ᠴᠠᠭᠠᠨ ᠨᠤᠯᠤᠤᠷᠳᠤ ᠢᠮᠠᠭ᠎ᠠ ᠮᠠᠯᠯᠠᠬᠤ ᠲᠤᠬᠠᠢ ᠬᠠᠷᠠᠭᠠᠯᠵᠠᠯ ᠤᠨ ᠲᠦᠷᠦ ᠶᠢᠨ ᠪᠤᠳᠤᠯᠭ᠎ᠠ ᠳᠤ ᠠᠩᠬᠠᠷᠤᠯ ᠢᠶᠠᠨ ᠬᠠᠨᠳᠤᠭᠤᠯᠤᠭᠠᠷᠠᠢ
ᠨᠡᠶᠢᠲᠡᠯᠡᠭᠰᠡᠨ ᠴᠠᠭ᠄
2018/5/23
       ᠦᠪᠡᠷᠳᠡᠭᠡᠨ ᠵᠠᠰᠠᠬᠤ ᠤᠷᠤᠨ ᠬᠢᠭᠡᠳ ᠠᠶᠢᠮᠠᠭ ᠤᠨ ᠨᠠᠮ ᠤᠨ ᠬᠤᠷᠢᠶ᠎ᠠ᠂ ᠵᠠᠬᠢᠷᠭ᠎ᠠ ᠶᠢᠨ ᠴᠠᠭᠠᠨ ᠨᠤᠯᠤᠤᠷᠳᠤ ᠢᠮᠠᠭᠠᠨ ᠤ ᠠᠵᠤ ᠤᠢᠢᠯᠡᠰ ᠢ ᠬᠦᠭᠵᠢᠬᠦᠯᠬᠦ ᠲᠦᠷᠦ ᠶᠢᠨ ᠪᠤᠳᠤᠯᠭ᠎ᠠ ᠶᠢ ᠠᠬᠢᠭᠤᠯᠵᠤ᠂ ᠴᠠᠭᠠᠨ ᠨᠤᠯᠤᠤᠷᠳᠤ ᠢᠮᠠᠭᠠᠨ ᠤ ᠨᠤᠯᠤᠤᠷ ᠤᠨ ᠶᠠᠰᠤ ᠴᠢᠨᠠᠷ ᠢ ᠲᠡᠭᠡᠭᠰᠢᠯᠡᠬᠦᠯᠬᠦ ᠶᠢᠨ ᠲᠤᠯᠠᠳᠠ᠂ ᠮᠠᠨ ᠤ ᠠᠶᠢᠮᠠᠭ ᠴᠠᠭᠠᠨ ᠨᠤᠯᠤᠤᠷᠳᠤ ᠢᠮᠠᠭᠠᠨ ᠤ ᠨᠤᠯᠤᠤᠷ ᠤᠨ ᠶᠠᠰᠤ ᠴᠢᠨᠠᠷ ᠢ ᠦᠨᠳᠦᠰᠦᠯᠡᠨ ᠪᠤᠳᠠᠳᠠᠢ ᠬᠠᠷᠠᠭᠠᠯᠵᠠᠯ ᠤᠨ ᠲᠦᠷᠦ ᠶᠢᠨ ᠪᠤᠳᠤᠯᠭ᠎ᠠ ᠶᠢ ᠬᠡᠷᠡᠭᠵᠢᠬᠦᠯᠵᠤ ᠪᠠᠶᠢᠨ᠎ᠠ᠃ ᠡᠬᠦᠨ ᠤ ᠲᠤᠬᠠᠢ ᠠᠯᠠᠱᠠ ᠵᠡᠬᠦᠨ ᠬᠤᠰᠢᠭᠤᠨ ᠤ ᠭᠡᠷ ᠤᠨ ᠲᠡᠵᠢᠭᠡᠪᠦᠷᠢ ᠶᠢᠨ ᠡᠬᠦᠯᠳᠡᠷ ᠰᠠᠶᠢᠵᠢᠷᠠᠭᠤᠯᠬᠤ ᠠᠵᠢᠯ ᠤᠨ ᠦᠷᠳᠡᠭᠡ ᠶᠢᠨ ᠨᠤᠯᠤᠤᠷ ᠤᠨ ᠢᠮᠠᠭ᠎ᠠ ᠪᠤᠯᠤᠨ ᠨᠤᠳᠤᠭ ᠤᠨ ᠬᠤᠨᠢᠨ ᠤ ᠬᠠᠮᠢᠶᠠᠷᠤᠯᠳᠠ ᠶᠢᠨ ᠠᠯᠪᠠᠨ ᠭᠡᠷ ᠤᠨ ᠡᠷᠬᠢᠯᠡᠭᠴᠢ ᠯᠢᠤ ᠬᠤᠨᠭ᠌ ᠵᠢᠶᠦ᠋ᠨ ᠡᠶᠢᠨᠬᠦ ᠲᠠᠨᠢᠯᠴᠠᠭᠤᠯᠵᠤ ᠪᠠᠶᠢᠯ᠎ᠠ᠃        ᠴᠠᠭᠠᠨ ᠨᠤᠯᠤᠤᠷᠳᠤ ᠢᠮᠠᠭᠠᠨ  ᠤ ᠨᠤᠯᠤᠤᠷ  ᠤᠨ ᠶᠠᠰᠤ ᠴᠢᠨᠠᠷ  ᠲᠤ ᠪᠠᠶᠢᠴᠠᠭᠠᠯᠳᠠ ᠬᠢᠬᠦ ᠬᠦᠷᠢᠶ᠎ᠠ ᠴᠠᠷ᠎ᠠ   ᠨᠢ ᠪᠦᠬᠦ ᠠᠶᠢᠮᠠᠭ  ᠤᠨ ᠬᠡᠪᠴᠢᠶᠠᠨ ᠳᠠᠬᠢ ᠨᠤᠳᠤᠭ ᠪᠡᠯᠴᠢᠭᠡᠷ  ᠤᠨ ᠲᠠᠩᠴᠠᠬᠦᠷᠢ  ᠶᠢ ᠪᠠᠳᠤᠯᠠᠬᠤ ᠲᠦᠷᠦ  ᠶᠢᠨ ᠪᠤᠳᠤᠯᠭ᠎ᠠ  ᠳᠤ ᠤᠷᠤᠯᠴᠠᠬᠰᠠᠨ ᠮᠠᠯᠴᠢᠨ ᠡᠷᠦᠬᠡ᠂ ᠴᠠᠭᠠᠨ ᠨᠤᠯᠤᠤᠷᠳᠤ ᠢᠮᠠᠭᠠᠨ  ᠤ ᠲᠤᠰᠬᠠᠢ ᠬᠤᠷᠰᠢᠶᠠᠵᠢᠯ  ᠤᠨ ᠪᠦᠷᠢᠯᠳᠦᠬᠦᠨ ᠡᠷᠦᠬᠡ  ᠶᠢᠨ ᠮᠠᠯ᠂ ᠴᠠᠭᠠᠨ ᠨᠤᠯᠤᠤᠷᠳᠤ ᠢᠮᠠᠭᠠᠨ  ᠤ ᠤᠬᠤᠨ᠎ᠠ  ᠶᠢᠨ ᠮᠠᠯᠵᠢᠯ  ᠤᠨ ᠲᠠᠯᠠᠪᠤᠷ᠂ ᠴᠠᠭᠠᠨ ᠨᠤᠯᠤᠤᠷᠳᠤ ᠢᠮᠠᠭᠠᠨ  ᠤ ᠡᠬᠦᠯᠳᠡᠷ ᠪᠤᠶᠢᠵᠢᠭᠤᠯᠬᠤ ᠭᠤᠤᠯᠯᠠᠬᠤ ᠬᠦᠮᠦᠰ ᠤᠨ ᠮᠠᠯᠯᠠᠬᠰᠠᠨ ᠤᠬᠤᠨ᠎ᠠ᠂ ᠡᠮ᠎ᠠ ᠢᠮᠠᠭ᠎ᠠ᠂ ᠰᠢᠳᠤᠯᠠᠩ ᠡᠮ᠎ᠠ ᠢᠮᠠᠭ᠎ᠠ ᠬᠢᠭᠡᠳ ᠨᠢᠭᠡ ᠨᠠᠰᠤ ᠲᠠᠢ ᠲᠦᠯ ᠪᠤᠯᠤᠨ᠎ᠠ᠃              ᠪᠠᠶᠢᠴᠠᠭᠠᠬᠳᠠᠬᠤ ᠮᠠᠯᠴᠢᠨ ᠡᠷᠦᠬᠡ  ᠳᠤ ᠲᠠᠯᠪᠢᠬᠤ ᠱᠠᠭᠠᠷᠳᠠᠯᠭ᠎ᠠ  ᠨᠢ᠂ ᠠᠯᠠᠱᠠ ᠠᠶᠢᠮᠠᠭ  ᠤᠨ ᠬᠤᠤ ᠷᠦᠡᠭ ᠶᠡᠷᠦᠩᠬᠡᠶᠢᠯᠡᠭᠰᠡᠨ ᠲᠤᠰᠬᠠᠢ ᠬᠤᠷᠰᠢᠶᠠᠵᠢᠯ  ᠤᠨ ᠬᠤᠯᠪᠤᠭᠠᠯᠠᠬᠰᠠᠨ ᠶᠡᠷᠦᠩᠬᠡᠢ ᠬᠤᠷᠰᠢᠶᠠᠵᠢᠯ  ᠳᠤ ᠲᠠᠩᠰᠠᠯᠠᠬᠰᠠᠨ ᠦᠨᠳᠦᠰᠦᠨ ᠱᠠᠳᠤᠨ  ᠤ ᠬᠤᠷᠰᠢᠶᠠᠵᠢᠯ  ᠤᠨ ᠪᠦᠷᠢᠯᠳᠦᠬᠦᠨ ᠭᠡᠰᠢᠬᠦᠨ᠂ ᠦᠨᠳᠦᠰᠦᠨ ᠠᠵᠢᠯ  ᠢ ᠶᠠᠪᠤᠬᠳᠠᠭᠤᠯᠬᠤ ᠨᠦᠬᠦᠴᠡᠯ  ᠢ ᠪᠦᠷᠢᠯᠳᠦᠬᠦᠯᠦᠭᠰᠡᠨ ᠮᠠᠯᠴᠢᠨ ᠡᠷᠦᠬᠡ  ᠶᠢᠨ ᠪᠠᠶᠢᠴᠠᠭᠠᠯᠳᠠ ᠬᠢᠬᠦ ᠶᠢ ᠭᠤᠶᠤᠴᠢᠯᠠᠬᠰᠠᠨ ᠡᠮ᠎ᠠ ᠢᠮᠠᠭ᠎ᠠ ᠨᠢ 50 ᠲᠤᠯᠤᠭᠠᠢ ᠠᠴᠠ ᠲᠡᠭᠡᠭᠰᠢ ᠪᠠᠶᠢᠬᠤ ᠶᠢ ᠪᠠᠳᠤᠯᠠᠨ᠎ᠠ᠃ ᠡᠬᠦᠨ ᠳᠤ ᠮᠠᠯᠴᠢᠳ ᠤᠨ ᠰᠠᠶᠢᠨ ᠲᠤᠷ᠎ᠠ   ᠶᠢᠨ ᠪᠠᠶᠢᠬᠤ ᠵᠠᠷᠴᠢᠮ  ᠢ ᠪᠠᠷᠢᠮᠳᠠᠯᠠᠵᠤ᠂ ᠪᠠᠶᠢᠴᠠᠭᠠᠯᠭᠠᠬᠤ ᠰᠠᠨᠠᠭ᠎ᠠ  ᠲᠠᠢ ᠮᠦᠷᠳᠡᠭᠡᠨ ᠨᠦᠬᠦᠴᠡᠯ  ᠳᠤ ᠨᠡᠶᠢᠴᠡᠭᠰᠡᠨ ᠮᠠᠯᠴᠢᠨ ᠡᠷᠦᠬᠡ ᠬᠤᠪᠢᠶᠠᠷᠢ ᠬᠤᠷᠰᠢᠶᠠᠵᠢᠯ  ᠳᠤ ᠪᠠᠶᠢᠴᠠᠭᠠᠯᠳᠠ ᠬᠢᠬᠦ   ᠪᠠᠨ ᠭᠤᠶᠤᠴᠢᠯᠠᠵᠤ᠂ ᠬᠤᠪᠢᠶᠠᠷᠢ ᠬᠤᠷᠰᠢᠶᠠᠵᠢᠯ ᠨᠢᠭᠡᠳᠬᠡᠭᠰᠡᠨ  ᠤ ᠲᠠᠷᠠᠭ᠎ᠠ ᠶᠡᠷᠦᠩᠬᠡᠢ ᠬᠤᠷᠰᠢᠶᠠᠵᠢᠯ  ᠳᠤ ᠮᠡᠳᠡᠬᠦᠯᠦᠨ᠎ᠠ᠃ ᠨᠢᠭᠡᠨᠳᠡ ᠬᠠᠷᠠᠭᠠᠯᠵᠠᠯ ᠬᠦᠷᠳᠡᠭᠰᠡᠨ ᠢᠮᠠᠭ᠎ᠠ ᠶᠢ ᠲᠤᠰ ᠵᠢᠯ ᠤᠨ ᠪᠠᠶᠢᠴᠠᠭᠠᠯᠳᠠ  ᠶᠢᠨ ᠬᠡᠪᠴᠢᠶᠠᠨ   ᠳᠤ ᠤᠷᠤᠭᠤᠯᠬᠤ ᠦᠬᠡᠢ᠂ ᠨᠦᠬᠦᠪᠦᠷᠢ ᠦᠭᠬᠦ ᠦᠬᠡᠢ᠃       ᠪᠤᠳᠠᠳᠠᠢ ᠪᠠᠷ᠂ ᠤᠬᠤᠨ᠎ᠠ ᠶᠢᠨ ᠨᠦᠬᠦᠪᠦᠷᠢ᠃ ᠠᠯᠠᠱᠠ ᠶᠢᠨ ᠤᠨᠴᠠ ᠲᠡᠰ ᠤᠨ ᠨᠤᠯᠤᠤᠷ ᠤᠨ ᠢᠮᠠᠭᠠᠨ ᠤ ᠬᠠᠮᠠᠭᠠᠯᠠᠯᠳᠠ ᠶᠢᠨ ᠤᠷᠤᠨ ᠳᠠᠬᠢ ᠮᠠᠯᠴᠢᠨ ᠡᠷᠦᠬᠡ ᠵᠢᠴᠢ ᠮᠠᠯᠵᠢᠯ ᠤᠨ ᠲᠠᠯᠠᠪᠤᠷ ᠪᠤᠰᠤᠳ ᠭᠠᠵᠠᠷ ᠤᠷᠤᠨ ᠪᠤᠶᠤ ᠲᠤᠬᠳᠠᠮᠠᠯ ᠪᠤᠰᠤ ᠪᠠᠶᠢᠭᠤᠯᠭ᠎ᠠ ᠠᠴᠠ ᠴᠠᠭᠠᠨ ᠨᠤᠯᠤᠤᠷᠳᠤ ᠢᠮᠠᠭᠠᠨ ᠤ ᠤᠬᠤᠨ᠎ᠠ ᠬᠤᠳᠠᠯᠳᠤᠨ ᠠᠪᠬᠤ ᠶᠢ ᠡᠷᠡᠰ ᠴᠠᠭᠠᠵᠠᠯᠠᠨ᠎ᠠ᠃ ᠬᠠᠮᠠᠭᠠᠯᠠᠯᠳᠠ ᠶᠢᠨ ᠤᠷᠤᠨ ᠳᠤ ᠰᠢᠨ᠎ᠠ ᠪᠠᠷ ᠪᠠᠶᠢᠭᠤᠯᠤᠬᠰᠠᠨ ᠭᠡᠷ ᠪᠦᠯᠢ ᠶᠢᠨ ᠠᠮᠢ ᠠᠬᠤᠢ ᠶᠢᠨ ᠮᠠᠯᠵᠢᠯ ᠤᠨ ᠲᠠᠯᠠᠪᠤᠷ᠂ ᠪᠠᠷᠢᠮᠵᠢᠶᠠᠵᠢᠬᠰᠠᠨ ᠮᠠᠯᠵᠢᠯ ᠤᠨ ᠲᠠᠯᠠᠪᠤᠷ ᠡᠷᠬᠡᠪᠰᠢ ᠠᠶᠢᠮᠠᠭ ᠤᠨ ᠲᠤᠳᠤᠭᠠᠳᠤᠬᠢ ᠨᠢᠭᠡᠳᠦᠯᠲᠠᠢ ᠵᠦᠪᠰᠢᠶᠡᠷᠡᠭᠰᠡᠨ ᠤᠬᠤᠨ᠎ᠠ ᠶᠢᠨ ᠮᠠᠯᠵᠢᠯ ᠤᠨ ᠲᠡᠯᠡᠪᠤᠷ ᠠᠴᠠ ᠴᠠᠭᠠᠨ ᠨᠤᠯᠤᠤᠷᠳᠤ ᠢᠮᠠᠭᠠᠨ ᠤ ᠤᠬᠤᠨ᠎ᠠ ᠶᠢ ᠬᠤᠳᠠᠯᠳᠤᠨ ᠠᠪᠬᠤ ᠶᠢᠨ ᠬᠠᠮᠳᠤ ︽ᠦᠪᠡᠷᠰᠡᠳ ᠢᠶᠠᠨ ᠬᠤᠳᠠᠯᠳᠤᠨ ᠠᠪᠬᠤ᠂ ᠦᠨᠡᠮᠯᠡᠯ ᠢᠶᠠᠷ ᠭᠤᠶᠤᠴᠢᠯᠠᠬᠤ᠂ ᠲᠤᠬᠳᠠᠬᠰᠠᠨ ᠨᠦᠬᠦᠪᠦᠷᠢ ᠤᠯᠭᠤᠬᠤ᠂ ᠬᠤᠰᠢᠭᠤ ᠱᠠᠳᠤᠨ ᠠᠴᠠ ᠪᠤᠳᠤᠬᠤ᠂ ᠰᠢᠭᠤᠳ ᠡᠷᠦᠬᠡ ᠳᠤ ᠨᠦᠬᠦᠪᠦᠷᠢᠯᠡᠬᠦ︾ ᠶᠠᠪᠤᠴᠠ ᠶᠢ ᠬᠡᠷᠡᠭᠵᠢᠬᠦᠯᠦᠨ᠎ᠠ᠃             ᠠᠶᠢᠮᠠᠭ ᠤᠨ ᠲᠤᠳᠤᠭᠠᠳᠤᠬᠢ ᠤᠬᠤᠨ᠎ᠠ ᠶᠢᠨ ᠲᠠᠯᠠᠪᠤᠷ ᠮᠠᠯᠴᠢᠨ ᠡᠷᠦᠬᠡ ᠳᠤ ᠤᠬᠤᠨ᠎ᠠ ᠬᠤᠳᠠᠯᠳᠤᠬᠤ ᠳᠠᠭᠠᠨ ᠲᠤᠬᠳᠠᠬᠰᠠᠨ ᠰᠦᠢᠳᠬᠡᠯ ᠬᠤᠷᠢᠶᠠᠨ᠎ᠠ᠃ ᠡᠬᠦᠨ ᠳᠤ᠂ ᠬᠦᠮᠦᠨ ᠤ ᠬᠦᠴᠦ ᠪᠠᠷ ᠬᠡᠭᠡᠯᠳᠦᠬᠦᠯᠭᠡ ᠬᠢᠭᠰᠡᠨ ︽1396︾ ᠬᠡᠯᠪᠡᠷᠢ ︵ᠨᠤᠯᠤᠤᠷ ᠤᠨ ᠨᠠᠷᠢᠴᠡ ᠶᠢᠨ ᠬᠡᠮᠵᠢᠶ᠎ᠠ ᠨᠢ 13.99 ᠮᠢᠺᠷᠣᠮᠧᠲᠷ ᠠᠴᠠ ᠪᠠᠭ᠎ᠠ ᠪᠤᠶᠤ ᠲᠠᠩᠴᠠᠬᠦᠦ᠂ ᠤᠷᠳᠤ ᠶᠢᠨ ᠬᠡᠮᠵᠢᠶ᠎ᠠ ᠨᠢ 96 ᠮᠢᠯᠢᠮᠧᠲᠷ ᠠᠴᠠ ᠤᠷᠳᠤ ᠪᠤᠶᠤ ᠲᠠᠩᠴᠠᠬᠦᠦ︶ ᠶᠢᠨ ᠬᠢᠷᠢ ᠲᠡᠩᠴᠡᠭᠰᠡᠨ ᠤᠬᠤᠨ᠎ᠠ 5000 ᠲᠦᠬᠦᠷᠢᠭ᠂ ᠬᠦᠮᠦᠨ ᠤ ᠬᠦᠴᠦ ᠪᠠᠷ ᠬᠡᠭᠡᠯᠳᠦᠬᠦᠯᠭᠡ ᠬᠢᠭᠰᠡᠨ ︽1450︾ ᠬᠡᠯᠪᠡᠷᠢ ︵ᠨᠤᠯᠤᠤᠷ ᠤᠨ ᠨᠠᠷᠢᠴᠡ ᠶᠢᠨ ᠬᠡᠮᠵᠢᠶ᠎ᠠ ᠨᠢ 14.5 ᠮᠢᠺᠷᠣᠮᠧᠲᠷ ᠠᠴᠠ ᠪᠠᠭ᠎ᠠ ᠪᠤᠶᠤ ᠲᠠᠩᠴᠠᠬᠦᠦ᠂ ᠤᠷᠳᠤ ᠶᠢᠨ ᠬᠡᠮᠵᠢᠶ᠎ᠠ ᠨᠢ 50 ᠮᠢᠯᠢᠮᠧᠲᠷ ᠠᠴᠠ ᠤᠷᠳᠤ ᠪᠤᠶᠤ ᠲᠠᠩᠴᠠᠬᠦᠦ︶ ᠶᠢᠨ ᠬᠢᠷᠢ ᠲᠡᠩᠴᠡᠭᠰᠡᠨ ᠤᠬᠤᠨ᠎ᠠ 4000 ᠲᠦᠬᠦᠷᠢᠭ᠂ ᠨᠤᠯᠤᠤᠷ ᠤᠨ ᠨᠠᠷᠢᠴᠠ ᠶᠢᠨ ᠬᠡᠮᠵᠢᠶ᠎ᠡ 14.5 ᠮᠢᠺᠷᠣᠮᠧᠲᠷ ᠠᠴᠠ ᠲᠤᠤᠷ᠎ᠠ ᠪᠠᠶᠢᠭᠠᠯᠢ ᠶᠢᠨ ᠵᠢᠮ᠎ᠠ ᠪᠠᠷ ᠬᠡᠬᠡᠯᠳᠦᠬᠦᠯᠭᠡ ᠬᠢᠭᠰᠡᠨ ᠤᠬᠤᠨ᠎ᠠ 3500 ᠲᠦᠬᠦᠷᠢᠭ᠃             ᠬᠠᠮᠠᠭᠠᠯᠠᠯᠳᠠ ᠶᠢᠨ ᠤᠷᠤᠨ ᠳᠠᠬᠢ ᠴᠠᠭᠠᠨ ᠨᠤᠯᠤᠤᠷᠳᠤ ᠢᠮᠠᠭᠠᠨ ᠤ ᠦᠨᠳᠦᠰᠦᠨ ᠱᠠᠳᠤᠨ ᠤ ᠬᠤᠷᠰᠢᠶᠠᠵᠢᠯ ᠤᠨ ᠭᠡᠰᠢᠬᠦᠨ ᠬᠦᠮᠦᠨ ᠤ ᠬᠦᠴᠦ ᠪᠠᠷ ᠬᠡᠬᠡᠯᠳᠦᠭᠦᠯᠭᠡ ᠬᠢᠭᠰᠡᠨ ︽1396︾ ᠬᠡᠯᠪᠡᠷᠢ ᠶᠢᠨ ᠤᠬᠤᠨ᠎ᠠ ᠬᠤᠳᠠᠯᠳᠤᠨ ᠠᠪᠤᠪᠠᠯ 3000 ᠲᠦᠬᠦᠷᠢᠭ ᠤᠨ ᠨᠦᠬᠦᠪᠦᠷᠢ᠂ ︽1450︾ ᠬᠡᠯᠪᠡᠷᠢ ᠶᠢᠨ ᠬᠢᠷᠢ ᠲᠡᠩᠴᠡᠭᠰᠡᠨ ᠤᠬᠤᠨ᠎ᠠ ᠬᠤᠳᠠᠯᠳᠤᠨ ᠠᠪᠤᠪᠠᠯ 2000 ᠲᠦᠬᠦᠷᠢᠭ ᠤᠨ ᠨᠦᠬᠦᠪᠦᠷᠢ ᠤᠯᠭᠤᠨ᠂ ᠨᠤᠯᠤᠤᠷ ᠨᠢ 14.5 ᠮᠢᠺᠷᠣᠮᠧᠲᠷ ᠠᠴᠠ ᠲᠤᠤᠷ᠎ᠠ ᠨᠠᠷᠢᠴᠠ ᠲᠠᠢ ᠪᠠᠶᠢᠭᠠᠯᠢ ᠶᠢᠨ ᠵᠢᠮ᠎ᠠ ᠪᠠᠷ ᠬᠡᠭᠡᠯᠳᠦᠭᠰᠡᠨ ᠤᠬᠤᠨ᠎ᠠ ᠬᠤᠳᠠᠯᠳᠤᠨ ᠠᠪᠤᠪᠠᠯ 1500 ᠲᠦᠬᠦᠷᠢᠭ ᠤᠨ ᠨᠦᠬᠦᠪᠦᠷᠢ ᠤᠯᠭᠤᠨ᠎ᠠ᠃ ᠬᠠᠮᠠᠭᠠᠯᠠᠯᠳᠠ ᠶᠢᠨ ᠤᠷᠤᠨ ᠲᠤᠳᠤᠷᠠᠬᠢ ᠴᠠᠭᠠᠨ ᠨᠤᠯᠤᠤᠷᠳᠤ ᠢᠮᠠᠭᠠᠨ ᠤ ᠦᠨᠳᠦᠰᠦᠨ ᠱᠠᠳᠤᠨ ᠤ ᠬᠤᠷᠰᠢᠶᠠᠵᠢᠯ ᠤᠨ ᠭᠡᠰᠢᠬᠦᠨ ᠤᠨᠴᠠ ᠲᠡᠰ ᠤᠨ ᠨᠤᠯᠤᠤᠷ ᠤᠨ ᠴᠠᠭᠠᠨ ᠢᠮᠠᠭᠠᠨ ᠤ ᠤᠬᠤᠨ᠎ᠠ ᠬᠤᠳᠠᠯᠳᠤᠨ ᠠᠪᠤᠪᠠᠯ 50% ᠶᠢᠨ ᠨᠦᠬᠦᠪᠦᠷᠢ ᠤᠯᠭᠤᠵᠤ᠂ ᠠᠶᠢᠮᠠᠭ ᠤᠨ ᠲᠤᠳᠤᠭᠠᠳᠤᠬᠢ ᠬᠠᠮᠠᠭᠠᠯᠠᠯᠳᠠ ᠶᠢᠨ ᠤᠷᠤᠨ ᠠᠴᠠ ᠭᠠᠳᠠᠨᠠᠬᠢ ᠮᠠᠯᠴᠢᠨ ᠡᠷᠦᠬᠡ ᠤᠨᠴᠠ ᠲᠡᠰ ᠤᠨ ᠨᠤᠯᠤᠤᠷ ᠤᠨ ᠴᠠᠭᠠᠨ ᠢᠮᠠᠭᠠᠨ ᠤ ᠤᠬᠤᠨ᠎ᠠ ᠬᠤᠳᠠᠯᠳᠤᠨ ᠠᠪᠤᠪᠠᠯ 20% ᠶᠢᠨ ᠨᠦᠬᠦᠪᠦᠷᠢ ᠤᠯᠭᠤᠨ᠎ᠠ᠃ ᠠᠶᠢᠮᠠᠭ ᠤᠨ ᠭᠠᠳᠠᠨ᠎ᠠ ᠠᠴᠠ ᠬᠤᠳᠠᠯᠳᠤᠨ ᠠᠪᠤᠪᠠᠯ ᠨᠦᠬᠦᠪᠦᠷᠢ ᠤᠯᠭᠤᠬᠤ ᠦᠬᠡᠢ᠃             ᠡ᠊ᠨᠳᠡ ᠲᠤᠳᠤᠷᠬᠠᠢᠢᠯᠠᠬᠤ ᠨᠢ᠂ ᠤᠬᠤᠨ᠎ᠠ ᠬᠤᠳᠠᠯᠳᠤᠨ ᠠᠪᠬᠤ ᠨᠦᠬᠦᠪᠦᠷᠢ ᠶᠢᠨ ᠲᠦᠷᠦ ᠶᠢᠨ ᠪᠤᠳᠤᠯᠭ᠎ᠠ ᠳᠤ ᠨᠡᠶᠢᠴᠡᠭᠰᠡᠨ ᠮᠠᠯᠴᠢᠨ ᠡᠷᠦᠬᠡ ᠡᠷᠬᠡᠪᠰᠢ ᠴᠠᠭᠠᠨ ᠨᠤᠯᠤᠤᠷᠳᠤ ᠢᠮᠠᠭᠠᠨ ᠤ ᠲᠤᠰᠬᠠᠢ ᠬᠤᠷᠰᠢᠶᠠᠵᠢᠯ ᠠᠴᠠ ᠭᠠᠷᠭᠠᠬᠰᠠᠨ ︽ᠬᠤᠷᠰᠢᠶᠠᠵᠢᠯ ᠤᠨ ᠭᠡᠰᠢᠬᠦᠨ ᠤ ᠭᠡᠷᠡᠴᠢ︾᠂ ᠤᠬᠤᠨ᠎ᠠ ᠲᠡᠵᠢᠭᠡᠨ ᠦᠷᠡᠵᠢᠬᠦᠯᠬᠦ ᠲᠠᠯᠠᠪᠤᠷ ᠠᠴᠠ ᠭᠠᠷᠭᠠᠬᠰᠠᠨ ︽ᠤᠬᠤᠨ᠎ᠠ ᠬᠤᠳᠠᠯᠳᠤᠬᠤ ᠵᠢᠴᠢ ᠮᠡᠷᠭᠡᠵᠢᠯ ᠤᠨ ᠤᠢᠢᠯᠡᠴᠢᠯᠡᠭᠡᠨ ᠤ ᠭᠡᠷ᠎ᠠ︾᠂ ᠨᠠᠰᠤ ᠬᠦᠢᠴᠡᠭᠰᠡᠨ ᠤᠬᠤᠨ᠎ᠠ ᠶᠢᠨ ᠡᠯᠧᠺᠲᠷᠣᠨ ᠴᠢᠬᠢᠨ ᠤ ᠲᠡᠮᠳᠡᠭ ᠵᠢᠴᠢ ᠴᠢᠬᠢᠨ ᠳᠤ ᠵᠡᠬᠦᠬᠦ ᠨᠤᠮᠧᠷ ᠢ ᠲᠡᠮᠳᠡᠭᠯᠡᠭᠰᠡᠨ ︽ᠨᠠᠰᠤ ᠬᠦᠢᠴᠡᠭᠰᠡᠨ ᠤᠬᠤᠨ᠎ᠠ ᠶᠢᠨ ᠤᠢᠢᠯᠡᠳᠪᠦᠷᠢᠯᠡᠯ ᠤᠨ ᠴᠢᠳᠡᠪᠬᠢ ᠶᠢᠨ ᠬᠢᠨᠠᠨ ᠲᠤᠬᠳᠠᠭᠠᠯᠳᠠ ᠶᠢᠨ ᠬᠦᠰᠦᠨᠦᠭᠳᠤ︾᠂ ᠵᠤᠭᠤᠰᠤᠨ ᠤ ᠪᠠᠷᠢᠮᠳᠠ ᠵᠡᠷᠭᠡ ᠮᠠᠲ᠋ᠧᠷᠢᠶᠠᠯ ᠢᠶᠠᠨ ᠬᠠᠷᠢᠶᠠᠯᠠᠬᠳᠠᠬᠤ ᠬᠤᠰᠢᠭᠤᠨ ᠤ ᠭᠡᠷ ᠤᠨ ᠲᠡᠵᠢᠭᠡᠪᠦᠷᠢ ᠶᠢᠨ ᠡᠬᠦᠯᠳᠡᠷ ᠰᠠᠶᠢᠵᠢᠷᠠᠭᠤᠯᠬᠤ ᠦᠷᠳᠡᠭᠡ ᠳᠤ ᠮᠡᠳᠡᠬᠦᠯᠵᠤ ᠨᠦᠬᠦᠪᠦᠷᠢ ᠬᠦᠷᠳᠡᠨ᠎ᠠ᠃ ᠬᠤᠰᠢᠭᠤᠨ ᠤ ᠡᠬᠦᠯᠳᠡᠷ ᠰᠠᠶᠢᠵᠢᠷᠠᠭᠤᠯᠬᠤ ᠦᠷᠳᠡᠭᠡ ᠪᠠᠶᠢᠴᠠᠭᠠᠯᠳᠠ ᠬᠢᠭᠰᠡᠨ ᠤ ᠲᠠᠷᠠᠭ᠎ᠠ ᠠᠶᠢᠮᠠᠭ ᠤᠨ ᠮᠠᠯ ᠠᠵᠤ ᠠᠬᠤᠢ ᠶᠢᠨ ᠮᠠᠯ ᠡᠮᠨᠡᠯᠭᠡ ᠶᠢᠨ ᠦᠷᠳᠡᠭᠡᠨ ᠳᠤ ᠮᠡᠳᠡᠬᠦᠯᠵᠤ᠂ ᠲᠠᠬᠢᠨ ᠪᠠᠶᠢᠴᠠᠭᠠᠯᠳᠠ ᠬᠢᠵᠤ ᠰᠦᠯᠵᠢᠶᠠᠨ ᠲᠡᠭᠡᠷ᠎ᠠ 7 ᠡᠳᠦᠷ ᠨᠡᠶᠢᠳᠡᠯᠡᠨ᠂ ᠮᠠᠳᠠᠭ ᠦᠬᠡᠢ ᠪᠤᠯ ᠬᠤᠰᠢᠭᠤᠨ ᠤ ᠡᠭᠦᠯᠳᠡᠷ ᠰᠠᠶᠢᠵᠢᠷᠠᠭᠤᠯᠬᠤ ᠦᠷᠳᠡᠭᠡᠨ ᠠᠴᠠ ᠨᠦᠬᠦᠪᠦᠷᠢ ᠮᠦᠡᠭᠬᠦ ᠶᠢ ᠬᠤᠷᠰᠢᠶᠠᠵᠢᠯ ᠤᠨ ᠪᠠᠩᠬᠢ ᠶᠢᠨ ᠲᠡᠩᠰᠡ ᠳᠤ ᠤᠷᠤᠭᠤᠯᠤᠨ᠎ᠠ᠃              ᠡᠮ᠎ᠠ ᠢᠮᠠᠭᠠᠨ ᠤ ᠨᠦᠬᠦᠪᠦᠷᠢ᠃ ᠵᠢᠯ ᠪᠤᠯᠭᠠᠨ ᠪᠦᠬᠦ ᠠᠶᠢᠮᠠᠭ ᠤᠨ ᠬᠡᠪᠴᠢᠶᠠᠨ ᠳᠠᠬᠢ ᠬᠤᠷᠰᠢᠶᠠᠵᠢᠯ ᠤᠨ ᠭᠡᠰᠢᠬᠦᠨ ᠤ ᠮᠠᠯᠯᠠᠵᠤ ᠪᠠᠶᠢᠭ᠎ᠠ ᠴᠠᠭᠠᠨ ᠨᠤᠯᠤᠤᠷᠳᠤ ᠢᠮᠠᠭᠠᠨ ᠤ ᠪᠤᠳᠠᠭᠠᠯᠢ ᠪᠠᠶ᠎ᠠ ᠶᠢᠨ ᠨᠤᠯᠤᠤᠷ ᠤᠨ ᠶᠠᠰᠤ ᠴᠢᠨᠠᠷ ᠵᠢᠴᠢ ᠭᠠᠷᠤᠯᠳᠠ ᠳᠤ ᠪᠠᠶᠢᠴᠠᠭᠠᠯᠳᠠ ᠬᠢᠵᠤ᠂ ᠨᠤᠯᠤᠤᠷ ᠤᠨ ᠨᠠᠷᠢᠴᠠ ᠶᠢᠨ ᠬᠡᠮᠵᠢᠶ᠎ᠠ ᠨᠢ ︽1450︾ ᠬᠡᠯᠪᠡᠷᠢ ᠶᠢᠨ ᠬᠠᠮᠤᠭ ᠲᠤᠤᠷ᠎ᠠ ᠪᠡᠷᠢᠮᠵᠢᠶᠠᠨ ᠳᠤ ᠨᠡᠶᠢᠴᠡᠬᠦ ᠮᠦᠷᠳᠡᠭᠡᠨ ᠡᠯ᠎ᠠ ᠲᠦᠷᠦᠯ ᠤᠨ ᠤᠢᠢᠯᠡᠳᠪᠦᠷᠢᠯᠡᠯ ᠤᠨ ᠴᠢᠳᠡᠪᠬᠢ ᠨᠢ ᠬᠢᠷᠢ ᠲᠡᠩᠴᠡᠭᠰᠡᠨ ᠡᠮ᠎ᠠ ᠢᠮᠠᠭᠠᠨ ᠤ ᠠᠷᠡᠰᠦᠨ ᠲᠤᠤᠷ᠎ᠠ ᠡᠯᠧᠺᠲᠷᠣᠨ ᠴᠢᠬᠢᠨ ᠲᠡᠮᠳᠡᠭ ᠲᠤᠬᠢᠷᠭᠠᠤᠯᠤᠨ᠎ᠠ᠃ ᠴᠢᠬᠢᠨ ᠤ ᠲᠡᠮᠳᠡᠭ ᠢ ᠦᠨᠳᠦᠰᠦᠯᠡᠨ ᠪᠡᠷᠢᠮᠵᠢᠶᠠᠨ ᠳᠤ ᠨᠡᠶᠢᠴᠡᠭᠰᠡᠨ ᠢᠮᠠᠭᠠᠨ ᠤ ᠡᠯ᠎ᠠ ᠲᠦᠷᠦᠯ ᠤᠨ ᠤᠢᠢᠯᠡᠳᠪᠦᠷᠢᠯᠡᠯ ᠤᠨ ᠴᠢᠳᠡᠪᠬᠢ ᠵᠢᠴᠢ ᠮᠡᠷᠭᠡᠵᠢᠯ ᠤᠨ ᠲᠤᠭ᠎ᠠ ᠪᠠᠷᠢᠮᠳᠠ ᠶᠢ ︽ᠠᠯᠠᠱᠠ ᠶᠢᠨ ᠴᠠᠭᠠᠨ ᠨᠤᠯᠤᠤᠷᠳᠤ ᠢᠮᠠᠭᠠᠨ ᠤ ᠶᠠᠰᠤ ᠴᠢᠨᠠᠷ ᠤᠨ ᠠᠮᠤᠷ ᠲᠦᠪᠰᠢᠨ ᠤ ᠬᠢᠨᠠᠨ ᠪᠠᠶᠢᠴᠠᠭᠠᠯᠳᠠ ᠬᠢᠭᠡᠳ ᠡᠬᠢ ᠡᠭᠦᠰᠪᠦᠷᠢ ᠶᠢ ᠨᠢ ᠮᠦᠷᠳᠡᠬᠦ ᠰᠢᠰᠲ᠋ᠧᠮ︾ ᠳᠤ ᠤᠷᠤᠭᠤᠯᠪᠠᠯ ᠰᠠᠶ᠋ᠢ ᠡᠮ᠎ᠠ ᠢᠮᠠᠭᠠᠨ ᠤ ᠨᠦᠬᠦᠪᠦᠷᠢ ᠬᠦᠷᠳᠡᠨ᠎ᠠ᠃ ᠡᠬᠦᠨ ᠳᠤ ︽1396︾ ᠬᠡᠯᠪᠡᠷᠢ ᠶᠢᠨ ᠰᠢᠯᠢᠳᠡᠭ ᠴᠢᠨᠠᠷ ᠤᠨ ᠡᠮ᠎ᠠ ᠢᠮᠠᠭ᠎ᠠ ᠪᠤᠯᠭᠠᠨ ᠳᠤ 140 ᠲᠦᠬᠦᠷᠢᠭ ᠤᠨ ᠨᠦᠬᠦᠪᠦᠷᠢ᠂ ︽1450︾ ᠬᠡᠯᠪᠡᠷᠢ ᠶᠢᠨ ᠰᠢᠯᠢᠳᠡᠭ ᠡᠮ᠎ᠠ ᠢᠮᠠᠭ᠎ᠠ ᠪᠦᠷᠢ ᠳᠤ 100 ᠲᠦᠬᠦᠷᠢᠭ ᠤᠨ ᠨᠦᠬᠦᠪᠦᠷᠢ ᠤᠯᠭᠤᠨ᠎ᠠ᠃              ᠬᠠᠮᠠᠭᠠᠯᠠᠯᠳᠠ ᠶᠢᠨ ᠤᠷᠤᠨ ᠲᠤᠳᠤᠷᠠᠬᠢ ᠬᠤᠷᠰᠢᠶᠠᠵᠢᠯ ᠳᠤ ᠤᠷᠤᠬᠰᠠᠨ ᠭᠡᠰᠢᠬᠦᠨ ᠡᠷᠦᠬᠡ᠂ ᠤᠨᠴᠠᠭᠠᠢᠢᠯᠠᠨ ᠰᠢᠨ᠎ᠠ ᠪᠠᠷ ᠪᠠᠶᠢᠭᠤᠯᠤᠬᠳᠠᠬᠰᠠᠨ ᠭᠡᠷ ᠪᠦᠯᠢ ᠶᠢᠨ ᠠᠮᠢ ᠠᠬᠤᠢ ᠶᠢᠨ ᠮᠠᠯᠵᠢᠯ ᠤᠨ ᠲᠠᠯᠠᠪᠤᠷ ᠬᠢᠭᠡᠳ ᠪᠠᠷᠢᠮᠵᠢᠶᠠᠵᠢᠬᠰᠠᠨ ᠮᠠᠯᠵᠢᠯ ᠤᠨ ᠲᠠᠯᠠᠪᠤᠷ ᠤᠨ ᠡᠮ᠎ᠠ ᠢᠮᠡᠭᠠᠨ ᠤ ᠪᠠᠶᠢᠴᠠᠭᠠᠯᠳᠠ ᠪᠠᠨ ᠴᠢᠩᠭᠠᠳᠬᠠᠵᠤ᠂ ᠪᠡᠷᠢᠮᠵᠢᠶᠠᠨ ᠳᠤ ᠨᠡᠶᠢᠴᠡᠭᠰᠡᠨ ᠪᠦᠬᠦᠨ ᠢ ᠨᠦᠬᠦᠪᠦᠷᠢᠯᠡᠬᠦ ᠲᠦᠷᠦ ᠶᠢᠨ ᠪᠤᠳᠤᠯᠭ᠎ᠠ ᠳᠤ ᠤᠷᠤᠭᠤᠯᠬᠤ ᠶᠢᠨ ᠬᠠᠮᠳᠤ ᠪᠦᠬᠦ ᠠᠶᠢᠮᠠᠭ ᠤᠨ ᠮᠠᠯᠵᠢᠬᠤ ᠤᠷᠤᠨ ᠳᠤ ᠬᠡᠪᠴᠢᠶᠡᠵᠢᠬᠦᠯᠦᠨ᠂ ᠮᠠᠯᠴᠢᠳ ᠮᠠᠯ ᠰᠦᠷᠦᠭ ᠤᠨ ᠶᠠᠰᠤ ᠴᠢᠨᠠᠷ ᠢᠶᠠᠨ ᠰᠢᠯᠢᠳᠡᠭᠵᠢᠬᠦᠯᠬᠦ ᠶᠢ ᠤᠳᠤᠷᠢᠳᠤᠨ᠎ᠠ᠃              ᠤᠢᠢᠯᠠᠭᠠᠬᠰᠠᠨ ᠢᠶᠠᠷ᠂ 2014 ᠤᠨ — 2017 ᠤᠨ ᠪᠤᠯᠳᠠᠯ᠎ᠠ᠂ ᠮᠠᠨ ᠤ ᠠᠶᠢᠮᠠᠭ ᠴᠠᠭᠠᠨ ᠨᠤᠯᠤᠤᠷᠳᠤ ᠢᠮᠠᠭᠠᠨ ᠤ ᠡᠬᠦᠯᠳᠡᠷ ᠪᠤᠶᠢᠵᠢᠭᠤᠯᠬᠤ ᠭᠤᠤᠯᠯᠠᠬᠤ ᠬᠦᠮᠦᠰ 117 ᠡᠷᠦᠬᠡ᠂ ᠬᠦᠮᠦᠨ ᠤ ᠬᠦᠴᠦ ᠪᠠᠷ ᠬᠡᠬᠡᠯᠳᠦᠬᠦᠯᠭᠡ ᠬᠢᠬᠦ ᠦᠷᠳᠡᠭᠡ 37᠂ ᠤᠬᠤᠨ᠎ᠠ ᠶᠢᠨ ᠮᠠᠯᠵᠢᠯ ᠤᠨ ᠲᠠᠯᠠᠪᠤᠷ 12 ᠪᠠᠶᠢᠭᠤᠯᠬᠤ ᠶᠢᠨ ᠬᠠᠮᠳᠤ᠂ 27. 44 ᠲᠦᠮᠡᠡ ᠲᠤᠯᠤᠭᠠᠢ ᠴᠠᠭᠠᠨ ᠨᠤᠯᠤᠤᠷᠳᠤ ᠢᠮᠠᠭᠠᠨ ᠳᠤ ᠪᠠᠶᠢᠴᠠᠭᠠᠯᠳᠠ ᠬᠢᠵᠤ᠂ ᠨᠤᠯᠤᠤᠷ ᠤᠨ ᠨᠠᠷᠢᠴᠠ ᠶᠢᠨ ᠬᠡᠮᠵᠢᠶ᠎ᠠ ᠨᠢ 14.5 ᠮᠢᠺᠷᠣᠮᠧᠲᠷ ᠠᠴᠠ ᠨᠠᠷᠢᠨ ᠡᠮ᠎ᠠ ᠢᠮᠠᠭᠠᠨ ᠳᠤ ᠨᠦᠬᠦᠪᠦᠷᠢ ᠤᠯᠭᠤᠵᠤ᠂ 2014 ᠤᠨ — 2017 ᠤᠨ ᠪᠤᠯᠳᠠᠯ᠎ᠠ ᠴᠠᠭᠠᠨ ᠨᠤᠯᠤᠤᠷᠳᠤ ᠢᠮᠠᠭᠠᠨ ᠤ ᠨᠦᠬᠦᠪᠦᠷᠢ 1271.24 ᠲᠦᠮᠡᠨ ᠲᠦᠬᠦᠷᠢᠭ ᠲᠠᠷᠬᠠᠭᠠᠵᠤ᠂ 3177 ᠡᠷᠦᠬᠡ ᠠᠰᠢᠭ ᠬᠦᠷᠳᠡᠨ᠂ ᠴᠠᠭᠠᠨ ᠨᠤᠯᠤᠤᠷᠳᠤ ᠢᠮᠠᠭ᠎ᠠ ᠮᠠᠯᠵᠢᠬᠤ ᠡᠷᠦᠬᠡ ᠶᠢᠨ ᠢᠳᠡᠪᠬᠢᠵᠢᠯ ᠢ ᠲᠠᠶᠢᠴᠢᠯᠠᠬᠰᠠᠨ ᠪᠠᠶᠢᠨ᠎ᠠ᠃
 
ᠢᠷᠡᠯᠲᠡ᠄ ᠠᠯᠠᠱᠠ ᠶᠢᠨ ᠡᠳᠦᠷ ᠤᠨ ᠰᠣᠨᠢᠨ ᠤ ᠮᠣᠩᠭᠤᠯ ᠬᠡᠪᠯᠡᠯ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号