ᠠᠯᠠᠱᠠ ᠵᠡᠬᠦᠨ ᠬᠤᠰᠢᠭᠤᠨ ᠤ ᠲᠠᠪᠤᠳᠤᠭᠠᠷ ᠪᠠᠭ᠎ᠠ ᠰᠤᠷᠭᠠᠭᠤᠯᠢ ᠰᠢᠷᠢᠰ ᠠᠵᠢᠯᠯᠠᠭ᠎ᠠ ᠪᠠᠷ ︽ᠲᠡᠯᠡᠬᠡᠢ ᠶᠢᠨ ᠨᠤᠮ ᠤᠡᠭᠰᠢᠬᠤ ᠡᠳᠦᠷ︾ ᠢ ᠤᠭᠳᠤᠯ᠎ᠠ
ᠨᠡᠶᠢᠲᠡᠯᠡᠭᠰᠡᠨ ᠴᠠᠭ᠄
2018/5/23
        ᠵᠢᠷᠤᠭ ᠪᠤᠯ᠂ ᠰᠤᠷᠤᠭᠴᠢᠳ ᠨᠤᠮ ᠤᠨ ᠰᠠᠩ ᠳᠤ ᠬᠦᠷᠴᠤ ᠨᠤᠮ ᠤᠡᠭᠰᠢᠬᠤ ᠠᠵᠢᠯᠯᠠᠭ᠎ᠠ ᠳᠤ ᠤᠷᠤᠯᠴᠠᠨ᠎ᠠ᠃  ᠫᠸᠡᠭ ᠶᠠᠨ ᠰᠡᠬᠦᠳᠡᠷᠯᠡᠪᠡ                ᠤᠢᠢᠷ᠎ᠠ ᠶᠢᠨ ᠡᠳᠦᠷ᠂ ᠠᠯᠠᠱᠠ ᠵᠡᠬᠦᠨ ᠬᠤᠰᠢᠭᠤᠨ ᠤ ᠲᠠᠪᠤᠳᠤᠭᠠᠷ ᠪᠠᠭ᠎ᠠ ᠰᠤᠷᠭᠠᠭᠤᠯᠢ ᠪᠤᠯᠤᠨ ᠠᠶᠢᠮᠠᠭ ᠤᠨ ᠨᠠᠶᠢᠬᠡᠮ ᠤᠨ ᠠᠰᠠᠷᠠᠮᠵᠢ ᠶᠢᠨ ᠬᠦᠷᠢᠶᠠᠯᠠᠩ ᠬᠠᠮᠳᠤᠷᠠᠨ ︽ᠲᠡᠯᠡᠬᠡᠢ ᠶᠢᠨ ᠨᠤᠮ ᠤᠡᠭᠰᠢᠬᠤ ᠡᠳᠦᠷ︾  ᠤᠨ ᠠᠵᠢᠯᠯᠠᠭ᠎ᠠ ᠦᠷᠨᠢᠬᠦᠯᠵᠦ᠂ ᠨᠠᠰᠤᠳᠡᠶᠢᠴᠤᠳ ᠲᠤ ᠨᠤᠮ ᠤᠡᠭᠰᠢᠨ ᠤᠶᠠᠩᠭᠠᠯᠠᠵᠦ᠂ ᠲᠠᠳᠡᠨᠡᠷ ᠲᠤ ᠰᠤᠶᠤᠯ ᠤᠨ ᠬᠦᠷᠳᠡᠬᠡᠮᠵᠢ ᠤᠯᠭᠤᠭᠰᠠᠨ ᠪᠠᠶᠢᠨ᠎ᠠ᠃              ᠲᠠᠪᠤᠳᠤᠭᠠᠷ ᠪᠠᠭ᠎ᠠ ᠰᠤᠷᠭᠠᠭᠤᠯᠢ ᠶᠢᠨ ᠪᠠᠭᠰᠢ ᠫᠸᠡᠭ ᠬᠤᠸᠠ ᠬᠡᠯᠡᠬᠦ ᠳᠡᠭᠡᠨ᠂ ᠠᠬᠠᠮᠠᠤᠨ ᠨᠠᠰᠤᠳᠡᠶᠢᠴᠤᠳ ᠢᠶᠠᠨ ᠬᠦᠨᠳᠦᠯᠡᠵᠦ ᠠᠰᠠᠷᠠᠬᠤ ᠪᠤᠯ ᠲᠤᠮᠳᠠᠲᠦ ᠶᠢᠨ ᠦᠨᠳᠦᠰᠦᠳᠠᠨ ᠤ ᠤᠯᠠᠮᠵᠢᠯᠠᠯᠲᠦ ᠵᠠᠩ ᠵᠠᠩᠰᠢᠯ ᠮᠦᠷᠳᠡᠬᠡᠨ ᠨᠠᠰᠤᠳᠡᠶᠢᠴᠤᠳ ᠪᠤᠯ ᠨᠠᠶᠢᠬᠡᠮ ᠨᠠᠶᠢᠳᠠ ᠶᠢᠨ ᠬᠤᠪᠤᠷ ᠨᠠᠨᠳᠢᠨ ᠦᠪ ᠬᠦᠷᠦᠩᠬᠡ ᠪᠤᠯᠬᠤᠷ ᠪᠢᠳᠠ ᠲᠤᠰᠬᠠᠢᠢᠯᠠᠨ ᠡᠨᠡᠬᠦ ᠠᠵᠢᠯᠯᠠᠭ᠎ᠠ ᠶᠢ ᠦᠷᠨᠢᠬᠦᠯᠵᠦ᠂ ᠬᠠᠶᠢᠷ᠎ᠠ ᠬᠠᠯᠠᠮᠵᠢ ᠪᠠᠨ ᠡᠷᠬᠦᠬᠦ ᠪᠠᠷ ᠲᠠᠮᠵᠢᠨ ᠬᠡᠤᠬᠡᠳ ᠪᠠᠭᠠᠴᠤᠳ ᠲᠤ ᠬᠠᠷᠠᠬᠠᠨ ᠪᠠᠭ᠎ᠠ ᠠᠴᠠ ᠨᠤᠮ ᠰᠤᠳᠤᠷ ᠲᠤ ᠪᠠᠬ᠎ᠠ ᠲᠠᠢ ᠪᠤᠯᠬᠤ᠂ ᠠᠬᠠᠮᠠᠳ ᠨᠠᠰᠤᠳᠡᠶᠢᠴᠤᠳ ᠢᠶᠠᠨ ᠬᠦᠨᠳᠦᠯᠡᠬᠦ ᠶᠤᠰᠤ ᠵᠠᠩᠰᠢᠯ ᠢ ᠤᠯᠠᠮ ᠨᠢᠬᠡ ᠠᠯᠬᠤᠮ ᠤᠢᠢᠯᠠᠭᠠᠭᠤᠯᠬᠤ ᠶᠢ ᠵᠤᠷᠢᠵᠠᠢ ᠬᠡᠵᠦ ᠪᠠᠶᠢᠯ᠎ᠠ᠃              ᠤᠢᠢᠯᠠᠭᠠᠭᠰᠠᠨ ᠢᠶᠠᠷ᠂ ᠲᠠᠪᠤᠳᠤᠭᠠᠷ ᠪᠠᠭ᠎ᠠ ᠰᠤᠷᠭᠠᠭᠤᠯᠢ ᠶᠢᠨ ᠬᠢᠨ ︽ᠲᠡᠯᠡᠬᠡᠢ ᠶᠢᠨ ᠨᠤᠮ ᠤᠡᠭᠰᠢᠬᠤ ᠡᠳᠦᠷ︾ ᠲᠤ ᠲᠤᠬᠢᠷᠠᠭᠤᠯᠤᠨ᠂ ᠰᠤᠷᠭᠠᠭᠤᠯᠢ ᠶᠢᠨ ᠬᠦᠷᠢᠶᠠᠨ ᠤ ᠬᠡᠪᠴᠢᠶᠠᠨ ᠳᠤ ᠨᠤᠮ ᠤᠡᠭᠰᠢᠬᠤ᠂ ᠲᠤᠰᠬᠠᠢ ᠰᠡᠳᠦᠪᠲᠦ ᠤᠯᠤᠰ ᠤᠨ ᠲᠤᠭ ᠮᠠᠨᠳᠤᠭᠤᠯᠬᠤ᠂ ᠨᠤᠮ ᠲᠠᠨᠢᠯᠴᠠᠭᠤᠯᠬᠤ ᠵᠡᠷᠬᠡ ︽ᠨᠤᠮ ᠲᠠᠢ ᠬᠠᠨᠢᠯᠠᠨ ᠬᠦᠰᠡᠯ ᠮᠦᠷᠦᠬᠡᠳᠦᠯ ᠢᠶᠠᠨ ᠲᠡᠷᠬᠡᠯᠰᠢᠯᠡᠬᠦᠯᠬᠦ︾ ᠰᠢᠷᠢᠰ ᠠᠵᠢᠯᠯᠠᠭ᠎ᠠ ᠦᠷᠨᠢᠬᠦᠯᠵᠦ᠂ ᠪᠠᠭᠰᠢ ᠰᠤᠷᠤᠭᠴᠢᠳ ᠤᠨ ᠰᠤᠷᠤᠯᠴᠠᠯᠭ᠎ᠠ ᠶᠢᠨ ᠢᠳᠡᠪᠬᠢᠵᠢᠯ ᠢ ᠲᠠᠶᠢᠴᠢᠯᠠᠨ᠂ ᠰᠤᠶᠤᠯ ᠤᠨ ᠠᠮᠢᠳᠤᠷᠠᠯ ᠢ ᠪᠠᠶᠠᠯᠢᠠᠠᠵᠢᠭᠤᠯᠤᠭᠰᠠᠨ ᠪᠠᠶᠢᠨ᠎ᠠ᠃
 
ᠢᠷᠡᠯᠲᠡ᠄ ᠠᠯᠠᠱᠠ ᠶᠢᠨ ᠡᠳᠦᠷ ᠤᠨ ᠰᠣᠨᠢᠨ ᠤ ᠮᠣᠩᠭᠤᠯ ᠬᠡᠪᠯᠡᠯ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号