠢᠯᠠᠨ ᠵᠤᠭᠰᠤᠭᠠᠬᠤ ᠪᠤᠶᠤ ᠳᠠᠶᠢᠯᠬᠤ ᠶᠢᠨ ᠬᠠᠮᠲᠤ ᠬᠠᠤᠯᠢ ᠶᠤᠰᠤᠭᠠᠷ ᠬᠠᠷᠢᠭᠤᠴᠠᠯᠭ᠎ᠠ ᠨᠡᠬᠡᠮᠵᠢᠯᠡᠨ᠎ᠠ᠃     ᠨᠠᠢᠮᠠ᠂ ᠰᠠᠭᠤᠷᠢ ᠮᠦᠩᠬᠦ ᠶᠢ ᠰᠢᠯᠵᠢᠬᠦᠯᠦᠨ ᠦᠭᠬᠦ     ᠬᠦᠨᠳᠦ ᠡᠪᠡᠳᠴᠢᠨ ᠤ ᠳᠠᠭᠠᠳᠬᠠᠯ ‍ᠤᠨ‌‍ᠰᠠᠭᠤᠷᠢ‌ᠮᠦ᠋ᠩᠬᠦ ᠶᠢ ᠪᠤᠳᠠᠳᠠᠢ‌‍ᠲ᠋ᠠᠭᠠᠳᠬᠠᠯ ᠳᠤ ᠤᠷᠤᠯᠴᠠᠭᠰᠠᠨ ᠬᠦᠮᠦᠨ  ᠤ ᠲᠤᠭ᠎ᠠ ᠪᠠᠷ ᠬᠠᠷᠢᠭᠤᠴᠠᠨ‌‍ᠬᠦ᠋ᠢᠴᠡᠳᠭᠡᠬᠦ ᠬᠤᠳᠠᠯᠳᠤᠭᠠᠨ ᠤ ᠳᠠᠭᠠᠳᠬᠠᠯ ‍ᠤᠨ‌‍ᠪᠠᠶᠢᠭᠤᠯᠤᠮᠵᠢ ᠳ᠋ᠥ‌‍ᠲ᠋ᠠᠭᠠᠳᠬᠠᠯ ᠤᠷᠤᠭᠤᠯᠤᠨ᠎ᠠ᠂ᠠᠶᠢᠮᠠᠭ ‍ᠤᠨ‌‍ᠬᠦ᠋ᠮᠦᠨ ᠤ ᠬᠦᠴᠦᠨ ᠤ ᠡᠬᠢ ᠪᠠᠶᠠᠯᠢᠭ ᠪᠠ ᠨᠡᠶᠢᠬᠡᠮ ᠤᠨ ᠪᠠᠳᠤᠯᠠᠭ᠎ᠠ ᠶᠢᠨ ᠰᠠᠯᠠᠭ᠎ᠠ ᠮᠦᠴᠢᠷ ᠠᠶᠢᠮᠠᠭ ‍ᠤᠨ‌ᠡᠳ᠋ ᠤᠨ ᠵᠠᠰᠠᠭ ᠤᠨ ᠰᠠᠯᠠᠭ᠎ᠠ ᠮᠦᠴᠢᠷ ᠲᠠᠢ ᠬᠠᠮᠳᠤᠷᠠᠨ ᠵᠢᠯ ᠪᠦᠷᠢ ᠶᠢᠨ ᠵᠢᠯ ᠤᠨ ᠡᠬᠢᠨ ᠳᠤ ᠰᠢᠯᠵᠢᠬᠦᠯᠵᠦ ᠦᠭᠬᠦ ᠵᠠᠷᠤᠳᠠᠯ ᠮᠦᠩᠬᠦᠨ ᠤ 80 % ᠶᠢ ᠨᠢᠬᠡ ᠯᠡ ᠤᠳᠠᠭ᠎ᠠ ᠳᠤ ᠰᠢᠯᠵᠢᠬᠦᠯᠦᠨ ᠦᠭᠴᠦ᠂ᠦᠯᠡᠳᠡᠭᠰᠡᠨ 20% ᠶᠢ ᠤᠨ ᠤ ᠬᠢᠨᠠᠨ ᠰᠢᠯᠭᠠᠯᠲᠠ ᠶᠢᠨ ᠤᠷᠢᠳᠴᠢᠯᠡᠨ ᠦᠯᠡᠳᠡᠭᠡᠬᠦ ᠮᠦᠩᠬᠦ ᠪᠤᠯᠭᠠᠵᠦ᠂ ᠵᠢᠯ ᠤᠨ ᠡᠴᠦᠰ ᠤᠨ ᠬᠢᠨᠠᠨ ᠰᠢᠯᠭᠠᠯᠲᠠ‌‍ᠲ᠋ᠠᠭᠤᠰᠤᠭᠰᠠᠨ ᠤ ᠲᠠᠷᠠᠭ᠎ᠠ ᠪᠤᠳᠤᠵᠦ ᠦᠭᠬᠦᠨ᠎ᠠ᠃     ᠶᠢᠰᠦ᠂ ᠠᠶᠤᠯ ᠲᠦᠭᠰᠢᠬᠦᠷᠢ ᠶᠢᠨ ᠲᠤᠬᠢᠷᠠᠭᠤᠯᠤᠯᠲᠠ     ᠬᠦᠨᠳᠦ ᠡᠪᠡᠳᠴᠢᠨ ᠤ ᠳᠠᠭᠠᠳᠬᠠᠯ ᠢ ︽ᠤᠷᠤᠯᠭ᠎ᠠ ᠵᠠᠷᠤᠯᠭ᠎ᠠ ᠶᠢ ᠲᠡᠩᠴᠡᠬᠦᠯᠦᠨ᠂ ᠪᠡᠯᠡ ᠪᠠᠨ ᠪᠠᠲᠤᠯᠠᠵᠦ ᠪᠠᠭᠠᠬᠠᠨ ᠠᠰᠢᠭ ᠤᠯᠬᠤ︾ ᠵᠠᠷᠴᠢᠮ ᠶᠤᠰᠤᠭᠠᠷ ᠠᠶᠤᠯ ᠲᠦᠭᠰᠢᠬᠦᠷᠢ ᠶᠢ ᠲᠤᠬᠢᠷᠠᠭᠤᠯᠬᠤ ᠲᠤᠭᠲᠠᠴᠠ ᠶᠢ ᠪᠠᠶᠢᠭᠤᠯᠤᠨ᠎ᠠ᠃ ᠬᠤᠳᠠᠯᠳᠤᠭᠠᠨ ᠤ ᠳᠠᠭᠠᠳᠬᠠᠯ ᠤᠨ ᠪᠠᠶᠢᠭᠤᠯᠤᠮᠵᠢ ᠠᠴᠠ ᠰᠢᠭᠤᠳ ᠲᠦᠯᠦᠪᠦᠷᠢ ᠪᠠ ᠶᠡᠷᠦᠩᠬᠡᠢ ᠬᠠᠮᠢᠶᠠᠷᠤᠯᠲᠠ ᠶᠢᠨ ᠦᠷᠳᠡᠭ ︵ᠲᠠᠭᠠᠭᠠᠴᠢᠯᠠᠯ ᠵᠠᠷᠯᠠᠯ ᠠᠴᠠ ᠲᠤᠭᠳᠠᠭᠠᠭᠳᠠᠨ᠎ᠠ︶ ᠢ ᠬᠠᠰᠤᠭᠰᠠᠨ ᠤ ᠰᠡᠬᠦᠯᠡᠷ ᠤᠯᠵᠠᠪᠤᠷᠢ ᠠᠯᠳᠠᠭᠳᠠᠯ ᠤᠨ ᠨᠤᠷᠮ᠎ᠠ ᠶᠢ 5% ᠶᠢᠨ ᠲᠤᠳᠤᠷ᠎ᠠ ᠬᠢᠵᠠᠭᠠᠷᠯᠠᠵᠦ᠂ ᠲᠠᠭᠠᠭᠠᠴᠢᠯᠠᠯ ᠵᠠᠷᠯᠠᠯ ᠢᠶᠠᠷ ᠤᠯᠵᠠᠪᠤᠷᠢ ᠠᠯᠳᠠᠭᠳᠠᠯ ᠤᠨ ᠨᠤᠷᠮ᠎ᠠ ᠶᠢᠨ ᠬᠠᠷᠠᠯᠲᠠᠲᠤ ᠦᠷᠳᠡᠭ ᠢ ᠲᠤᠭᠳᠠᠭᠠᠵᠦ᠂ ᠬᠤᠶᠢᠰᠢᠲᠠ ᠪᠤᠳᠠᠳᠠᠢ ᠪᠠᠶᠢᠳᠠᠯ  ᠢᠶᠠᠨ ᠦᠨᠳᠦᠰᠦᠯᠡᠨ ᠲᠤᠬᠢᠷᠠᠭᠤᠯᠤᠯᠲᠠ ᠬᠢᠨ᠎ᠠ᠃     ᠠᠰᠢᠭ ᠤᠯᠵᠠ ᠶᠢ ᠬᠤᠪᠢᠶᠠᠷᠢᠯᠠᠬᠤ ᠠᠷᠭ᠎ᠠ᠃ ᠠᠰᠢᠭ ᠤᠯᠵᠠ ᠶᠢᠨ ᠨᠤᠷᠮ᠎ᠠ ᠨᠢ ᠬᠢᠵᠠᠭᠠᠷᠯᠠᠨ ᠲᠤᠭᠳᠠᠭᠠᠭᠰᠠᠨ ᠬᠠᠷᠢᠴᠠᠯ ᠠᠴᠠ ᠪᠠᠭ᠎ᠠ ᠪᠤᠶᠤ ᠲᠡᠩᠴᠡᠬᠦᠦ ᠦᠶᠡᠰ᠂ ᠤᠯᠵᠠ ᠠᠰᠢᠭ ᠢ ᠪᠦᠬᠦᠨ ᠢ ᠬᠤᠳᠠᠯᠳᠤᠭᠠᠨ  ᠤ ᠳᠠᠭᠠᠳᠬᠠᠯ ᠤᠨ ᠪᠠᠶᠢᠭᠤᠯᠤᠮᠵᠢ ᠳᠤ ᠤᠯᠭᠤᠨ᠎ᠠ᠃ ᠤᠯᠵᠠ ᠠᠰᠢᠭ ᠤᠨ ᠨᠤᠷᠮ᠎ᠠ ᠨᠢ ᠬᠠᠷᠠᠯᠲᠠᠲᠤ ᠦᠷᠳᠡᠭ ᠠᠴᠠ ᠲᠡᠭᠡᠭᠦᠷ ᠪᠤᠯᠬᠤ ᠦᠶᠡᠰ᠂ ᠪᠦᠬᠦᠨ ᠢ ᠬᠤᠲᠠ ᠬᠦᠳᠡᠭᠡ ᠶᠢᠨ ᠰᠠᠭᠤᠭᠠᠯᠢ ᠠᠷᠠᠳ ᠤᠨ ᠦᠨᠳᠦᠰᠦᠨ ᠡᠮ ᠡᠮᠨᠡᠯᠭᠡ  ᠶᠢᠨ ᠳᠠᠭᠠᠳᠬᠠᠯ ᠤᠨ ᠰᠠᠭᠤᠷᠢ ᠮᠦᠩᠬᠦ ᠪᠤᠶᠤ ᠲᠠᠷᠠᠭ᠎ᠠ ᠵᠢᠯ ᠤᠨ ᠳᠠᠭᠠᠳᠬᠠᠯ ᠤᠨ ᠮᠦᠩᠬᠦᠨ ᠳᠤ ᠰᠠᠭᠤᠯᠭᠠᠨ᠎ᠠ᠃ᠬᠤᠬᠢᠷᠠᠯ ᠢ ᠡᠬᠦᠷᠭᠡᠯᠡᠬᠦ ᠠᠷᠭ᠎ᠠ᠃ᠬᠤᠬᠢᠷᠠᠯ ᠤᠨ ᠨᠤᠷᠮ᠎ᠠ ᠨᠢ ᠬᠠᠷᠠᠯᠳᠠᠳᠤ ᠦᠷᠳᠡᠭ ᠠᠴᠠ ᠪᠠᠭ᠎ᠠ ᠪᠤᠶᠤ ᠲᠡᠩᠴᠡᠭᠦᠦ ᠦᠶᠡᠰ᠂ ᠬᠤᠳᠠᠯᠳᠤᠭᠠᠨ ᠤ ᠲᠠᠭᠠᠳᠬᠠᠯ ᠤᠨ ᠪᠠᠶᠢᠭᠤᠯᠤᠮᠵᠢ ᠠᠴᠠ ᠬᠠᠷᠢᠭᠤᠴᠠᠨ᠎ᠠ᠃ ᠬᠤᠬᠢᠷᠠᠯ ᠤᠨ ᠨᠤᠷᠮ᠎ᠠ ᠨᠢ ᠬᠠᠷᠠᠯᠳᠠᠳᠤ ᠦᠷᠳᠡᠭ ᠠᠴᠠ ᠲᠡᠭᠡᠬᠦᠷ ᠪᠤᠯᠬᠤ ᠦᠶᠡᠰ᠂ ᠠᠶᠢᠮᠠᠭ ᠤᠨ ᠬᠦᠮᠦᠨ ᠤ ᠬᠦᠴᠦᠨ ᠤ ᠡᠬᠢ ᠪᠠᠶᠠᠯᠢᠭ ᠪᠤᠯᠤᠨ ᠨᠡᠶᠢᠬᠡᠮ ᠤᠨ ᠪᠠᠲᠤᠯᠠᠭ᠎ᠠ ᠶᠢᠨ ᠰᠠᠯᠠᠭ᠎ᠠ ᠮᠦᠴᠢᠷ᠂ ᠡᠳ᠋ ᠤᠨ ᠵᠠᠰᠠᠭ ᠤᠨ ᠰᠠᠯᠠᠭ᠎ᠠ ᠮᠦᠴᠢᠷ ᠠᠴᠠ ᠠᠶᠢᠮᠠᠭ  ᠤᠨ ᠬᠢᠨᠠᠨ ᠪᠠᠶᠢᠴᠠᠭᠠᠬᠤ᠂ ᠬᠢᠨᠠᠨ ᠪᠤᠳᠤᠬᠤ ᠵᠡᠷᠭᠡ ᠰᠠᠯᠠᠭ᠎ᠠ ᠮᠦᠴᠢᠷ ᠲᠠᠢ ᠬᠠᠮᠲᠤᠷᠠᠨ ᠶᠡᠷᠦᠩᠬᠡᠢ ᠦᠨᠡᠯᠡᠯᠲᠠ ᠦᠭᠬᠦᠭᠰᠡᠨ ᠤ ᠳᠠᠷᠠᠭ᠎ᠠ᠂ ᠦᠨᠳᠦᠰᠦᠨ ᠡᠮ ᠡᠮᠨᠡᠯᠭᠡ ᠶᠢᠨ ᠳᠠᠭᠠᠳᠬᠠᠯ ᠤᠨ ᠲᠦᠷᠦ ᠶᠢᠨ ᠪᠤᠳᠤᠯᠭ᠎ᠠ ᠳᠤ ᠲᠤᠬᠢᠷᠠᠭᠤᠯᠤᠯᠲᠠ ᠬᠢᠭᠰᠡᠨ ᠠᠴᠠ ᠪᠤᠯᠤᠭᠰᠠᠨ ᠲᠦᠷᠦ ᠶᠢᠨ ᠪᠤᠳᠤᠯᠭ᠎ᠠ ᠶᠢᠨ ᠴᠢᠨᠠᠷᠲᠠᠢ ᠬᠤᠬᠢᠷᠠᠯ ᠢ ᠦᠨᠳᠦᠰᠦᠨ ᠡᠮ ᠡᠮᠨᠡᠯᠭᠡ ᠶᠢᠨ ᠳᠠᠭᠠᠳᠬᠠᠯ ᠤᠨ ᠰᠠᠭᠤᠷᠢ ᠮᠦᠩᠬᠦᠨ ᠠᠴᠠ ᠭᠠᠷᠭᠠᠨ᠎ᠠ᠂ ᠡᠰᠡᠬᠦᠯ᠎ᠡ ᠬᠤᠳᠠᠯᠳᠤᠭᠠᠨ ᠤ ᠳᠠᠭᠠᠳᠬᠠᠯ ᠤᠨ ᠪᠠᠶᠢᠭᠤᠯᠤᠮᠵᠢ ᠠᠴᠠ ᠡᠬᠦᠷᠭᠡᠯᠡᠨ᠎ᠡ᠃     ᠠᠷᠪᠠ᠂ ᠳ᠋ᠦᠩᠨᠡᠨ ᠪᠤᠳᠤᠬᠤ ᠦᠢᠯᠡᠴᠢᠯᠡᠭᠡ     ᠬᠦᠨᠳᠦ ᠡᠪᠡᠳᠴᠢᠨ ᠤ ᠳᠠᠭᠠᠳᠬᠠᠯ ᠢ ᠦᠨᠳᠦᠰᠦᠨ ᠡᠮ ᠡᠮᠨᠡᠯᠭᠡ ᠶᠢᠨ ᠳᠠᠭᠠᠳᠬᠠᠯ᠂ ᠡᠮ ᠡᠮᠨᠡᠯᠭᠡ ᠶᠢᠨ ᠠᠪᠤᠷᠠᠨ ᠲᠤᠰᠠᠯᠠᠯᠲᠠ ᠲᠠᠢ ᠠᠪᠤᠴᠠᠯᠳᠤᠭᠤᠯᠬᠤ ᠶᠢᠨ ᠬᠠᠮᠲᠤ ︽ᠨᠢᠬᠡ ᠦᠷᠲᠡᠭᠡᠴᠢᠯᠡᠭᠰᠡᠨ︾ ᠴᠠᠭ ᠲᠤᠬᠠᠢ ᠳᠤᠨᠢ ᠳ᠋ᠦᠩᠨᠡᠨ ᠪᠤᠳᠤᠬᠤ ᠦᠢᠯᠡᠴᠢᠯᠡᠭᠡ ᠶᠢ ᠬᠡᠷᠡᠭᠵᠢᠬᠦᠯᠦᠨ᠎ᠠ᠃ ᠳᠠᠭᠠᠳᠬᠠᠯ ᠳᠤ ᠤᠷᠤᠯᠴᠠᠭᠰᠠᠨ ᠰᠠᠭᠤᠭᠠᠯᠢ ᠠᠷᠠᠳ ᠤᠨ ᠡᠮ ᠡᠮᠨᠡᠯᠭᠡ ᠶᠢᠨ ᠰᠦᠢᠳᠭᠡᠯ ᠢ ᠤᠷᠢᠳᠠᠪᠠᠷ ᠡᠮ ᠡᠮᠨᠡᠯᠭᠡ ᠶᠢ ᠭᠠᠷᠳᠠᠨ ᠬᠦᠢᠴᠡᠳᠭᠡᠬᠦ ᠪᠠᠶᠢᠭᠤᠯᠤᠮᠵᠢ ᠠᠴᠠ ᠦᠨᠳᠦᠰᠦᠨ ᠡᠮ ᠡᠮᠨᠡᠯᠭᠡ ᠶᠢᠨ ᠳᠠᠭᠠᠳᠬᠠᠯ ᠤᠨ ᠨᠦᠬᠦᠪᠦᠷᠢ ᠤᠯᠭᠤᠵᠦ᠂ ᠳᠠᠷᠠᠭ᠎ᠠ ᠨᠢ ᠬᠤᠳᠠᠯᠳᠤᠭᠠᠨ ᠤ ᠳᠠᠭᠠᠳᠬᠠᠯ ᠤᠨ ᠪᠠᠶᠢᠭᠤᠯᠤᠮᠵᠢ ᠠᠴᠠ ᠬᠦᠨᠳᠦ ᠡᠪᠡᠳᠴᠢᠨ ᠤ ᠳᠠᠭᠠᠳᠬᠠᠯ ᠤᠨ ᠰᠦᠢᠳᠭᠡᠯ ᠢ ᠳ᠋ᠦᠩᠨᠡᠨ ᠪᠤᠳᠤᠨ᠎ᠠ᠃ ᠨᠢᠬᠡ ᠤᠳᠠᠭᠠᠨ ᠤ ᠡᠮᠨᠡᠯᠭᠡ ᠳᠤ ᠰᠠᠭᠤᠭᠰᠠᠨ᠂ ᠬᠤᠪᠢ ᠬᠦᠮᠦᠨ ᠡᠬᠦᠷᠭᠡᠯᠡᠬᠦ ᠲᠦᠷᠢᠮ ᠳᠤ ᠨᠡᠶᠢᠴᠡᠭᠰᠡᠨ ᠡᠮ ᠡᠮᠨᠡᠯᠭᠡ ᠶᠢᠨ ᠰᠦᠢᠳᠭᠡᠯ ᠨᠢ ᠬᠦᠨᠳᠦ ᠡᠪᠡᠳᠴᠢᠨ ᠤ ᠳᠠᠭᠠᠳᠬᠠᠯ ᠤᠨ ᠲᠦᠯᠦᠪᠦᠷᠢ ᠶᠢᠨ ᠲᠦᠯᠦᠬᠦ ᠪᠠᠷᠢᠮᠵᠢᠶ᠎ᠠ ᠶᠢ ᠳᠠᠪᠠᠭᠰᠠᠨ ᠦᠶ᠎ᠠ ᠳᠤ᠂ ᠡᠮ ᠡᠮᠨᠡᠯᠭᠡ ᠶᠢᠨ ᠨᠦᠬᠦᠪᠦᠷᠢ ᠶᠢ ᠲᠤᠭᠠᠴᠠᠨ ᠪᠤᠳᠤᠬᠤ ᠶᠢᠨ ᠬᠠᠮᠲᠤ ᠲᠦᠯᠦᠪᠦᠷᠢ ᠦᠭᠬᠦᠨ᠎ᠠ︔ ᠨᠢᠬᠡ ᠤᠳᠠᠭᠠᠨ ᠤ ᠡᠮᠨᠡᠯᠭᠡ ᠳᠤ ᠰᠠᠭᠤᠭᠰᠠᠨ᠂ ᠬᠤᠪᠢ ᠬᠦᠮᠦᠨ ᠡᠬᠦᠷᠭᠡᠯᠡᠬᠦ ᠲᠦᠷᠢᠮ ᠳᠤ ᠨᠡᠶᠢᠴᠡᠭᠰᠡᠨ ᠡᠮ ᠡᠮᠨᠡᠯᠭᠡ ᠶᠢᠨ ᠰᠦᠢᠳᠭᠡᠯ ᠨᠢ ᠬᠦᠨᠳᠦ ᠡᠪᠡᠳᠴᠢᠨ ᠤ ᠳᠠᠭᠠᠳᠬᠠᠯ ᠤᠨ ᠲᠦᠯᠦᠪᠦᠷᠢ ᠶᠢᠨ ᠲᠦᠯᠦᠬᠦ ᠪᠠᠷᠢᠮᠵᠢᠶ᠎ᠠ ᠶᠢ ᠳᠠᠪᠠᠭᠰᠠᠨ ᠦᠬᠡᠢ᠂ ᠵᠢᠯ ᠤᠨ ᠳᠤᠳᠤᠷ᠎ᠠ ᠤᠯᠠᠨ ᠤᠳᠠᠭ᠎ᠠ ᠡᠮᠨᠡᠯᠭᠡ ᠳᠤ ᠰᠠᠭᠤᠭᠰᠠᠨ ᠪᠤᠯ᠂ ᠬᠡᠳᠦᠨ ᠤᠳᠠᠭ᠎ᠠ ᠶᠢ ᠨᠡᠮᠡᠨ ᠪᠤᠳᠤᠭᠰᠠᠨ ᠤ ᠲᠠᠷᠠᠭ᠎ᠠ ᠲᠦᠯᠦᠪᠦᠷᠢ ᠶᠢᠨ ᠪᠠᠷᠢᠮᠵᠢᠶ᠎ᠠ ᠶᠢ ᠳᠠᠪᠠᠭ᠋ᠤ ᠦᠶᠡᠰ ᠲᠦᠯᠦᠪᠦᠷᠢ ᠤᠯᠭᠤᠨ᠎ᠠ︔ ᠭᠠᠳᠠᠭᠰᠢ ᠡᠮᠨᠡᠯᠭᠡ ᠰᠤᠯᠢᠨ ᠡᠮᠴᠢᠯᠡᠬᠦᠯᠦᠭᠰᠡᠨ ᠬᠦᠮᠦᠰ ᠴᠠᠭ ᠲᠤᠬᠠᠢ ᠳᠤᠨᠢ ᠳ᠋ᠦᠩᠨᠡᠨ ᠪᠤᠳᠤᠵᠦ ᠴᠢᠳᠠᠬᠤ ᠦᠭᠡᠢ ᠪᠤᠯ᠂ ᠭᠠᠷᠳᠠᠨ ᠬᠦᠢᠴᠡᠳᠭᠡᠬᠦ ᠪᠠᠶᠢᠭᠤᠯᠤᠮᠵᠢ ᠠᠴᠠ ᠡᠮ ᠡᠮᠨᠡᠯᠭᠡ ᠶᠢᠨ ᠳᠠᠭᠠᠳᠬᠠᠯ ᠤᠨ ᠨᠦᠬᠦᠪᠦᠷᠢ ᠶᠢᠨ ᠭᠠᠷᠳᠠᠮ ᠢ ᠬᠦᠢᠴᠡᠳᠭᠡᠭᠰᠡᠨ ᠤ ᠲᠠᠷᠠᠭ᠎ᠠ᠂ ᠬᠦᠨᠳᠦ ᠡᠪᠡᠳᠴᠢᠨ ᠤ ᠳᠠᠭᠠᠳᠬᠠᠯ ᠤᠨ ᠨᠦᠬᠦᠪᠦᠷᠢ ᠰᠦᠢᠳᠬᠡᠯ ᠢ ᠬᠠᠮᠳᠤ ᠳᠤᠨᠢ ᠳ᠋ᠦᠩᠨᠡᠨ ᠪᠤᠳᠤᠵᠦ ᠦᠭᠬᠦᠨ᠎ᠠ᠃ ᠬᠦᠨᠳᠦ ᠡᠪᠡᠳᠴᠢᠨ ᠤ ᠳᠠᠭᠠᠳᠬᠠᠯ ᠢ ᠬᠠᠷᠢᠭᠤᠴᠠᠨ ᠬᠦᠢᠴᠡᠳᠬᠡᠬᠦ ᠬᠤᠳᠠᠯᠳᠤᠭᠠᠨ ᠤ ᠲᠠᠭᠠᠳᠬᠠᠯ ᠤᠨ ᠪᠠᠶᠢᠭᠤᠯᠤᠮᠵᠢ ᠨᠢ ᠬᠦᠨᠳᠦ ᠡᠪᠡᠳᠴᠢᠨ ᠤ ᠳᠠᠭᠠᠳᠬᠠᠯ ᠢ ᠲᠤᠰ  ᠳᠤᠨᠢ ᠬᠢᠨᠠᠨ ᠬᠠᠷᠭᠤᠭᠤᠯᠵᠦ᠂ ᠰᠠᠭᠤᠷᠢ ᠮᠦᠩᠬᠦᠨ ᠤ ᠠᠮᠤᠷ ᠲᠦᠪᠰᠢᠨ ᠢ ᠪᠠᠲᠤᠯᠠᠨ᠂ᠲᠦᠯᠦᠪᠦᠷᠢ ᠶᠢᠨ ᠴᠢᠳᠠᠪᠤᠷᠢ  ᠶᠢ ᠪᠠᠲᠤᠯᠠᠨ᠎ᠠ᠃ ᠬᠦᠨᠳᠦ ᠡᠪᠡᠳᠴᠢᠨ ᠤ ᠳᠠᠭᠠᠳᠬᠠᠯ ᠢ ᠳᠠᠭᠠᠭᠠᠨ ᠬᠦᠢᠴᠡᠳᠬᠡᠬᠦ ᠬᠤᠳᠠᠯᠳᠤᠭᠠᠨ ᠤ ᠲᠠᠭᠠᠳᠬᠠᠯ  ᠤᠨ ᠪᠠᠶᠢᠭᠤᠯᠤᠮᠵᠢ ᠨᠢ ᠡᠮ ᠡᠮᠨᠡᠯᠭᠡ ᠶᠢᠨ ᠰᠢᠰᠲ᠋ᠧᠮ ᠲᠠᠢ ᠬᠠᠷᠢᠯᠴᠠᠨ ᠬᠤᠯᠪᠤᠯᠴᠠᠭᠰᠠᠨ ᠰᠤᠷᠠᠭ ᠵᠠᠩᠬᠢᠴᠢᠯᠠᠭᠰᠠᠨ ᠰᠢᠰᠲ᠋ᠧᠮᠵᠢ ᠶᠢ ᠪᠠᠶᠢᠭᠤᠯᠵᠦ᠂ ᠬᠦᠨᠳᠦ ᠡᠪᠡᠳᠴᠢᠨ ᠤ ᠨᠦᠬᠦᠪᠦᠷᠢ ᠳᠤ ᠨᠡᠶᠢᠴᠡᠭᠰᠡᠨ ᠡᠪᠡᠳᠴᠢᠲᠠᠨ ᠳᠤ ᠴᠠᠭ ᠲᠤᠬᠠᠢ ᠳᠤᠨᠢ ᠲᠦᠯᠦᠪᠦᠷᠢ ᠤᠯᠭᠤᠬᠤ ᠶᠢ ᠪᠠᠲᠤᠯᠠᠨ᠎ᠠ᠃ ᠬᠦᠨᠳᠦ ᠡᠪᠡᠳᠴᠢᠨ ᠤ ᠳᠠᠭᠠᠳᠬᠠᠯ ᠢ ᠬᠠᠷᠢᠭᠤᠴᠠᠨ ᠬᠦᠢᠴᠡᠳᠬᠡᠬᠦ ᠬᠤᠳᠠᠯᠳᠤᠭᠠᠨ ᠤ ᠲᠠᠭᠠᠳᠬᠠᠯ ᠤᠨ ᠪᠠᠶᠢᠭᠤᠯᠤᠮᠵᠢ ᠰᠠᠷ᠎ᠠ ᠪᠦᠷᠢ ᠠᠶᠢᠮᠠᠭ ᠤᠨ ᠡᠮ ᠡᠮᠨᠡᠯᠭᠡ ᠶᠢᠨ ᠳᠠᠭᠠᠳᠬᠠᠯ ᠤᠨ ᠲᠦᠪ ᠲᠤ ᠬᠦᠨᠳᠦ ᠡᠪᠡᠳᠴᠢᠨ ᠤ ᠳᠠᠭᠠᠳᠬᠠᠯ ᠤᠨ ᠰᠦᠢᠳᠭᠡᠯ ᠲᠦᠯᠦᠭᠰᠡᠨ ᠪᠠᠶᠢᠳᠠᠯ ᠵᠢᠴᠢ ᠲᠤᠰᠬᠠᠢ ᠲᠠᠩᠰᠠ ᠶᠢᠨ ᠬᠡᠷᠡᠭᠯᠡᠯᠲᠠ ᠶᠢᠨ ᠪᠠᠶᠢᠳᠠᠯ ᠤᠨ ᠨᠠᠷᠢᠨ ᠲᠠᠩᠰᠠ ᠶᠢ ᠲᠤᠰᠢᠶᠠᠵᠦ᠂ ᠬᠠᠭᠠᠰ ᠵᠢᠯ ᠪᠦᠷᠢ ᠳᠤ ᠬᠦᠨᠳᠦ ᠡᠪᠡᠳᠴᠢᠨ ᠤ ᠳᠠᠭᠠᠳᠬᠠᠯ ᠤᠨ ᠠᠵᠢᠯᠯᠠᠭᠠᠨ ᠤ ᠮᠡᠳᠡᠬᠦᠯᠦᠯᠲᠠ ᠶᠢ ᠲᠤᠰᠢᠶᠠᠬᠤ ᠶᠢᠨ ᠬᠠᠮᠲᠤ ᠡᠷᠬᠢᠯᠲᠠ ᠶᠢᠨ ᠰᠠᠨᠠᠭᠤᠯᠭ᠎ᠠ ᠶᠢ ᠲᠤᠷᠠᠳᠴᠦ᠂ ᠶᠡᠷᠦᠩᠬᠡᠢ ᠮᠡᠳᠡᠬᠦᠯᠦᠯᠲᠠ ᠬᠢᠨᠠᠨ ᠰᠢᠯᠭᠠᠬᠤ ᠤᠨ ᠢᠶᠠᠷ ᠲᠤᠰᠢᠶᠠᠨ᠎ᠠ᠃     ᠠᠷᠪᠠᠨ ᠨᠢᠭᠡ᠂ ᠬᠢᠨᠠᠯᠳᠠ ᠬᠠᠮᠢᠶᠠᠷᠤᠯᠳᠠ     ︵ᠨᠢᠭᠡ︶ ᠬᠤᠳᠠᠯᠲᠤᠭᠠᠨ ᠤ ᠶᠠᠪᠤᠳᠠᠯ ᠤᠨ ᠲᠠᠭᠠᠳᠬᠠᠯ ᠤᠨ ᠪᠠᠶᠢᠭᠤᠯᠤᠮᠵᠢ ᠶᠢᠨ ᠲᠠᠭᠠᠭᠠᠨ ᠡᠷᠬᠢᠯᠡᠭᠰᠡᠨ ᠬᠦᠨᠲᠤ ᠡᠪᠠᠳᠴᠢᠨ ᠤ ᠲᠠᠭᠠᠳᠬᠠᠯ ᠤᠨ ᠬᠢᠨᠠᠯᠳᠠ ᠬᠠᠮᠢᠶᠠᠷᠤᠯᠳᠠ ᠶᠢ ᠴᠢᠩᠭᠠᠳᠬᠠᠨ᠎ᠠ᠃ ᠠᠶᠢᠮᠠᠭ ᠤᠨ ᠬᠦᠮᠦᠨ ᠤ ᠬᠦᠴᠦᠨ ᠤ ᠡᠬᠢ ᠪᠠᠶᠠᠯᠢᠭ ᠪᠠ ᠨᠠᠶᠢᠭᠡᠮ ᠤᠨ ᠪᠠᠲᠤᠯᠠᠭ᠎ᠠ ᠶᠢᠨ ᠰᠠᠯᠠᠭ᠎ᠠ ᠮᠦᠴᠢᠷ᠂ ᠡᠳ᠋ ᠤᠨ ᠵᠠᠰᠠᠭ ᠤᠨ ᠰᠠᠯᠠᠭ᠎ᠠ ᠮᠦᠴᠢᠷ ᠬᠢᠨ᠋ᠨᠨ ᠪᠤᠲᠤᠬᠤ ᠰᠠᠯᠠᠭ᠎ᠠ ᠮᠦᠴᠢᠷ ᠲᠠᠢ ᠬᠠᠮᠲᠤᠷᠠᠨ ᠬᠠᠮᠢᠶ᠎ᠠ ᠪᠦᠬᠦᠢ ᠲᠤᠭᠳᠠᠭᠠᠯ ᠶᠤᠰᠤᠭᠠᠷ᠂ ᠲᠠᠭᠠᠭᠠᠨ ᠡᠷᠬᠢᠯᠠᠵᠦ ᠪᠠᠶᠢᠭ᠎ᠠ ᠬᠤᠳᠠᠯᠲᠤᠭᠠᠨ ᠤ ᠶᠠᠪᠤᠳᠠᠯ ᠤᠨ ᠲᠠᠭᠠᠳᠬᠠᠯ ᠤᠨ ᠪᠠᠶᠢᠭᠤᠯᠤᠮᠵᠢ ᠶᠢᠨ ᠬᠦᠨᠲᠤ ᠡᠪᠠᠳᠴᠢᠨ ᠤ ᠲᠠᠭᠠᠳᠬᠠᠯ ᠤᠨ ᠪᠠᠯᠨ ᠮᠦᠩᠬᠦ ᠶᠢ ᠭᠡᠷᠡᠭᠯᠡᠵᠦ ᠬᠠᠮᠢᠶᠠᠷᠤᠭᠰᠡᠨ ᠪᠠᠶᠢᠳᠠᠯ ᠢ ᠬᠢᠨ᠋ᠨᠨ ᠬᠠᠮᠢᠶᠠᠷᠴᠦ ᠬᠢᠨ᠋ᠨᠨ ᠪᠤᠲᠤᠨ᠎ᠠ᠃ ᠠᠶᠢᠮᠠᠭ ᠤᠨ ᠬᠦᠮᠦᠨ ᠤ ᠬᠦᠴᠦᠨ ᠤ ᠡᠬᠢ ᠪᠠᠶᠠᠯᠢᠭ ᠪᠠ ᠨᠠᠶᠢᠭᠡᠮ ᠤᠨ ᠪᠠᠲᠤᠯᠠᠭ᠎ᠠ ᠶᠢᠨ ᠲᠤᠪᠴᠢᠶ᠎ᠠ ᠡᠮ ᠡᠮᠨᠡᠯᠭᠡ  ᠶᠢᠨ ᠲᠠᠭᠠᠳᠬᠠᠯ ᠢ ᠡᠷᠬᠢᠯᠠᠵᠦ ᠪᠠᠶᠢᠭ᠎ᠠ ᠪᠠᠶᠢᠭᠤᠯᠤᠮᠵᠢ ᠶᠢ ᠵᠤᠬᠢᠶᠠᠨ ᠪᠠᠶᠢᠭᠤᠯᠵᠦ ᠡᠮ ᠡᠮᠨᠡᠯᠭᠡ ᠶᠢᠨ ᠲᠠᠭᠠᠳᠬᠠᠯ ᠤᠨ ᠲᠦᠷᠦ ᠶᠢᠨ ᠪᠤᠲᠤᠯᠭ᠎ᠠ ᠪᠠ ᠬᠦᠨᠲᠤ ᠡᠪᠠᠳᠴᠢᠨ ᠤ ᠲᠠᠭᠠᠳᠬᠠᠯ ᠢ ᠲᠠᠭᠠᠭᠠᠨ ᠡᠷᠬᠢᠯᠡᠭᠰᠡᠨ ᠭᠡᠷ᠎ᠠ ᠶᠤᠰᠤᠭᠠᠷ ᠳᠤᠮᠤ ᠡᠪᠡᠳᠴᠢᠨ ᠤ ᠲᠠᠭᠠᠳᠬᠠᠯ ᠢ ᠲᠠᠭᠠᠭᠠᠨ ᠡᠷᠬᠢᠯᠡᠵᠦ ᠪᠠᠶᠢᠭ᠎ᠠ ᠬᠤᠳᠠᠯᠲᠤᠭᠠᠨ ᠤ ᠶᠠᠪᠤᠳᠠᠯ ᠤᠨ ᠲᠠᠭᠠᠳᠬᠠᠯ ᠤᠨ ᠪᠠᠶᠢᠭᠤᠯᠤᠮᠵᠢ ᠶᠢᠨ ᠭᠡᠷ᠎ᠠ ᠪᠠᠨ ᠭᠡᠷᠡᠭᠵᠢᠬᠦᠯᠬᠦ᠂ ᠬᠦᠯᠢᠶᠠᠨ ᠠᠪᠴᠦ ᠲᠦᠯᠤᠪᠤᠷᠢ ᠦᠭᠬᠦ ᠴᠠᠭ ᠤᠨ ᠬᠢᠵᠠᠭᠠᠷᠯᠠᠯ᠂ ᠦᠢᠯᠡᠴᠢᠯᠡᠭᠡᠨ ᠤ ᠶᠠᠰᠤ ᠴᠢᠨᠠᠷ᠂ ᠡᠳ᠋ ᠤᠨ ᠶᠠᠪᠤᠳᠠᠯ ᠤᠨ ᠬᠠᠮᠢᠶᠠᠷᠤᠯᠳᠠ ᠵᠡᠷᠭᠡ ᠲᠠᠯ᠎ᠠ ᠪᠠᠷ ᠬᠢᠨᠠᠯᠳᠠ ᠲᠠᠯᠪᠢᠵᠦ ᠬᠢᠨ᠋ᠨᠨ ᠰᠢᠯᠭᠠᠵᠦ ᠠᠳᠠᠯᠢᠳᠬᠠᠨ ᠦᠨᠡᠯᠡᠵᠦ᠂ ᠬᠢᠨ᠋ᠨᠨ ᠰᠢᠯᠭᠠᠭᠰᠠᠨ ᠦᠷ᠎ᠠ ᠪᠦᠲᠤᠮᠵᠢ ᠪᠠᠷ ᠲᠦᠰᠦᠪᠯᠠᠨ ᠦᠯᠡᠳᠡᠭᠰᠡᠨ ᠵᠤᠭᠤᠰ ᠢ ᠳ᠋ᠦᠩᠨᠠᠨ ᠪᠤᠲᠤᠭᠰᠠᠨ ᠡᠰᠢ ᠪᠠᠷᠢᠮᠳᠠ ᠪᠤᠯᠭᠠᠵᠦ᠂ ᠪᠤᠳᠠᠲᠠᠢ ᠬᠢᠨ᠋ᠨᠨ ᠰᠢᠯᠭᠠᠬᠤ ᠠᠷᠭ᠎ᠠ ᠶᠢ ᠠᠶᠢᠮᠠᠭ ᠤᠨ ᠡᠮ ᠡᠮᠨᠡᠯᠭᠡ ᠶᠢᠨ ᠲᠠᠭᠠᠳᠬᠠᠯ ᠤᠨ ᠲᠦᠪ ᠠᠴᠠ ᠲᠤᠭᠳᠠᠭᠠᠨ᠎ᠠ︔ ᠡᠳ᠋ ᠤᠨ ᠵᠠᠰᠠᠭ ᠤᠨ ᠰᠠᠯᠠᠭ᠎ᠠ ᠮᠦᠴᠢᠷ ᠬᠦᠨᠲᠤ ᠡᠪᠠᠳᠴᠢᠨ ᠤ ᠲᠠᠭᠠᠳᠬᠠᠯ ᠤᠨ ᠪᠠᠯᠨ ᠮᠦᠩᠬᠦ ᠶᠢᠨ ᠲᠦᠰᠦᠪ ᠤᠨ ᠲᠠᠰᠤᠯᠤᠨ ᠪᠤᠲᠤᠬᠤ ᠪᠠ ᠡᠳ᠋ ᠤᠨ ᠶᠠᠪᠤᠳᠠᠯ ᠤᠨ ᠬᠠᠮᠢᠶᠠᠷᠤᠯᠳᠠ᠂ ᠨᠢᠭᠳᠠᠯᠠᠨ ᠪᠤᠲᠤᠭᠴᠢ ᠶᠢᠨ ᠲᠤᠭᠠᠴᠠᠭ᠎ᠠ ᠬᠢᠬᠦ ᠠᠵᠢᠯ ᠢ ᠰᠠᠶᠢᠲᠤᠷ ᠬᠠᠷᠢᠭᠤᠴᠠᠨ ᠬᠦᠢᠴᠡᠳᠭᠡᠨ᠎ᠡ︔ ᠬᠦᠭᠵᠢᠬᠦᠯᠦᠯᠳᠡ ᠦᠭᠡᠷᠡᠴᠢᠯᠡᠯᠳᠡ᠂ ᠬᠢᠨ᠋ᠨᠨ ᠪᠤᠲᠤᠬᠤ᠂ ᠡᠷᠡᠬᠦᠯ ᠬᠠᠮᠠᠭᠠᠯᠠᠯ ᠬᠢᠭᠡᠳ ᠲᠦᠯᠦᠪᠯᠡᠭᠡᠲᠤ ᠦᠷᠡᠵᠢᠯ᠂ ᠲᠤᠲᠤᠭᠠᠲᠤ ᠶᠢ ᠬᠠᠮᠠᠭᠠᠯᠠᠬᠤ᠂ ᠡᠮ ᠤᠨ ᠵᠦᠢᠯ ᠳᠤ ᠬᠢᠨᠠᠯᠳᠠ ᠲᠠᠯᠪᠢᠬᠤ ᠵᠡᠷᠭᠡ ᠬᠠᠮᠢᠶ᠎ᠠ ᠪᠦᠬᠦᠢ ᠰᠠᠯᠠᠭ᠎ᠠ ᠮᠦᠴᠢᠷ᠂ ᠲᠤᠰ ᠲᠤᠰ ᠤᠨ ᠢᠶᠠᠨ ᠲᠤᠰᠢᠶᠠᠯ ᠬᠠᠷᠢᠭᠤᠴᠠᠯᠭ᠎ᠠ ᠶᠢ ᠦᠨᠲᠤᠰᠦᠯᠠᠵᠦ᠂ ᠵᠤᠬᠢᠴᠠᠭᠤᠯᠤᠨ ᠬᠠᠮᠵᠢᠯᠴᠠᠵᠦ᠂ ᠬᠦᠨᠲᠤ ᠡᠪᠠᠳᠴᠢᠨ ᠤ ᠲᠠᠭᠠᠳᠬᠠᠯ ᠤᠨ ᠠᠵᠢᠯ ᠤᠨ ᠤᠷᠤᠭᠰᠢᠲᠡᠢ ᠭᠡᠷᠡᠭᠵᠢᠬᠦᠯᠦᠭᠳᠡᠬᠦ ᠶᠢ ᠦᠨ᠋ᠨᠨᠬᠦ ᠪᠠᠲᠤᠯᠠᠨ᠎ᠠ᠃     ︵ᠬᠤᠶᠠᠷ︶ ᠬᠦᠨᠲᠤ ᠡᠪᠠᠳᠴᠢᠨ ᠤ ᠲᠠᠭᠠᠳᠬᠠᠯ ᠤᠨ ᠨᠦᠬᠦᠪᠤᠷᠢ ᠦᠭᠬᠦ ᠲᠤᠭᠳᠠᠴᠠ ᠶᠢ ᠲᠦᠷᠢᠮᠵᠢᠬᠦᠯᠦᠨ᠎ᠠ᠃ ᠡᠮ ᠡᠮᠨᠡᠯᠭᠡ ᠶᠢᠨ ᠲᠠᠭᠠᠳᠬᠠᠯ ᠤᠨ ᠡᠷᠬᠢᠯᠠᠨ ᠬᠢᠵᠦ ᠪᠠᠶᠢᠭ᠎ᠠ ᠰᠠᠯᠠᠭ᠎ᠠ ᠮᠦᠴᠢᠷ ᠪᠠ ᠬᠤᠳᠠᠯᠲᠤᠭᠠᠨ ᠤ ᠶᠠᠪᠤᠳᠠᠯ  ᠤᠨ ᠲᠠᠭᠠᠳᠬᠠᠯ ᠢ ᠲᠠᠭᠠᠭᠠᠨ ᠡᠷᠬᠢᠯᠠᠵᠦ ᠪᠠᠶᠢᠭ᠎ᠠ ᠪᠠᠶᠢᠭᠤᠯᠤᠮᠵᠢ ᠲᠠᠭᠠᠳᠬᠠᠯ ᠳᠤ ᠬᠤᠳᠠᠯ ᠬᠠᠭᠤᠷᠮᠠᠭ ᠢᠶᠠᠷ ᠮᠡᠭᠡᠯᠡᠵᠦ ᠤᠷᠤᠯᠴᠠᠭᠤᠯᠬᠤ ᠠᠵᠢᠯᠯᠠᠭ᠎ᠠ ᠳᠤ ᠬᠢᠨᠠᠯᠳᠠ ᠲᠠᠯᠪᠢᠵᠦ ᠪᠠᠶᠢᠴᠠᠭᠠᠬᠤ ᠶᠢ ᠴᠢᠩᠭᠠᠳᠬᠠᠵᠦ᠂ ᠬᠤᠳᠠᠯ ᠬᠠᠭᠤᠷᠮᠠᠭ ᠢᠶᠠᠷ ᠮᠡᠭᠡᠯᠡᠵᠦ ᠲᠠᠭᠠᠳᠬᠠᠯ ᠳᠤ ᠤᠷᠤᠯᠴᠠᠬᠤ ᠠᠵᠢᠯᠯᠠᠭ᠎ᠠ ᠶᠢ ᠢᠯᠡᠷᠡᠬᠦᠯᠪᠠᠯ ᠴᠠᠭ ᠲᠤᠬᠠᠢ ᠳᠤᠨᠢ ᠪᠠᠶᠢᠳᠠᠯ ᠢ ᠬᠠᠷᠢᠯᠴᠠᠨ ᠮᠡᠳᠡᠬᠦᠯᠵᠦ᠂ ᠪᠠᠶᠢᠴᠠᠭᠠᠵᠦ ᠬᠠᠷᠭᠤᠭᠤᠯᠤᠭᠰᠠᠨ ᠤ ᠲᠠᠷᠠᠭ᠎ᠠ᠂ ᠬᠤᠯᠪᠤᠭᠳᠠᠯ ᠪᠦᠬᠦᠢ ᠲᠤᠭᠳᠠᠭᠠᠯ ᠢ ᠦᠨᠲᠤᠰᠦᠯᠠᠵᠦ ᠬᠤᠯᠪᠤᠭᠳᠠᠯ ᠪᠦᠬᠦᠢ ᠬᠠᠷᠢᠭᠤᠴᠠᠯᠭᠠᠳᠠᠨ ᠢ ᠴᠢᠩᠭ᠎ᠠ ᠪᠠᠷ ᠰᠢᠢᠳᠪᠤᠷᠢᠯᠠᠵᠦ᠂ ᠰᠢᠭᠤᠳ ᠬᠠᠤᠯᠢ ᠴᠠᠭᠠᠵᠠ ᠶᠢᠨ ᠬᠠᠷᠢᠭᠤᠴᠠᠯᠭ᠎ᠠ ᠨᠡᠭᠡᠮᠵᠢᠯᠠᠨ᠎ᠠ᠃     ︵ᠭᠤᠷᠪᠠ︶ ᠮᠡᠳᠡᠭᠡ ᠵᠠᠩᠬᠢ ᠶᠢᠨ ᠬᠢᠨᠠᠯᠳᠠ ᠬᠠᠮᠢᠶᠠᠷᠤᠯᠳᠠ ᠶᠢ ᠲᠡᠭᠦᠯᠳᠡᠷᠵᠢᠬᠦᠯᠦᠨ᠎ᠠ᠃ ᠬᠦᠨᠲᠤ ᠡᠪᠠᠳᠴᠢᠨ  ᠤ ᠲᠠᠭᠠᠳᠬᠠᠯ ᠢ ᠲᠡᠠᠭᠠᠭᠠᠨ ᠡᠷᠬᠢᠯᠠᠵᠦ ᠪᠠᠶᠢᠭ᠎ᠠ ᠬᠤᠳᠠᠯᠲᠤᠭᠠᠨ ᠤ ᠶᠠᠪᠤᠳᠠᠯ ᠤᠨ ᠲᠠᠭᠠᠳᠬᠠᠯ ᠤᠨ ᠪᠠᠶᠢᠭᠤᠯᠤᠮᠵᠢ  ᠨᠢ ︽ᠨᠡᠶᠢᠭᠡᠮ ᠤᠨ ᠲᠠᠭᠠᠳᠬᠠᠯ ᠤᠨ ᠬᠤᠪᠢ ᠬᠦᠮᠦᠨ ᠤ ᠡᠷᠭᠡ ᠠᠰᠢᠭ ᠢ ᠲᠡᠮᠳᠡᠭᠯᠡᠬᠦ ᠬᠠᠮᠢᠶᠠᠷᠤᠯᠳᠠ ᠶᠢᠨ ᠠᠷᠭ᠎ᠠ︾ ︵ᠪᠦᠬᠦᠳᠡ ᠨᠠᠶᠢᠷᠠᠮᠳᠠᠬᠤ ᠲᠤᠮᠳᠠᠲᠤ ᠠᠷᠠᠳ ᠤᠯᠤᠰ ᠤᠨ ᠬᠦᠮᠦᠨ ᠤ ᠬᠦᠴᠦᠨ ᠤ ᠡᠬᠢ ᠪᠠᠶᠠᠯᠢᠭ ᠪᠠ ᠨᠠᠶᠢᠭᠡᠮ  ᠤᠨ ᠪᠠᠲᠤᠯᠠᠭ᠎ᠠ ᠶᠢᠨ ᠶᠠᠮᠤᠨ ᠤ ᠵᠠᠷᠯᠢᠭ 14 ᠳ᠋ᠤᠭᠠᠷ ᠲᠤᠭᠠᠲᠤ︶ ᠶᠤᠰᠤᠭᠠᠷ ᠬᠦᠨᠲᠤ ᠡᠪᠠᠳᠴᠢᠨ ᠤ ᠲᠠᠭᠠᠳᠬᠠᠯ  ᠤᠨ ᠮᠡᠳᠡᠭᠡ ᠵᠠᠩᠬᠢ ᠶᠢᠨ ᠬᠠᠮᠢᠶᠠᠷᠤᠯᠳᠠ ᠶᠢ ᠴᠢᠩᠭ᠎ᠠ ᠭᠡᠷᠡᠭᠵᠢᠬᠦᠯᠵᠦ᠂ ᠬᠦᠨᠳᠦ ᠡᠪᠠᠳᠴᠢᠨ ᠤ ᠲᠠᠭᠠᠳᠬᠠᠯ ᠤᠨ ᠬᠠᠮᠢᠶᠠᠷᠤᠯᠳᠠ ᠠᠴᠠ ᠪᠤᠯᠵᠦ ᠤᠯᠵᠦ ᠮᠡᠳᠡᠭᠰᠡᠨ ᠬᠤᠪᠢ ᠬᠦᠮᠦᠨ ᠤ ᠡᠷᠭᠡ ᠠᠰᠢᠭ ᠤᠨ ᠲᠡᠮᠳᠡᠭᠯᠡᠯ ᠤᠨ ᠮᠡᠳᠡᠭᠡ ᠵᠠᠩᠬᠢ ᠶᠢᠨ ᠨᠢᠭᠤᠴᠠ ᠬᠠᠮᠠᠭᠠᠯᠠᠬᠤ ᠬᠠᠷᠢᠭᠤᠴᠠᠯᠭ᠎ᠠ ᠶᠢ ᠡᠬᠦᠷᠭᠡᠯᠡᠨ᠎ᠡ᠂ᠬᠤᠪᠢ ᠬᠦᠮᠦᠨ ᠤ ᠡᠷᠭᠡ ᠠᠰᠢᠭ ᠤᠨ ᠲᠡᠮᠳᠡᠭᠯᠡᠯ ᠤᠨ ᠮᠡᠳᠡᠭᠡ ᠵᠠᠩᠬᠢ ᠶᠢ  ᠬᠦᠨᠲᠤ ᠡᠪᠠᠳᠴᠢᠨ ᠤ ᠲᠠᠭᠠᠳᠬᠠᠯ ᠢ ᠬᠠᠮᠢᠶᠠᠷᠬᠤ ᠠᠴᠠ ᠭᠠᠳᠠᠨ᠎ᠠ ᠦᠭᠡᠷ᠎ᠠ ᠪᠤᠰᠤᠳ ᠭᠠᠵᠠᠷ ᠲᠤ ᠭᠡᠷᠡᠭᠯᠡᠵᠦ ᠪᠤᠯᠬᠤ ᠦᠭᠡᠢ᠃     ︵ᠲᠦᠷᠪᠠ︶ ᠬᠦᠳᠡᠯᠤᠩᠬᠦᠢ ᠲᠤᠬᠢᠷᠠᠭᠤᠯᠬᠤ ᠲᠤᠭᠳᠠᠴᠠ ᠪᠠᠶᠢᠭᠤᠯᠤᠨ᠎ᠠ᠃ ᠬᠦᠨᠲᠤ ᠡᠪᠠᠳᠴᠢᠨ ᠤ ᠲᠠᠭᠠᠳᠬᠠᠯ ᠤᠨ ᠪᠠᠯᠨ ᠴᠤᠭᠯᠠᠭᠤᠯᠬᠤ ᠪᠠᠷᠢᠮᠵᠢᠶ᠎ᠠ ᠪᠠ ᠬᠠᠷᠠᠭᠠᠯᠵᠠᠯ ᠤᠨ ᠭᠡᠮᠵᠢᠶ᠎ᠡ ᠶᠢ ᠲᠤᠬᠢᠷᠠᠭᠤᠯᠬᠤ ᠳᠤ ᠬᠦᠨᠲᠤ ᠡᠪᠠᠳᠴᠢᠨ ᠤ ᠲᠠᠭᠠᠳᠬᠠᠯ ᠤᠨ ᠰᠠᠭᠤᠷᠢ ᠮᠦᠩᠬᠦᠨ ᠤ ᠤᠷᠤᠯᠭ᠎ᠠ ᠵᠠᠷᠤᠯᠭ᠎ᠠ ᠵᠢᠴᠢ ᠡᠷᠬᠢᠯᠳᠡ ᠶᠢᠨ ᠪᠠᠶᠢᠳᠠᠯ ᠢ ᠦᠨᠲᠤᠰᠦᠯᠠᠵᠦ ᠠᠶᠢᠮᠠᠭ ᠤᠨ ᠬᠦᠮᠦᠨ ᠤ ᠬᠦᠴᠦᠨ ᠤ ᠡᠬᠢ ᠪᠠᠶᠠᠯᠢᠭ ᠪᠠ ᠨᠠᠶᠢᠭᠡᠮ ᠤᠨ ᠪᠠᠲᠤᠯᠠᠭ᠎ᠠ ᠶᠢᠨ ᠰᠠᠯᠠᠭ᠎ᠠ ᠮᠦᠴᠢᠷ ᠡᠳ᠋ ᠤᠨ ᠵᠠᠰᠠᠭ ᠤᠨ ᠰᠠᠯᠠᠭ᠎ᠠ ᠮᠦᠴᠢᠷ ᠲᠠᠢ ᠬᠠᠮᠲᠤᠷᠠᠨ ᠴᠠᠭ ᠲᠤᠬᠠᠢ ᠳᠤᠨᠢ ᠵᠤᠬᠢᠴᠠᠭᠤᠯᠵᠦ ᠲᠤᠬᠢᠷᠠᠭᠤᠯᠤᠨ᠎ᠠ᠃     ᠠᠷᠪᠠᠨ ᠬᠤᠶᠠᠷ᠂ ᠲᠠᠭᠠᠯᠲᠤᠭᠤᠯᠬᠤ ᠵᠠᠷᠴᠢᠮ     ︵ᠨᠢᠭᠡ︶ ᠲᠤᠰ ᠭᠡᠷᠡᠭᠵᠢᠬᠦᠯᠬᠦ ᠨᠠᠷᠢᠨ ᠲᠦᠷᠢᠮ ᠢ ᠠᠯᠠᠱᠨ ᠠᠶᠢᠮᠠᠭ ᠤᠨ ᠬᠦᠮᠦᠨ ᠤ ᠬᠦᠴᠦᠨ ᠤ ᠡᠬᠢ ᠪᠠᠶᠠᠯᠢᠭ ᠪᠠ ᠨᠠᠶᠢᠭᠡᠮ ᠤᠨ ᠪᠠᠲᠤᠯᠠᠭ᠎ᠠ ᠶᠢᠨ ᠲᠤᠪᠴᠢᠶ᠎ᠠ ᠠᠴᠠ ᠬᠠᠷᠢᠭᠤᠴᠠᠨ ᠲᠠᠶᠢᠯᠪᠤᠷᠢᠯᠠᠨ᠎ᠠ᠃     ︵ᠬᠤᠶᠠᠷ︶ ᠲᠤᠰ ᠭᠡᠷᠡᠭᠵᠢᠬᠦᠯᠬᠦ ᠨᠠᠷᠢᠨ ᠲᠦᠷᠢᠮ ᠢ ᠲᠠᠷᠬᠠᠭᠠᠭᠰᠠᠨ ᠡᠲᠤᠷ ᠠᠴᠠ ᠡᠬᠢᠯᠠᠵᠦ ᠭᠡᠷᠡᠭᠵᠢᠬᠦᠯᠦᠨ᠎ᠠ᠃ ᠤᠤᠯ ᠤᠨ ︽ᠠᠯᠠᠱᠨ ᠠᠶᠢᠮᠠᠭ ᠤᠨ ᠬᠤᠳᠠ ᠪᠠᠯᠭᠠᠰᠤ ᠶᠢᠨ ᠰᠠᠭᠤᠭᠠᠯᠢ ᠠᠷᠠᠳ ᠤᠨ ᠬᠦᠨᠲᠤ ᠡᠪᠠᠳᠴᠢᠨ ᠤ ᠲᠠᠭᠠᠳᠬᠠᠯ ᠤᠨ ᠭᠡᠷᠡᠭᠵᠢᠬᠦᠯᠬᠦ ᠲᠦᠰᠦᠯ︾ ᠪᠠ ᠰᠢᠨ᠎ᠡ ᠭᠡᠯᠪᠠᠷᠢ ᠶᠢᠨ ᠮᠠᠯᠵᠢᠬᠤ ᠲᠠᠷᠢᠶᠠᠯᠠᠬᠤ ᠤᠷᠤᠨ ᠤ ᠬᠤᠷᠰᠢᠭᠰᠠᠨ ᠡᠮᠨᠡᠯᠭᠡ ᠶᠢᠨ ᠬᠤᠯᠪᠤᠭᠳᠠᠯ ᠪᠦᠬᠦᠢ ᠬᠦᠨᠳᠦ ᠡᠪᠠᠳᠴᠢᠨ ᠤ ᠲᠠᠭᠠᠳᠬᠠᠯ ᠤᠨ ᠲᠦᠷᠦ ᠶᠢᠨ ᠪᠤᠲᠤᠯᠭ᠎ᠠ  ᠶᠢᠨ ᠲᠤᠭᠳᠠᠭᠠᠯ ᠢ ᠬᠠᠮᠲᠤ ᠳᠤᠨᠢ ᠬᠦᠴᠦᠨ ᠦᠭᠡᠢ ᠪᠤᠯᠭᠠᠨ᠎ᠠ᠃
 
ᠢᠷᠡᠯᠲᠡ᠄ ᠠᠯᠠᠱᠠ ᠠᠶᠢᠮᠠᠭ ᠤᠨ ᠵᠠᠬᠢᠷᠭ᠎ᠠ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号