ᠡᠵᠡᠨ᠎ᠡ ᠬᠤᠰᠢᠭᠤ ᠠᠷᠠᠳ ᠲᠤ ᠠᠮᠠᠯᠳᠣᠠᠨᠰᠠᠨ 8 ᠪᠣᠳᠡᠲᠦ ᠶᠠᠪᠣᠳᠠᠯ ᠤᠨ 4 ᠶᠢ ᠨᠢᠭᠡᠨᠲᠡ ᠪᠡᠶᠡᠯᠡᠭᠦᠯᠵᠡᠢ
ᠨᠡᠶᠢᠲᠡᠯᠡᠭᠰᠡᠨ ᠴᠠᠭ᠄
2018/11/5
    ᠡᠵᠡᠨ᠎ᠡ ᠬᠤᠰᠢᠭᠤᠨ ᠤ ᠵᠠᠰᠠᠭ ᠤᠨ ᠣᠷᠳᠣᠨ ᠠᠷᠠᠳ ᠤᠨ ᠠᠮᠢᠳᠣᠷᠠᠯ ᠢ ᠦᠷᠭᠦᠯᠵᠢᠯᠡᠨ ᠪᠠᠲᠣᠯᠠᠨ ᠰᠠᠶᠢᠵᠢᠷᠠᠭᠤᠯᠬᠤ ᠡᠭᠦᠲᠡᠨ ᠠᠴᠠ ᠵᠢᠯ ᠤᠨ ᠡᠬᠢᠨ ᠳᠤ ᠠᠷᠠᠳ ᠲᠤ ᠠᠮᠠᠯᠳᠣᠠᠨᠰᠠᠨ 8 ᠪᠣᠲᠡᠲᠦ ᠶᠠᠪᠣᠳᠠᠯ ᠤᠨ ᠢᠶᠠᠨ 4 ᠶᠢ ᠨᠢ ᠨᠢᠭᠡᠨᠲᠡ ᠪᠡᠶᠡᠯᠡᠭᠦᠯᠦᠭᠰᠡᠨ ᠪᠠᠶᠢᠨ᠎ᠠ᠃           ᠨᠢᠭᠡᠨᠳᠠ ᠪᠡᠶᠡᠯᠡᠬᠦᠯᠦᠭᠰᠡᠨ 4 ᠪᠣᠲᠡᠲᠦ ᠶᠠᠪᠣᠳᠠᠯ ᠪᠤᠯ᠂ ᠪᠦᠬᠦ ᠬᠤᠰᠢᠭᠤᠨ ᠤ ᠰᠣᠷᠭᠠᠭᠤᠯᠢ ᠳᠤ ᠰᠠᠭᠤᠭ᠎ᠠ ᠰᠣᠷᠣᠠᠨᠴᠢᠳ ︵ᠴᠡᠴᠡᠷᠯᠢᠭ ᠤᠨ ᠬᠡᠦᠬᠡᠳ ᠪᠠᠭᠳᠠᠨ᠎ᠠ︶ ᠢ ᠣᠷᠣᠯᠠᠨ ᠬᠤᠲᠡ ᠪᠠᠯᠭᠠᠰᠣᠨ ᠤ ᠰᠠᠭᠤᠭᠠᠯᠢ ᠠᠷᠠᠳ ᠤᠨ ᠡᠮᠨᠡᠯᠭᠡ ᠶᠢᠨ ᠳᠠᠭᠠᠳᠬᠠᠯ ᠲᠣᠰᠢᠶᠠᠬᠤ᠂ ᠨᠡᠶᠢᠬᠡᠮ ᠲᠣᠭᠤᠷᠢᠭ᠂ ᠭᠠᠯᠲᠦ ᠲᠡᠷᠭᠡᠨ ᠦᠷᠲᠡᠭᠡ᠂ ᠨᠣᠮ ᠤᠨ ᠰᠠᠩ ᠵᠡᠷᠭᠡ ᠣᠯᠠᠨ ᠨᠡᠶᠢᠲᠡ ᠶᠢᠨ ᠲᠡᠯᠡᠪᠣᠷ ᠲᠤ ᠡᠯᠧᠺᠲᠷᠦᠨ ᠣᠩᠰᠢᠯᠭ᠎ᠠ ᠶᠢᠨ ᠮᠠᠰᠢᠨ ᠣᠠᠨᠰᠠᠷᠠᠬᠤ᠂ ᠬᠤᠰᠢᠭᠤᠨ ᠲᠦᠪ ᠤᠨ ᠵᠡᠭᠦᠨ ᠡᠮᠣᠨ᠎ᠡ ᠦᠨᠴᠦᠭ ᠲᠠᠬᠢ ᠪᠣᠲᠡ ᠮᠣᠳᠣᠨ ᠤ ᠣᠢ ᠶᠢᠨ ᠭᠠᠵᠠᠷ ᠢ ᠵᠠᠰᠠᠨ ᠴᠢᠮᠡᠭᠯᠨᠵᠦ᠂ ᠰᠡᠯᠡᠭᠦᠴᠡᠯ᠂ ᠵᠤᠭ᠎ᠠ ᠴᠠᠩᠭᠡᠯ ᠪᠠ ᠪᠡᠶ᠎ᠡ ᠴᠡᠬᠢᠷᠬᠠᠵᠢᠭᠤᠯᠬᠤ ᠵᠡᠷᠭᠡ ᠴᠢᠳᠠᠮᠵᠢ ᠶᠢ ᠨᠢᠭᠡᠳᠬᠡᠭᠰᠡᠨ ᠬᠤᠲᠡ ᠶᠢᠨ ᠴᠡᠴᠡᠷᠯᠢᠭ ᠪᠣᠯᠭᠠᠨ ᠪᠠᠶᠢᠭᠤᠯᠬᠤ᠂ ᠬᠤᠰᠢᠭᠤᠨ ᠤ ᠡᠳᠣᠷ ᠲᠣᠲᠣᠮ ᠤᠨ ᠭᠡᠷᠡᠭᠯᠠᠭᠡᠨ ᠤ ᠪᠣᠳᠠᠰ ᠢ ᠡᠩ ᠤᠨ ᠦᠨ᠎ᠡ ᠪᠠᠷ ᠲᠣᠬᠢᠷᠠᠭᠤᠯᠣᠨ ᠬᠦᠷᠭᠡᠬᠦ ᠲᠦᠪ ᠲᠤ ᠲᠦᠰᠢᠭᠯᠡᠨ᠂ ᠬᠦᠳᠡᠭᠡ ᠲᠣᠰᠬᠤᠨ ᠮᠠᠯᠵᠢᠬᠤ ᠣᠷᠣᠨ ᠳᠠᠬᠢ ᠣᠶᠢᠯᠠᠴᠢᠯᠠᠭᠡᠨ ᠤ ᠪᠦᠷᠬᠦᠴᠨ ᠶᠢ ᠦᠷᠭᠡᠤᠠᠭᠡᠬᠦ ᠵᠡᠷᠭᠡ ᠪᠠᠭᠳᠠᠵᠦ ᠪᠤᠢ᠃          ᠦᠯᠡᠳᠡᠭᠰᠡᠨ 4 ᠪᠣᠳᠡᠲᠦ ᠶᠠᠪᠣᠳᠠᠯ ᠤᠨ ᠲᠣᠲᠣᠷ᠎ᠠ ᠠᠴᠠ ᠬᠤᠰᠢᠭᠤᠨ ᠤ ᠬᠢᠯᠢ ᠬᠢᠵᠠᠭᠠᠷ ᠢᠶᠠᠨ ᠰᠡᠭᠢᠵᠦ ᠪᠠᠶᠢᠭ᠎ᠠ 104 ᠮᠠᠯᠴᠢᠨ ᠡᠷᠦᠭᠡ ᠶᠢᠨ ᠠᠮᠢᠳᠣᠷᠠᠯ ᠤᠨ ᠨᠦᠬᠦᠪᠦᠷᠢ ᠶᠢᠨ ᠪᠠᠷᠢᠮᠵᠢᠶ᠎ᠠ ᠶᠢ ᠣᠦᠯ ᠤᠨ ᠰᠠᠭᠤᠷᠢᠨ ᠳᠡᠭᠡᠷ᠎ᠡ ᠨᠢ 5000 ᠲᠦᠭᠦᠷᠢᠭ ᠪᠣᠯᠭᠠᠨ ᠦᠰᠭᠡᠬᠦ ᠪᠠ 45 ᠨᠠᠰᠣᠨ ᠠᠴᠠ ᠳᠡᠭᠡᠭᠰᠢᠬᠢ ᠰᠨ ᠡᠪᠡᠳᠴᠢᠨ ᠲᠣᠰᠬᠤ ᠠᠶᠣᠯ ᠲᠠᠢ ᠬᠦᠮᠦᠰ ᠢ ᠦᠨ᠎ᠡ ᠲᠦᠯᠦᠪᠦᠷᠢ ᠦᠭᠡᠢ ᠰᠢᠭᠰᠢᠨ ᠪᠠᠶᠢᠴᠠᠭᠠᠬᠤ ᠵᠡᠷᠭᠡ 2 ᠪᠣᠳᠠᠲᠦ ᠶᠠᠪᠣᠳᠠᠯ ᠨᠢ ᠨᠢᠭᠡᠨᠲᠡ ᠨᠠᠶᠢᠳᠠᠪᠣᠷᠢᠵᠢᠭᠤᠯᠣᠯᠲᠡ ᠶᠢᠨ ᠱᠠᠳᠣᠨ ᠳᠠᠭᠠᠨ ᠣᠷᠣᠵᠣ᠂ ᠨᠦᠬᠦᠭᠡ 2 ᠪᠣᠳᠡᠲᠦ ᠶᠠᠪᠣᠳᠠᠯ ᠤᠳᠤᠬᠠᠨ ᠶᠠᠭ ᠤᠷᠤᠭᠰᠢᠳᠡᠢ ᠶᠠᠪᠤᠭᠳᠠᠵᠦ ᠪᠠᠶᠢᠨ᠎ᠠ᠃
 
ᠢᠷᠡᠯᠲᠡ᠄ ᠠᠯᠠᠱᠠ ᠶᠢᠨ ᠮᠤᠩᠭᠤᠯ ᠰᠦᠯᠵᠢᠶ᠎ᠠ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号