ᠨᠤᠲᠤᠭ ᠤᠨ ᠮᠢᠨᠢ ᠨᠠᠢᠮᠠᠨ ᠭᠤᠤᠯ ᠨᠠᠢᠮᠠᠨ ᠭᠦᠥᠷ
ᠨᠡᠶᠢᠲᠡᠯᠡᠭᠰᠡᠨ ᠴᠠᠭ᠄
2018/6/19
                                                         ᠨᠢᠭᠡᠳᠤᠭᠡᠷ ᠭᠥᠤᠷ
                                                        ᠬᠤᠶᠠᠳᠤᠭᠠᠷ ᠭᠥᠤᠷ
                                                       ᠭᠤᠷᠪᠠᠳᠤᠭᠠᠷ ᠭᠥᠤᠷ
                                                        ᠳᠥᠷᠪᠠᠳᠤᠭᠡᠷ ᠭᠥᠤᠷ
                                                   ᠳᠠᠪᠤᠳᠤᠭᠠᠷ ᠭᠥᠤᠷ
                                                         ᠵᠢᠷᠭᠤᠳᠤᠭᠠᠷ ᠭᠥᠤᠷ
                                                          ᠳᠤᠯᠤᠳᠤᠭᠠᠷ ᠭᠥᠤᠷ
                                                     ᠨᠠᠢᠮᠠᠳᠤᠭᠠᠷ ᠭᠥᠤᠷ           ᠦᠵᠡᠰᠭᠦᠯᠡᠩᠲᠦ ᠡᠵᠡᠨ᠎ᠡ ᠬᠤᠰᠢᠭᠤ ᠪᠣᠯ ᠮᠢᠨᠤ ᠦᠰᠴᠦ ᠪᠤᠶᠢᠵᠢᠭᠰᠠᠨ ᠡᠬᠡ ᠨᠣᠲᠤᠭ᠃ ᠴᠢ ᠯᠢᠶᠠᠨ ᠱᠠᠨ ᠠᠭᠤᠯᠠ ᠶᠢᠨ ᠠᠷᠤ ᠪᠡᠯ ᠠᠴᠠ ᠡᠬᠢᠯᠡᠭᠦᠯᠦᠭᠰᠡᠨ ᠬᠠᠷ᠎ᠠ ᠭᠤᠣᠯ ᠬᠤᠰᠢᠭᠤᠨ ᠤ ᠲᠦᠪ ᠳᠠᠯᠠᠶᠢᠭᠦ᠋ᠪ ᠪᠠᠯᠭᠠᠰᠣ ᠶᠢᠨ ᠣᠨᠴᠠ ᠶᠢᠨ ᠭᠤᠣᠯ ᠢᠶᠠᠷ ᠳᠠᠮᠵᠢᠨ  ᠵᠡᠬᠦᠨᠰᠢ ᠪᠠᠨ ᠨᠠᠢᠮᠠᠨ ᠵᠣᠷᠪᠣᠰ ᠭᠤᠣᠯ ᠪᠣᠯᠣᠨ ᠰᠠᠯᠠᠭᠠᠷᠠᠨ ᠤᠷᠤᠰᠪᠠ᠃ ᠬᠦᠮᠦᠰ ᠤᠨ ᠤᠷᠤᠵᠤ ᠭᠠᠷᠬᠤ ᠶᠢᠨ ᠳᠦᠭᠦᠮ ᠤᠨ ᠲᠦᠯᠦᠭᠡ᠂ ᠬᠤᠷᠢᠳᠤᠭᠠᠷ ᠵᠠᠭᠤᠨ ᠤ ᠲᠠᠪᠢᠭᠠᠳ ᠣᠨ ᠳᠤ ᠨᠠᠢᠮᠠᠨ ᠭᠤᠣᠯ ᠳᠤ ᠲᠤᠰᠪᠣᠷᠢ ᠨᠢᠭᠡ ᠬᠦᠣᠷ ᠵᠠᠰᠠᠪᠠ᠃ ᠨᠠᠢᠮᠠᠨ ᠭᠤᠣᠯ ᠨᠠᠢᠮᠠᠨ ᠬᠦᠭᠦᠷᠭᠡ ᠬᠡᠳᠦᠨ ᠠᠷᠪᠠᠨ ᠵᠢᠯ ᠤᠨ ᠲᠤᠷᠰᠢ᠂ ᠡᠵᠡᠨ᠎ᠡ ᠬᠤᠰᠢᠭᠤᠨ ᠤ ᠡᠯ᠎ᠡ ᠴᠠᠭ ᠦᠶ᠎ᠡ ᠶᠢᠨ ᠬᠦᠭᠵᠢᠯᠲᠡ ᠬᠤᠪᠢᠷᠠᠯᠲᠠ ᠶᠢ ᠦᠩᠭᠡᠷᠡᠭᠦᠯᠵᠦ᠂ ᠡᠨᠡᠬᠦ  ᠪᠠᠶᠢᠭᠠᠯᠢᠯᠢᠭ ᠪᠦᠷᠢᠳᠦ ᠳᠠᠬᠢ ᠲᠤᠤᠷᠠᠢ ᠰᠤᠬᠠᠢ ᠶᠢ ᠰᠠᠬᠢᠨ ᠬᠠᠮᠠᠭᠠᠯᠠᠭᠰᠠᠭᠠᠷ ᠣᠳᠣ ᠪᠣᠯᠵᠠᠢ᠃ ᠨᠠᠢᠮᠠᠨ ᠭᠤᠣᠯ ᠤᠨ ᠤᠰᠤ ᠡᠴᠦᠰ ᠲᠡᠭᠡᠨ ᠰᠣᠪᠨᠠᠭᠤᠷ ᠲᠤ ᠣᠷᠣᠰᠣᠨ ᠣᠷᠣᠵᠣ᠂ ᠵᠢᠦᠢ ᠶᠠᠨ ᠰᠣᠶᠣᠯ ᠤᠨ ᠮᠡᠨᠳᠦᠯᠡᠭᠰᠡᠨ ᠭᠠᠵᠠᠷ ᠢ ᠨᠡᠩ ᠢᠯᠡᠭᠦᠦ ᠦᠩᠭᠡ ᠰᠠᠴᠣᠷᠠᠩᠭᠤᠢ ᠪᠤᠯᠭᠠᠵᠠᠢ᠃             ᠨᠢᠭᠡᠳᠦᠭᠡᠷ ᠭᠤᠣᠯ ᠠᠴᠠ ᠨᠠᠢᠮᠠᠳᠣᠭᠠᠷ ᠭᠤᠣᠯ ᠤᠨ ᠬᠦᠪᠡᠭᠡ ᠳᠠᠭᠠᠤ ᠳᠠᠬᠢ ᠲᠣᠣᠷᠠᠢ ᠪᠣᠯ ᠡᠵᠡᠨ᠎ᠡ ᠲᠣᠣᠷᠠᠢ ᠶᠢᠨ ᠣᠢ ᠶᠢᠨ ᠭᠤᠣᠯᠯᠠᠭᠴᠢ ᠬᠡᠰᠡᠭ ᠪᠣᠯᠵᠣ᠂ 1800 ᠲᠡᠭᠰᠢ ᠳᠦᠷᠪᠡᠯᠵᠢᠨ ᠺᠢᠯᠣᠮᠧᠲᠷ ᠤᠨ ᠲᠣᠣᠷᠠᠢ ᠰᠤᠬᠠᠢ ᠶᠢᠨ ᠠᠮᠢ ᠠᠬᠤᠢ ᠶᠢᠨ ᠭᠤᠶᠣ ᠦᠵᠡᠮᠵᠢ ᠶᠢ ᠪᠦᠷᠢᠯᠳᠣᠭᠦᠯᠪᠡ᠃ ᠡᠭᠦᠨ ᠤ ᠲᠣᠲᠤᠷ᠎ᠠ ᠤᠯᠠᠭᠠᠨ ᠰᠣᠬᠠᠢ ᠶᠢᠨ ᠣᠢ 200 ᠲᠦᠮᠡᠨ ᠮᠤ᠋᠂ ᠲᠤᠤᠷᠠᠢ ᠶᠢᠨ ᠣᠢ 30 ᠲᠦᠮᠡᠨ ᠮᠣ᠋ ᠡᠵᠡᠯᠡᠵᠡᠢ᠃ ᠬᠠᠷᠠᠭ᠎ᠠ ᠰᠣᠩᠭᠠᠨ ᠪᠠᠷᠠᠯᠠᠬᠤ ᠳᠤ ᠮᠢᠩᠭᠠᠨ ᠭᠠᠵᠠᠷ ᠤᠨ ᠵᠢᠷᠤᠭ ᠠᠳᠠᠯᠢ᠂ ᠰᠦᠷᠯᠢᠭ ᠭᠠᠶᠢᠬᠠᠮᠰᠢᠭᠲᠤ ᠦᠵᠡᠮᠵᠢ ᠨᠢ ᠬᠦᠮᠦᠰ ᠤᠨ ᠰᠡᠳᠭᠢᠯ ᠢ ᠬᠤᠷᠭᠤᠳᠠᠭᠤᠯᠣᠨ᠎ᠠ᠃             ᠨᠢᠭᠡᠳᠦᠭᠡᠷ ᠭᠤᠣᠯ ᠠᠴᠠ ᠨᠠᠢᠮᠠᠳᠣᠭᠠᠷ ᠭᠤᠣᠯ ᠳᠠᠬᠢ ᠲᠤᠤᠷᠠᠢ ᠶᠢᠨ ᠣᠢ ᠨᠢ ᠦᠪᠡᠷ ᠦᠪᠡᠷ ᠤᠨ ᠤᠨᠴᠠᠯᠢᠭᠲᠣ ᠦᠵᠡᠮᠵᠢ ᠲᠠᠢ ᠪᠠᠶᠢᠳᠠᠭ᠃             ᠨᠢᠭᠡᠳᠦᠭᠡᠷ ᠭᠤᠣᠯ ︵ᠣᠪᠣᠭᠠᠨ ᠭᠤᠣᠯ︶ ᠤᠨ ᠲᠣᠣᠷᠠᠢ ᠶᠢᠨ ᠣᠢ ᠨᠢ ᠦᠨᠳᠦᠷ ᠰᠦᠷᠯᠢᠭ ᠨᠢᠬᠲᠠ ᠰᠠᠬᠤᠯᠢᠭ ᠪᠠᠶᠢᠳᠠᠭ᠃ ᠣᠨᠴᠠᠭᠠᠶᠢᠯᠠᠨ ᠦᠳᠡᠰᠢ ᠪᠤᠯᠬᠤ ᠳᠤ ᠭᠤᠣᠯ ᠤᠨ ᠤᠰᠤᠨ ᠳᠤ ᠳ᠋ᠧᠩ ᠤᠨ ᠭᠡᠷᠡᠯ ᠣᠶᠢᠵᠣ᠂ ᠦᠩᠭᠡ ᠢᠯᠭᠠᠷᠠᠨ ᠰᠣᠯᠣᠩᠭᠠᠷᠠᠵᠤ ᠠᠷᠰᠢ ᠶᠢᠨ ᠣᠷᠣᠨ ᠮᠡᠲᠦ ᠦᠵᠡᠭᠳᠡᠳᠡᠭ᠃             ᠬᠤᠶᠠᠳᠤᠭᠠᠷ ᠭᠤᠤᠯ ︵ᠬᠦᠭᠰᠢᠨ ᠭᠤᠣᠯ︶ ᠤᠨ ᠲᠤᠤᠷᠠᠢ ᠶᠢᠨ ᠣᠢ ᠡᠷᠬᠢᠮᠰᠦᠭ ᠬᠡᠭᠡᠨᠴᠢᠷ ᠪᠠᠶᠢᠵᠤ᠂ ︽ᠵᠡᠭᠦᠲᠦ ᠵᠡᠷᠭᠡᠯᠭᠡᠨᠲᠦ ᠤᠢ︾ ᠭᠡᠰᠡᠨ ᠭᠤᠸ᠎ᠠ ᠰᠠᠶᠢᠬᠠᠨ ᠨᠡᠷᠡᠶᠢᠳᠦᠯ ᠲᠠᠢ ᠪᠠᠶᠢᠳᠠᠭ᠃ ᠲᠣᠯᠢ ᠠᠳᠠᠯᠢ ᠲᠣᠩᠭᠠᠯᠠᠭ ᠭᠤᠣᠯ ᠤᠨ ᠣᠰᠣᠨ ᠳᠠᠬᠢ ᠬᠦᠬᠡ ᠲᠡᠭᠷᠢ ᠬᠦᠪᠦᠩ ᠡᠭᠦᠯᠡ ᠬᠦᠬᠡᠮᠳᠦᠭ ᠲᠣᠣᠷᠠᠢ ᠶᠢᠨ ᠣᠶᠢᠬᠰᠡᠨ ᠰᠡᠭᠦᠳᠡᠷ ᠨᠢ ᠵᠢᠶᠠᠩᠨᠠᠨ ᠭᠠᠵᠠᠷ ᠤᠨ ᠣᠰᠣᠨ ᠨᠣᠲᠤᠭ ᠮᠡᠲᠦ᠃ ᠬᠤᠶᠠᠳᠤᠭᠠᠷ ᠭᠤᠤᠯ ᠤᠨ ᠬᠦᠣᠷ ᠤᠨ ᠬᠤᠶᠢᠲᠤ ᠡᠷᠭᠢ ᠠᠴᠠ 500 ᠮᠧᠲᠷ ᠲᠤ ᠪᠠᠶᠢᠭ᠎ᠠ ᠬᠤᠶᠠᠷ ᠰᠠᠭᠤᠷᠢ ᠲᠡᠭᠷᠢ ᠲᠣᠯᠣᠮ᠎ᠠ ᠲᠤᠤᠷᠠᠢ ᠨᠢ 2000 ᠤᠨ ᠤ 10 ᠰᠠᠷ᠎ᠠ ᠶᠢᠨ ᠳᠣᠮᠳᠠᠳᠣ ᠣᠯᠣᠰ ᠤᠨ ᠡᠵᠡᠨ᠎ᠡ ᠶᠢᠨ ᠠᠩᠬᠠᠳᠠᠭᠴᠢ ᠣᠳᠠᠭᠠᠨ ᠤ ᠠᠯᠳᠠᠠ ᠨᠠᠮᠤᠷ ᠤᠨ ᠲᠣᠣᠷᠠᠢ ᠶᠢᠨ ᠰᠣᠶᠣᠯ ᠵᠢᠭᠤᠯᠴᠢᠯᠠᠯ ᠤᠨ ᠨᠠᠶᠢᠷ ᠢ ᠡᠷᠬᠢᠯᠡᠭᠰᠡᠨ ᠭᠠᠵᠠᠷ ᠪᠤᠯᠤᠨ᠎ᠠ᠃             ᠭᠤᠷᠪᠠᠳᠤᠭᠠᠷ ᠭᠤᠣᠯ ︵ᠬᠠᠷ᠎ᠠ ᠰᠤᠬᠠᠢ ᠶᠢᠨ ᠭᠤᠣᠯ︶ ᠤᠨ ᠬᠠᠮᠤᠭ ᠣᠨᠴᠠᠯᠢᠭ ᠲᠠᠢ ᠲᠠᠯ᠎ᠠ ᠪᠣᠯ ᠤᠯᠠᠭᠠᠨ ᠰᠤᠬᠠᠢ ᠶᠢᠨ ᠤᠢ ᠪᠤᠯᠤᠨ᠎ᠠ᠂ ᠵᠢᠯ ᠪᠦᠷᠢ ᠶᠢᠨ ᠨᠠᠢᠮᠠᠨ ᠰᠠᠷ᠎ᠠ ᠪᠤᠯᠬᠤ ᠳᠤ ᠬᠤᠶᠢᠨ᠎ᠠ ᠬᠤᠶᠢᠨ᠎ᠠ ᠠᠴᠠ ᠪᠠᠨ ᠵᠠᠯᠭᠠᠯᠳᠣᠭᠰᠠᠨ ᠡᠯᠡᠰᠦᠨ ᠪᠦᠭᠡᠷᠡᠭ ᠤᠨ ᠳᠡᠭᠡᠷᠡᠬᠢ ᠣᠯᠠᠭᠠᠨ ᠰᠤᠬᠠᠢ ᠭᠠᠯ ᠤᠨ ᠳᠠᠯᠠᠢ ᠮᠠᠲᠦ ᠬᠦᠪᠡᠭᠡ ᠬᠢᠵᠠᠭᠠᠷ ᠨᠢ  ᠦᠵᠡᠭᠳᠡᠬᠦ ᠦᠭᠡᠢ ᠦᠷᠭᠦᠯᠵᠢᠯᠡᠵᠦ᠂ ᠡᠵᠡᠨ᠎ᠡ ᠶᠢᠨ ᠪᠠᠰᠠ ᠨᠢᠭᠡᠨ ᠦᠪᠡᠳᠡᠭᠰᠢ ᠨᠠᠶᠢᠷ ᠤᠯᠠᠭᠠᠨ ᠰᠤᠬᠠᠢ ᠶᠢᠨ ᠨᠠᠶᠢᠷ ᠢ ᠡᠭᠦᠰᠭᠡᠪᠡ᠃             ᠳᠦᠷᠪᠡᠳᠦᠭᠡᠷ ᠭᠤᠣᠯ ︵ᠦᠨᠳᠦᠷ ᠡᠯᠡᠰᠦᠨ ᠤ ᠭᠤᠣᠯ︶ ᠤᠨ ᠲᠤᠤᠷᠠᠢ ᠰᠣᠬᠠᠢ ᠬᠠᠮᠲᠤᠷᠠᠨ ᠠᠮᠢᠳᠣᠷᠠᠵᠤ᠂ ᠰᠤᠯᠪᠢᠴᠠᠨ ᠭᠡᠷᠡᠯᠳᠦᠭᠦᠯᠦᠨ᠂ ᠣᠷᠢᠬᠠᠨ ᠰᠠᠯᠬᠢᠨ ᠳᠤ ᠨᠠᠮᠠᠭ᠎ᠠ ᠨᠢ ᠣᠶᠠᠯᠵᠠᠨ ᠦᠭᠡᠷ᠎ᠡ ᠨᠢᠭᠡᠨ ᠶᠠᠩᠵᠤ ᠶᠢᠨ ᠭᠤᠸ᠎ᠠ ᠦᠵᠡᠮᠵᠢ ᠶᠢ ᠪᠦᠷᠢᠯᠳᠦᠭᠦᠯᠳᠡᠭ᠃           ᠲᠠᠪᠤᠳᠤᠭᠠᠷ ᠭᠤᠣᠯ ︵ᠣᠩᠭᠤᠴᠠ ᠶᠢᠨ ᠲᠣᠣᠷᠠᠢ ᠶᠢᠨ ᠭᠤᠣᠯ︶ ᠤᠨ ᠲᠣᠣᠷᠠᠢ ᠬᠠᠷᠢᠴᠠᠩᠭᠤᠢ ᠰᠡᠶᠢᠷᠡᠭ ᠪᠠᠶᠢᠵᠣ᠂ ᠭᠡᠰᠡᠭ ᠬᠡᠰᠡᠭ ᠬᠦᠪᠦᠩ ᠤᠨ ᠲᠠᠷᠢᠶ᠎ᠠ ᠲᠠᠷᠬᠠᠨ ᠪᠠᠶᠢᠷᠢᠰᠢᠵᠣ᠂ ᠰᠤᠯᠠ ᠰᠡᠯᠡᠭᠦᠨ ᠬᠦᠳᠡᠭᠡ ᠲᠤᠰᠬᠤᠨ ᠤ ᠠᠮᠢᠳᠣᠷᠠᠯ ᠤᠨ ᠰᠠᠶᠢᠬᠠᠨ ᠦᠵᠡᠮᠵᠢ ᠲᠠᠢ ᠪᠠᠶᠢᠳᠠᠭ᠃             ᠵᠢᠷᠭᠤᠳᠤᠭᠠᠷ ᠭᠤᠣᠯ ︵ᠨᠣᠬᠠᠢ ᠮᠠᠶᠢᠨᠢ ᠶᠢᠨ ᠭᠤᠣᠯ︶ ᠤᠨ ᠲᠤᠤᠷᠠᠢ ᠠᠳᠡ ᠲᠡᠨᠳᠡ ᠭᠠᠭᠴᠠ ᠬᠤᠶᠠᠷ ᠢᠶᠠᠷ ᠣᠷᠭᠤᠵᠣ᠂ ᠲᠠᠷᠢᠶᠠᠨ ᠲᠠᠭ ᠢᠶᠠᠷ ᠭᠤᠣᠯᠯᠠᠨ᠂ ᠵᠢᠦᠢ ᠶᠠᠨ ᠪᠠᠯᠲᠣ ᠬᠡᠮᠬᠡ ᠶᠢᠨ ᠭᠤᠣᠯ ᠭᠠᠷᠣᠯᠳᠠ ᠶᠢᠨ ᠭᠠᠵᠠᠷ ᠪᠤᠯᠤᠨ᠎ᠠ᠃             ᠳᠣᠯᠣᠳᠣᠭᠠᠷ ᠭᠤᠣᠯ ︵ᠠᠷᠠᠯ ᠤᠨ ᠲᠣᠣᠷᠠᠢ ᠶᠢᠨ ᠭᠤᠣᠯ︶ ᠤᠨ ᠲᠣᠣᠷᠠᠢ ᠪᠣᠯ ᠬᠦᠮᠦᠨ ᠤ ᠬᠦᠴᠦ ᠪᠠᠷ ᠪᠢᠲᠡᠭᠦᠮᠵᠢᠯᠠᠨ ᠰᠠᠶᠢᠵᠢᠷᠠᠭᠤᠯᠤᠭᠰᠠᠨ ᠲᠤᠤᠷᠠᠢ ᠪᠠᠶᠢᠵᠣ᠂ ᠨᠢᠯᠬ᠎ᠠ ᠲᠣᠣᠷᠠᠢ ᠪᠠᠷ ᠭᠤᠣᠯᠯᠠᠳᠠᠭ ᠴᠦ ᠬᠦᠭᠰᠢᠨ ᠲᠤᠤᠷᠠᠢ ᠳᠤᠲᠤᠷ᠎ᠠ ᠨᠢ ᠤᠷᠤᠰᠢᠵᠣ᠂ ᠬᠦᠭᠰᠢᠨ ᠨᠢᠯᠬ᠎ᠠ ᠲᠤᠤᠷᠠᠢ ᠦᠶ᠎ᠡ ᠶᠢᠨ ᠦᠶ᠎ᠡ ᠳᠡᠭᠡᠨ ᠬᠠᠮᠳᠤ ᠳᠠᠭᠠᠨ ᠣᠷᠣᠰᠢᠵᠣ ᠦᠨᠦᠳᠦᠷ ᠪᠣᠯᠣᠭᠰᠠᠨ᠃ 2001 ᠣᠨ ᠤ 8 ᠰᠠᠷ᠎ᠠ ᠳᠤ ᠪᠦᠬᠦ ᠣᠯᠣᠰ ᠤᠨ ᠠᠷᠠᠳ ᠤᠨ ᠲᠦᠯᠦᠭᠡᠯᠡᠭᠴᠢᠳ ᠤᠨ ᠶᠡᠭᠡ ᠬᠤᠷᠠᠯ ᠤᠨ ᠪᠠᠶᠢᠡᠭᠭᠤ ᠶᠢᠨ ᠬᠤᠷᠢᠶᠠᠠ ᠤ ᠳᠡᠳ᠋ ᠳᠠᠷᠤᠭ᠎ᠠ ᠪᠦᠬᠡ ᠨᠦᠬᠦᠷ ᠠᠴᠠ ︽ᠣᠨᠠᠭᠠᠨ ᠲᠣᠣᠷᠠᠢ ᠶᠢᠨ ᠤᠢ︾ ᠭᠡᠵᠦ ᠨᠡᠷᠡᠯᠡᠪᠡ᠃            ᠨᠠᠢᠮᠠᠳᠣᠭᠠᠷ ᠭᠤᠣᠯ ︵ᠪᠠᠶᠤᠤᠨ ᠲᠤᠤᠷᠠᠢ ᠶᠢᠨ ᠭᠤᠣᠯ︶ ᠤᠨ ᠬᠦᠪᠡᠭᠡ ᠳᠠᠭᠠᠤ ᠲᠣᠣᠷᠠᠢ ᠨᠢ ᠵᠢᠩᠬᠢᠨᠢ ᠣᠳᠬ᠎ᠠ ᠳᠠᠬᠢ ︽ᠶᠡᠭᠡ ᠮᠠᠩᠬᠠᠨ ᠤ ᠲᠣᠣᠷᠠᠢ︾ ᠪᠠᠶᠢᠵᠤ᠂ ᠡᠯᠦᠢ ᠬᠤᠯᠣᠢ᠂ ᠣᠶᠠᠷᠠᠭᠤᠨ ᠵᠢᠪᠬᠤᠯᠠᠩᠳᠠᠢ᠂ ᠨᠠᠮ ᠭᠦᠮ ᠢᠶᠠᠷ ᠦᠷᠭᠡᠨ ᠠᠭᠤᠳᠠᠮ ᠬᠦᠪᠡᠭᠡ ᠬᠢᠵᠠᠭᠠᠷ ᠦᠭᠡᠢ ᠶᠡᠭᠡ ᠭᠤᠪᠢ ᠶᠢᠨ ᠳᠣᠮᠳᠠ ᠰᠦᠭᠯᠠᠶᠢᠵᠦ ᠪᠠᠶᠢᠳᠠᠭ᠃ ᠨᠠᠢᠮᠠᠳᠣᠭᠠᠷ ᠭᠤᠣᠯ ᠨᠢ ᠬᠤᠷᠢᠳᠤᠭᠠᠷ ᠵᠠᠭᠤᠨ ᠤ ᠶᠡᠷᠡᠭᠡᠳ ᠣᠨ ᠳᠤ ᠬᠠᠷ᠎ᠠ ᠭᠤᠤᠯ ᠤᠨ ᠣᠷᠣᠰᠬᠠᠯ ᠲᠠᠰᠣᠷᠠᠭᠰᠠᠨ ᠠᠴᠠ ᠪᠣᠯᠵᠣ᠂ ᠨᠠᠢᠮᠠᠳᠣᠭᠠᠷ ᠭᠤᠣᠯ ᠢᠶᠠᠷ ᠪᠠᠳᠠᠢ ᠶᠢᠨ ᠵᠢᠷᠠᠨ ᠤ ᠬᠤᠶᠢᠨᠠᠬᠢ ᠮᠣᠨᠣᠩ ᠤᠨ ᠨᠠᠭᠤᠷ ᠬᠠᠲᠠᠨ ᠰᠢᠷᠭᠢᠪᠡ᠃ ᠡᠭᠦᠨ ᠠᠴᠠ ᠨᠠᠢᠮᠠᠳᠣᠭᠠᠷ ᠭᠤᠣᠯ ︽ᠠᠵᠢᠯ ᠠᠴᠠ ᠪᠠᠨ ᠪᠠᠭᠤᠵᠤ︾ ᠦᠨᠦᠳᠦᠷ ᠪᠤᠯᠵᠤ᠂ ᠨᠠᠢᠮᠠᠳᠣᠭᠠᠷ ᠭᠦᠣᠷ ᠨᠢ ᠴᠣ᠋ ᠨᠢᠭᠡᠨᠲᠡ ︽ᠠᠵᠢᠯ ᠤᠨ ᠠᠮᠠᠷᠠᠯᠳᠠ︾ ᠪᠠᠨ ᠠᠪᠤᠪᠠ᠃ ᠬᠤᠰᠢᠭᠤᠨ ᠤ ᠵᠠᠰᠠᠭ ᠤᠨ ᠤᠷᠳᠤᠨ ᠠᠴᠠ ︽ᠠᠶᠢᠮᠠᠭ ᠤᠨ ᠳᠡᠰ ᠤᠨ ᠭᠤᠣᠯᠳᠠᠯᠭᠠᠲᠣ ᠲᠡᠦᠬᠡ ᠶᠢᠨ ᠳᠣᠷᠠᠰᠬᠠᠯᠲᠤ ᠵᠦᠢᠯ ᠤᠨ ᠬᠠᠮᠠᠭᠠᠯᠠᠯᠳᠠ ᠶᠢᠨ ᠨᠢᠭᠡᠴᠡ︾ ᠶᠢᠨ ᠫᠠᠶᠢᠰᠠ ᠪᠣᠰᠬᠠᠵᠤ ᠳᠣᠷᠠᠰᠬᠠᠪᠠ᠃            ᠳᠡᠯᠡᠬᠡᠢ ᠳᠤ ᠬᠤᠪᠣᠷᠬᠠᠨ ᠡᠨᠡ ᠬᠡᠰᠡᠭ ᠲᠣᠣᠷᠠᠢ ᠶᠢᠨ ᠣᠢ ᠨᠢ ᠨᠠᠢᠮᠠᠨ ᠭᠤᠣᠯ ᠤᠨ ᠤᠰᠤᠨ ᠤ ᠣᠮᠳᠠᠯᠠᠯᠲᠠ ᠪᠠᠷ ᠨᠢᠭᠡᠨ ᠲᠡᠭᠷᠢ ᠨᠢ ᠴᠡᠩᠬᠡᠷ᠂ ᠤᠰᠤ ᠨᠢ ᠲᠤᠩᠭᠠᠯᠠᠭ᠂ ᠭᠡᠷᠡᠯ ᠰᠠᠴᠤᠷᠠᠩᠭᠤᠢ ᠳᠣᠮᠣᠭᠲᠤ ᠶᠢᠷᠲᠢᠨᠴᠦ ᠶᠢ ᠨᠠᠭᠡᠭᠡᠪᠡ᠃ ᠲᠣᠣᠷᠠᠢ ᠶᠢᠨ ᠨᠠᠪᠴᠢ ᠶᠢᠨ ᠦᠩᠭᠡ ᠨᠢ ᠨᠤᠭᠤᠭᠠᠨ᠂ ᠰᠢᠷᠠᠪᠲᠣᠷ᠂ ᠵᠦᠷᠵᠢᠨ ᠰᠢᠷ᠎ᠠ᠂ ᠠᠯᠲᠠᠨ ᠰᠢᠷᠭᠠᠯ ᠪᠠ ᠨᠠᠪᠴᠢ ᠨᠢ ᠤᠨᠠᠬᠤ ᠲᠠᠪᠤᠨ ᠠᠯᠬᠤᠮ ᠢ ᠦᠩᠭᠡᠷᠡᠭᠦᠯᠵᠦ᠂ ᠨᠠᠮᠤᠷ ᠴᠠᠭ ᠤᠨ ᠡᠵᠡᠨ᠎ᠡ ᠶᠢᠨ ᠡᠬᠡ ᠭᠠᠵᠠᠷ ᠰᠠᠶ᠋ᠢ ᠲᠣᠣᠷᠠᠢ ᠶᠢᠨ ᠣᠢ ᠶᠢᠨ ᠬᠠᠮᠤᠭ ᠤᠨ ᠬᠦᠷ ᠬᠦᠭᠵᠢᠶᠡᠨᠲᠠᠢ ᠵᠢᠪ ᠵᠢᠩᠬᠢᠨᠢ ᠪᠦᠵᠢᠭ ᠤᠨ ᠲᠠᠶᠢᠰᠠ ᠪᠣᠯᠣᠨ᠎ᠠ᠃           ᠤᠰᠤ ᠪᠣᠯ ᠲᠣᠣᠷᠠᠢ ᠶᠢᠨ ᠠᠮᠢ ᠨᠠᠰᠣᠨ ᠤ ᠡᠭᠢ ᠰᠣᠷᠪᠣᠯᠵᠢ᠂ ᠮᠦᠨᠴᠦ ᠲᠤᠬᠠᠢ ᠶᠢᠨ ᠭᠠᠵᠠᠷ ᠤᠨ ᠠᠮᠢ ᠠᠬᠤᠢ ᠶᠢᠨ ᠰᠠᠭᠤᠷᠢ᠃ 2000 ᠣᠨ ᠠᠴᠠ ᠣᠯᠣᠰ ᠠᠴᠠ ᠬᠠᠷ᠎ᠠ ᠭᠤᠣᠯ ᠤᠨ ᠭᠤᠣᠯ ᠣᠷᠣᠰᠬᠠᠯ ᠤᠨ ᠬᠡᠮᠵᠢᠶ᠎ᠡ ᠶᠢ ᠮᠣᠵᠢ ᠣᠷᠣᠨ ᠠᠯᠤᠰᠯᠠᠨ ᠨᠢᠭᠡᠳᠦᠯᠲᠠᠢ ᠲᠣᠬᠢᠷᠠᠭᠤᠯᠬᠤ ᠶᠢ ᠪᠠᠴᠢᠮ ᠡᠬᠢᠯᠡᠭᠦᠯᠵᠦ᠂ ᠦᠷᠭᠦᠯᠵᠢᠯᠡᠨ 15 ᠵᠢᠯ ᠤᠰᠤ ᠬᠤᠪᠢᠶᠠᠬᠤ ᠶᠢ ᠪᠡᠶᠡᠯᠡᠭᠦᠯᠤᠠ᠂ ᠰᠤᠪᠨᠠᠭᠤᠷ ᠤᠨ 40 ᠭᠠᠷᠤᠢ ᠲᠡᠭᠰᠢ ᠲᠦᠷᠪᠡᠯᠵᠢᠨ ᠺᠢᠯᠣᠮᠧᠲᠷ ᠤᠨ ᠤᠰᠤᠨ ᠤ ᠲᠠᠯᠠᠪᠠᠢ ᠶᠢ ᠰᠡᠷᠭᠦᠭᠡᠭᠰᠡᠨ ᠠᠴᠠ ᠲᠣᠣᠷᠠᠢ ᠶᠢᠨ ᠤᠢ ᠨᠢ ᠰᠢᠨᠡᠳᠦᠨ ᠰᠠᠶᠢᠵᠢᠷᠠᠵᠤ᠂ ᠰᠦᠷ ᠵᠢᠪᠬᠤᠯᠠᠩᠳᠤ ᠳᠦᠷᠢ ᠪᠠᠶᠢᠳᠠᠯ ᠨᠢ ᠳᠠᠬᠢᠨ ᠢᠯᠡᠷᠡᠪᠡ᠃ 2000 ᠣᠨ ᠠᠴᠠ ᠨᠠᠰᠢ ᠡᠵᠡᠨ᠎ᠡ ᠬᠤᠰᠢᠭᠤ ᠠᠮᠢ ᠠᠬᠤᠢ ᠪᠠᠨ ᠬᠠᠮᠠᠭᠠᠯᠠᠬᠤ ᠪᠠᠷ ᠭᠤᠤᠯᠯᠠᠵᠤ᠂ ᠲᠤᠤᠷᠠᠢ ᠶᠢ ᠰᠤᠷᠳᠠᠯᠴᠢᠯᠠᠨ᠂ ᠦᠷᠭᠦᠯᠵᠢᠯᠠᠨ 15 ᠤᠳᠠᠭ᠎ᠠ ᠤᠯᠠᠨ ᠤᠯᠤᠰ ᠤᠨ ᠠᠯᠲᠠᠨ ᠨᠠᠮᠦᠷ ᠤᠨ ᠲᠤᠤᠷᠠᠢ ᠶᠢᠨ ᠠᠮᠢ ᠠᠬᠤᠢ ᠶᠢᠨ ᠵᠢᠭᠤᠯᠴᠢᠯᠠᠯ ᠤᠨ ᠨᠠᠶᠢᠷ ᠢ ᠡᠷᠬᠢᠯᠡᠵᠦ᠂ ᠣᠳᠣ ᠨᠢᠭᠡᠨᠲᠡ ᠮᠠᠨ ᠤ ᠤᠯᠤᠰ ᠤᠨ ᠠᠷᠪᠠᠨ ᠬᠠᠮᠤᠭ ᠤᠨ ᠣᠨᠴᠠᠯᠢᠭ ᠲᠠᠢ ᠭᠠᠵᠠᠷ ᠤᠷᠤᠨ ᠤ ᠨᠢᠭᠡ ᠨᠢ ᠪᠣᠯᠵᠣ᠂ ᠡᠵᠡᠨ᠎ᠡ ᠪᠠᠰᠠ ᠴᠦ ᠪᠦᠬᠦ ᠤᠯᠤᠰ ᠤᠨ ᠨᠡᠷᠡᠲᠦ ᠵᠢᠭᠤᠯᠴᠢᠯᠠᠯ ᠤᠨ ᠤᠷᠤᠨ ᠪᠠ ᠳᠡᠯᠡᠬᠡᠢ ᠳᠤ ᠲᠠᠨᠢᠭᠳᠠᠬᠤ ᠠᠯᠠᠱᠠ ᠵᠢᠭᠤᠯᠴᠢᠯᠠᠯ ᠤᠨ ᠰᠤᠶᠤᠯ ᠤᠨ ᠨᠡᠷᠡᠳᠦ ᠲᠡᠮᠳᠡᠭ ᠪᠤᠯᠪᠠ᠃             ︵ᠵᠤᠭᠢᠶᠠᠭᠴᠢ᠄ ᠪᠠᠳᠣᠴᠢᠯᠠᠭᠤ           ᠵᠣᠬᠢᠶᠠᠭᠴᠢ ᠪᠤᠯ ᠣᠣᠯ ᠤᠨ ᠠᠯᠠᠱᠠ ᠠᠶᠢᠮᠠᠭ ᠤᠨ ᠣᠯᠣᠰ ᠲᠦᠷᠦ ᠶᠢᠨ ᠵᠦᠪᠯᠡᠯᠭᠡᠨ ᠤ ᠨᠠᠮ ᠤᠨ ᠳᠣᠭᠤᠶᠢᠯᠠᠩ ᠤᠨ ᠱᠦᠵᠢ᠂ ᠳᠡᠷᠢᠭᠦᠯᠡᠭᠴᠢ︶    
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号